ᠨᠣᠳᠤᠭ ᠤᠨ ᠰᠢᠷ᠎ᠠ ᠮᠠᠩᠬᠠᠨ ᠳᠠᠬᠢ ᠬᠦᠰᠡᠯ ᠤᠨ ᠨᠣᠮᠢᠨ ᠬᠠᠶ᠋ᠢᠭ
ᠨᠡᠶᠢᠲᠡᠯᠡᠭᠰᠡᠨ ᠴᠠᠭ᠄
2016/10/10
        ᠲᠠᠪᠢᠨ ᠨᠠᠰᠤ ᠶᠢ ᠤᠮᠤᠬᠲᠠᠢ ᠲᠤᠭᠤᠯᠵᠤ᠂ ᠵᠢᠷᠠᠨ ᠨᠠᠰᠤ ᠪᠠᠨ ᠲᠤᠮᠤᠭ ᠲᠠᠢ ᠪᠢᠴᠢᠭᠯᠡᠵᠤ ᠶᠠᠪᠤᠭ᠎ᠠ ᠠᠪᠠᠭ᠎ᠠ ᠬᠤᠰᠢᠭᠤᠨ ᠤ ᠬᠤᠩᠭᠤᠷᠭᠤᠤᠯ ᠪᠠᠯᠭᠠᠰᠤᠨ ᠤ ᠪᠠᠶᠠᠨᠭᠤᠤᠯ ᠭᠠᠴᠠᠭ᠎ᠠ ᠶᠢᠨ ᠵᠢᠱᠢᠶᠡᠴᠢ ᠮᠠᠯᠴᠢᠨ ᠫᠢ᠊ · ᠴᠡᠷᠢᠨᠪᠠᠳᠤ ᠬᠡᠪᠡᠯ ᠨᠤᠳᠤᠭ ᠤᠰᠤᠨ ᠤ ᠬᠢᠨᠢ ᠪᠦᠷ ᠰᠠᠶᠢᠨ ᠮᠡᠳᠡᠳᠡᠭ᠃ ᠲᠡᠷᠠ ᠠᠵᠢᠯ ᠬᠢᠳᠡᠯ ᠳᠤ ᠴᠠᠭᠠᠷᠠᠵᠤ ᠶᠠᠭᠤᠮ᠎ᠠ ᠪᠦᠬᠦᠨ ᠳᠤ ᠮᠡᠷᠭᠡᠰᠢᠭᠰᠡᠨ ᠶᠤᠰᠤᠲᠠᠢ ᠴᠤ ᠨᠢᠬᠡ ᠬᠤᠷᠸ᠎ᠠ ᠶᠢ ᠡᠵᠡᠮᠳᠡᠬᠦ ᠤᠬᠠᠭᠠᠨ ᠳᠠᠭᠠᠨ ᠲᠦᠮᠡᠨ ᠳᠦᠯᠬᠢᠬᠦᠷ ᠠᠳᠬᠤᠬᠰᠡᠨ ᠠᠵᠢᠯᠴᠢ ᠪᠤᠷᠤᠬᠵᠢᠭᠤᠨ᠂ ᠪᠤᠰᠤᠳ ᠲᠤ ᠳᠤᠰᠠᠷᠬᠠᠭ᠂ ᠤᠬᠠᠭᠠᠨ ᠰᠠᠮᠪᠠᠭ᠎ᠠ ᠴᠢᠳᠠᠪᠤᠷᠢ ᠬᠡᠳᠦ᠋ᠢᠳᠦᠭᠰᠡᠨ ᠮᠠᠯᠴᠢᠨ ᠬᠦᠮᠦᠠ ᠪᠢᠯᠡ᠃   ᠡᠪᠡᠰᠤ ᠨᠤᠭᠤᠭ᠎ᠠ ᠬᠦᠬᠡᠷᠡᠡ ᠨᠤᠭᠤᠭᠠᠷᠠᠵᠥ ᠪᠠᠶᠢᠭ᠎ᠠ ᠬᠠᠪᠤᠷ ᠤᠨ ᠨᠢᠬᠡᠡ ᠡᠳᠤᠷ᠂ ᠫᠢ᠊ · ᠴᠡᠷᠢᠨᠪᠠᠲᠤ ᠶᠢᠨ ᠳᠤ ᠬᠦᠷᠦᠭᠰᠡᠡ ᠳᠤ ᠬᠡᠷ ᠲᠡᠭᠡᠨ ᠪᠠᠶᠢᠭᠰᠠᠠ ᠦᠬᠡᠢ᠂ ᠠᠷᠪᠠᠭᠠᠳ ᠵᠢᠯ ᠤᠨ ᠬᠦᠴᠤ ᠬᠦᠳᠡᠯᠮᠤᠷᠢ ᠵᠠᠷᠤᠴᠠᠭᠤᠯᠵᠤ ᠪᠠᠶᠢᠭᠠᠳ ᠠᠷᠠᠢ ᠴᠢᠮᠠᠢ ᠨᠤᠬᠳᠤᠯᠵᠤ ᠠᠪᠤᠬᠰᠡᠨ ᠡᠯᠡᠰᠤᠨ ᠲᠤᠪᠤ ᠲᠡᠬᠡᠷ᠎ᠠ ᠪᠠᠨ ᠪᠠᠶᠢᠨ᠎ᠠ ᠬᠡᠰᠠᠠ ᠰᠤᠷᠠᠭ ᠢᠶᠠᠷ ᠬᠤᠶᠢᠨ᠎ᠠ ᠠᠴᠠ ᠨᠢ ᠬᠦᠷᠪᠠᠯ᠂ ᠲᠡᠷᠠ ᠵᠢᠬᠡ ᠬᠦᠤ ᠪᠦᠷᠢᠨᠰᠤᠶᠤᠯ᠂ ᠵᠢᠬᠡ ᠤᠮᠪᠤᠯᠤ ᠰᠤᠳᠤᠨᠵᠤᠯᠠ ᠲᠠᠢ ᠪᠠᠨ ᠭᠤᠷᠪᠠᠭᠤᠯᠠ ᠡᠯᠡᠰᠤ ᠶᠢ ᠲᠤᠬᠲᠠᠪᠤᠷᠢᠵᠢᠭᠤᠯᠬᠤ ᠪᠠᠷ ᠡᠯᠡᠰᠤᠠ ᠯᠤᠤᠪᠠᠩ ᠲᠡᠷᠢᠭᠠᠳ ᠶᠠᠭᠠᠷᠠᠵᠥ ᠪᠠᠶᠢᠯ᠎ᠠ᠃ ᠫᠢ᠊ · ᠴᠡᠷᠢᠨᠪᠠᠳᠤ ᠠᠷᠪᠠᠭᠠᠳ ᠵᠢᠯ ᠤᠨ ᠡᠮᠤᠨ᠎ᠡ ᠨᠤᠳᠤᠭ ᠪᠡᠯᠴᠢᠭᠡᠷ ᠲᠡᠭᠡᠨ ᠲᠤᠬᠢᠷᠠᠭᠤᠯᠤᠯᠲᠠ ᠬᠢᠵᠤ᠂ ᠪᠤᠭ ᠮᠠᠯ ᠢᠶᠠᠨ ᠪᠦᠬᠦᠨ ᠢ ᠰᠢᠢᠳᠪᠤᠷᠢᠯᠡᠨ᠂ ᠦᠬᠡᠷ ᠮᠠᠯᠵᠢᠬᠤ ᠪᠠᠷ ᠵᠤᠷᠢᠭ ᠰᠢᠭᠤᠳᠤᠭᠰᠠᠠ ᠪᠤᠯᠪᠠᠴᠤ ᠨᠤᠳᠤᠭ ᠪᠡᠯᠴᠢᠬᠡᠷ ᠤᠨ ᠠᠰᠠᠭᠤᠳᠠᠯ ᠠᠴᠠ ᠪᠤᠯᠵᠥ ᠦᠬᠡᠷ ᠤᠨ ᠢᠶᠠᠨ ᠲᠤᠭ᠎ᠠ ᠲᠤᠯᠤᠭᠠᠢ ᠶᠢ ᠨᠠᠮᠡᠭᠳᠡᠬᠦᠯᠬᠦ ᠶᠢᠨ ᠠᠷᠭ᠎ᠠ ᠦᠬᠡᠢ ᠪᠠᠶᠢᠯ᠎ᠠ᠃ ᠢᠡᠭᠬᠢᠬᠡᠳ ᠲᠡᠷᠠ ᠪᠤᠰᠤᠳ ᠤᠨ ᠨᠤᠳᠤᠭ ᠢ ᠳᠤᠷᠢᠶᠠᠰᠤᠯᠠᠨ᠂ ᠰᠤᠪᠳᠠᠭ ᠤᠳᠤᠷ ᠶᠠᠪᠤᠬᠤ ᠵᠡᠷᠬᠡ ᠠᠷᠭ᠎ᠠ ᠶᠢ ᠵᠤᠬᠢᠴᠠᠭᠤᠯᠤᠨ ᠮᠠᠯᠵᠢᠬᠤ ᠦᠢᠯᠡᠳᠪᠤᠷᠢᠯᠠᠯ ᠢᠶᠠᠨ ᠬᠦᠭᠵᠢᠬᠦᠯᠬᠦ ᠶᠢᠨ ᠵᠠᠷᠬᠡᠪᠡᠷ ᠤᠢᠢᠷ᠎ᠠ ᠬᠠᠪᠢ ᠶᠢᠨ ᠢᠶᠠᠨ ᠲᠠᠪᠤᠨ ᠵᠠᠭᠤ ᠭᠠᠷᠤᠢ ᠮᠤ᠋ ᠡᠯᠡᠰᠦᠷᠭᠡᠭᠵᠢᠭᠰᠡᠨ ᠭᠠᠵᠠᠷ ᠢ ᠵᠠᠰᠠᠬᠤ ᠪᠠᠷ ᠰᠢᠷ᠎ᠠ ᠪᠤᠷᠭᠠᠰᠤ᠂ ᠬᠦᠷᠡᠩ ᠪᠤᠷᠭᠠᠰᠤ᠂ ᠠᠯᠲᠠᠨ ᠬᠠᠷᠭᠠᠨ᠎ᠠ᠂ ᠴᠢᠴᠠᠷᠭᠠᠨ᠎ᠠ᠂ ᠤᠳᠠ ᠤᠯᠢᠶᠠᠰᠤ᠂ ᠪᠤᠲᠠᠯᠢᠭ ᠤᠷᠭᠤᠮᠠᠯ ᠬᠢᠬᠡᠳ ᠡᠯᠡᠰᠤᠠ ᠯᠤᠤᠪᠠᠩ ᠢ ᠵᠢᠯ ᠵᠢᠯ ᠵᠤᠭᠰᠤᠯᠳᠠ ᠦᠬᠡᠢ ᠪᠠᠭ᠎ᠠ ᠪᠠᠭ᠎ᠠ ᠪᠠᠷ ᠨᠠᠮᠠᠵᠥ ᠲᠡᠷᠢᠬᠰᠠᠭᠠᠷ ᠢᠷᠠᠵᠡᠢ᠃ ᠤᠳᠠ᠂ ᠤᠯᠢᠶᠠᠰᠤ᠂ ᠰᠢᠷ᠎ᠠ ᠪᠤᠷᠭᠠᠰᠤ ᠵᠡᠷᠭᠡ ᠭᠤᠷᠪᠠᠨ ᠵᠦᠢᠯ ᠤᠨ ᠴᠢᠬᠢ ᠮᠤᠳᠤ ᠨᠢ ᠨᠢᠭᠡᠨᠳᠡ ᠬᠦᠮᠤᠨ ᠠᠴᠠ ᠦᠨᠳᠤᠷ ᠤᠷᠭᠤᠵᠥ᠂ ᠲᠠᠪᠤᠨ ᠵᠠᠭᠤ ᠭᠠᠷᠤᠢ ᠮᠤ᠋ ᠡᠯᠡᠰᠦᠷᠬᠡᠭᠵᠢᠭᠰᠡᠨ ᠭᠠᠵᠠᠷ ᠤᠨ 70% ᠭᠠᠷᠤᠢ ᠨᠢ ᠨᠢᠬᠡᠨᠳᠡ ᠤᠢᠢᠵᠢᠨ ᠰᠡᠷᠭᠦᠵᠤ᠂ 30% ᠤᠷᠴᠢᠮ ᠤᠨ ᠡᠯᠡᠰᠤᠨ ᠲᠤᠯᠤᠭᠠᠳ ᠲᠤᠨᠢ ᠡᠯᠡᠰᠤᠠ ᠯᠤᠤᠪᠠᠩ ᠲᠠᠷᠢᠵᠤ ᠨᠤᠭᠤᠭᠠᠷᠠᠭᠤᠯᠤᠬᠰᠡᠨ ᠪᠠᠶᠢᠨ᠎ᠠ᠃ ᠫᠢ᠊ · ᠴᠡᠷᠢᠨᠪᠠᠳᠤ ᠶᠢᠨ ᠲᠡᠨᠢᠯᠴᠠᠭᠤᠯᠬᠤ ᠪᠠᠷ᠂ ᠡᠯᠡᠰᠤᠠ ᠯᠤᠤᠪᠠᠩ ᠭᠡᠳᠡᠭ ᠤᠷᠭᠤᠮᠠᠯ ᠨᠢᠴᠤᠭᠦᠨ ᠬᠠᠯᠴᠠᠭᠠᠢ ᠡᠯᠡᠰᠤ ᠬᠤᠷᠠᠨ ᠴᠤᠬᠯᠠᠷᠠᠬᠰᠡᠨ ᠭᠠᠵᠠᠷ ᠲᠤ ᠰᠠᠶᠢᠨ ᠵᠠᠯᠠᠯᠠᠨ ᠤᠷᠭᠤᠳᠠᠭ ᠮᠦᠷᠳᠡᠬᠡᠡ ᠡᠯᠡᠰᠤ ᠨᠢ ᠲᠤᠬᠲᠠᠪᠤᠷᠢᠵᠢᠨ ᠠᠮᠢ ᠠᠬᠤᠢ ᠨᠢ ᠰᠠᠶᠢᠵᠢᠷᠠᠬᠤ ᠶᠢ ᠲᠡᠭᠠᠯᠳᠤᠠ ᠡᠯᠡᠰᠤᠠ ᠯᠤᠤᠪᠠᠩ ᠤᠨ ᠤᠷᠭᠤᠯᠲᠠ ᠨᠢ ᠮᠠᠭᠤᠵᠢᠷᠠᠨ ᠮᠦᠬᠦᠵᠤ ᠰᠦᠨᠤᠳᠡᠭ ᠨᠢᠬᠡ ᠵᠦᠢᠯ ᠤᠨ ᠤᠨᠴᠠᠭᠠᠢ ᠤᠷᠭᠤᠮᠠᠯ ᠬᠡᠨ᠎ᠠ᠃ ᠡᠯᠡᠰᠤᠠ ᠯᠤᠤᠪᠠᠩ ᠨᠢ ᠬᠦᠮᠡᠯᠢ᠂ ᠭᠤᠭᠤᠤᠨ᠂ ᠲᠠᠭᠠᠨ᠎ᠠ᠂ ᠬᠠᠯᠠᠭᠠᠢ ᠠᠴᠠ ᠴᠤ ᠳᠠᠪᠠᠭᠤᠯᠢᠭ ᠰᠢᠮ᠎ᠡ ᠲᠡᠵᠢᠭᠡᠯ ᠪᠠ ᠤᠭᠤᠷᠠᠭ ᠢ ᠪᠦᠷᠢᠯᠳᠤᠭᠦᠯᠦᠭᠰᠡᠨ ᠢᠶᠠᠷ ᠡᠨᠡ ᠨᠤᠳᠤᠭ ᠤᠨ ᠬᠦᠮᠦᠰ ᠪᠤᠤᠽᠢ᠂ ᠪᠡᠩᠰᠢ ᠶᠢᠨ ᠵᠠᠭᠤᠰᠢ ᠬᠢᠵᠤ ᠢᠳᠡᠭᠦ ᠪᠤᠶᠤ ᠳᠠᠪᠤᠰᠤᠯᠠᠵᠤ ᠢᠳᠡᠳᠡᠭ ᠬᠡᠨ᠎ᠠ᠃ ᠫᠢ᠊ · ᠴᠡᠷᠢᠨᠪᠠᠳᠤ ᠡᠯᠡᠰᠤᠠ ᠯᠤᠤᠪᠠᠩ ᠤᠨ ᠡᠨᠡᠬᠦ ᠤᠨᠴᠠᠭᠠᠢ ᠲᠡᠪᠠᠭᠤᠯᠢᠭ ᠢ ᠨᠢ ᠠᠰᠢᠭᠯᠠᠠ ᠡᠯᠡᠰᠤ ᠮᠠᠩᠬ᠎ᠠ ᠪᠠᠨ ᠲᠤᠭᠳᠠᠪᠤᠷᠢᠵᠢᠭᠤᠯᠤᠨ ᠨᠤᠭᠤᠭᠠᠷᠠᠭᠠᠤᠯᠬᠤ ᠶᠢᠨ ᠵᠡᠷᠬᠡᠪᠡᠷ ᠡᠨᠡ ᠬᠡᠳᠤᠠ ᠵᠢᠯ ᠪᠤᠯᠪᠠᠰᠤᠷᠠᠭᠰᠠᠠ ᠡᠯᠡᠰᠤᠠ ᠯᠤᠤᠪᠠᠩ ᠢᠶᠠᠨ ᠤᠢᠢᠷ᠎ᠠ ᠵᠡᠷᠭᠡᠯᠡᠳᠡᠭᠡ ᠬᠤᠲᠠ ᠤᠰᠤ᠂ ᠰᠤᠮᠤ ᠭᠠᠴᠠᠭᠠᠨ ᠤ ᠨᠠᠶᠢᠵᠠ ᠨᠦᠬᠦᠳ᠂ ᠰᠠᠳᠤᠨ ᠲᠦᠷᠤᠯ ᠤᠨ ᠬᠢᠨ ᠳᠡᠭᠡᠨ ᠪᠡᠯᠡᠭ ᠪᠤᠯᠭᠠᠨ ᠬᠦᠷᠭᠡᠬᠦ ᠪᠠᠷ ᠲᠡᠮᠵᠢᠠ ᠨᠠᠩ ᠤᠯᠠᠨ ᠬᠦᠮᠦᠰ ᠲᠤ ᠡᠯᠡᠰᠤᠠ ᠯᠤᠤᠪᠠᠩ ᠤᠨ ᠬᠡᠷᠡᠭᠴᠡᠭᠡ ᠦᠢᠯᠡᠳᠤᠯ ᠢ ᠲᠡᠨᠢᠭᠤᠯᠵᠥ᠂ ᠲᠡᠷᠠᠭᠠᠴᠢ ᠪᠠᠷ ᠬᠦᠮᠡᠯᠢ ᠶᠢ ᠬᠠᠯᠠᠭᠠᠢ ᠲᠠᠢ ᠠᠳᠠᠯᠢ ᠪᠠᠷ ᠵᠠᠬ᠎ᠠ ᠳᠡᠯᠭᠡᠭᠦᠷ ᠲᠤ ᠤᠷᠤᠭᠤᠯᠬᠤ ᠪᠠᠷ ᠴᠢᠷᠮᠠᠶᠢᠵᠡᠢ᠃ ᠲᠡᠬᠦᠠ ᠤ ᠴᠢᠷᠮᠠᠶᠢᠯᠭ᠎ᠠ ᠬᠤᠭᠤᠰᠤᠳᠠᠭᠰᠠᠠ ᠦᠬᠡᠢ᠂ ᠪᠠᠶᠢᠭᠠᠯᠢᠯᠢᠬ ᠢ ᠡᠷᠬᠢᠮᠯᠠᠵᠥ ᠪᠠᠶᠢᠭ᠎ᠠ ᠤᠳᠤ ᠶᠢᠨ ᠵᠠᠬ᠎ᠠ ᠲᠡᠯᠬᠡᠬᠦᠷ ᠲᠡᠬᠡᠷ᠎ᠠ ᠡᠯᠡᠰᠤᠠ ᠯᠤᠤᠪᠠᠩ ᠤᠨ ᠬᠡᠷᠡᠭᠴᠡᠭᠡ ᠦᠢᠯᠡᠳᠤᠯ ᠤᠯᠠᠮ ᠢᠶᠠᠷ ᠲᠡᠨᠢᠭᠳᠡᠵᠥ᠂ ᠵᠠᠷᠢᠮ ᠮᠤᠩᠭᠤᠯ ᠬᠤᠭᠤᠯᠠᠠ ᠬᠡᠷ ᠡᠵᠡᠩᠨᠡᠵᠥ ᠪᠠᠶᠢᠭ᠎ᠠ ᠪᠤᠶᠤ ᠵᠤᠭᠠᠴᠠᠯ ᠤᠨ ᠭᠠᠵᠡᠷ ᠡᠷᠬᠢᠯᠡᠵᠥ ᠪᠠᠶᠢᠭ᠎ᠠ ᠬᠦᠮᠦᠰ ᠵᠠᠬᠢᠶᠠᠯᠠᠬᠤ ᠪᠤᠶᠤ ᠲᠤᠰᠬᠠᠢ ᠢᠷᠡᠵᠤ ᠡᠯᠡᠰᠤᠠ ᠯᠤᠤᠪᠠᠩ ᠬᠤᠳᠠᠯᠳᠤᠠ ᠠᠪᠴᠤ ᠪᠠᠶᠢᠨ᠎ᠠ᠃ ᠮᠠᠯᠴᠢᠨ ᠫᠢ᠊ · ᠴᠡᠷᠢᠨᠪᠠᠳᠤ ᠶᠢᠨ ᠠᠷᠪᠠᠭᠠᠳ ᠵᠢᠯ ᠤᠨ ᠬᠦᠴᠤ ᠬᠦᠯᠤᠰᠤ ᠲᠠᠯᠠᠭᠠᠷ ᠤᠷᠤᠰᠤᠬᠰᠡᠨ ᠦᠬᠡᠢ ᠲᠡᠷᠠ ᠡᠯᠡᠰᠤ ᠮᠠᠩᠬ᠎ᠠ ᠪᠠᠨ ᠨᠤᠭᠤᠭᠠᠷᠠᠭᠤᠯᠵᠥ ᠠᠮᠢ ᠠᠬᠤᠢ ᠪᠠᠨ ᠰᠠᠶᠢᠵᠢᠷᠠᠭᠤᠯᠵᠥ ᠴᠢᠳᠠᠭᠰᠠᠠ ᠢᠶᠠᠷ ᠪᠠᠷᠠᠬᠤ ᠦᠬᠡᠢ ᠪᠠᠰᠠ ᠠᠵᠥ ᠠᠬᠤᠢ ᠶᠢᠨ ᠦᠷ᠎ᠠ ᠠᠰᠢᠭ ᠬᠦᠷᠳᠡᠬᠦ ᠪᠤᠯᠵᠥ᠂ ᠲᠡᠭᠦᠨ ᠤ ᠨᠤᠭᠤᠭᠠᠨ ᠬᠦᠰᠡᠯ ᠨᠢ ᠮᠠᠩᠬᠠᠨ ᠨᠤᠳᠤᠭ ᠤᠨ ᠢᠶᠠᠨ ᠦᠷᠤᠴᠡᠨ ᠳᠤ ᠲᠡᠷᠭᠡᠯᠰᠢᠨ ᠲᠡᠷᠭᠡᠯᠰᠢᠭᠰᠡᠭᠡᠷ ᠁    ᠫᠢ᠊ · ᠴᠡᠷᠢᠨᠪᠠᠲᠤ ᠬᠡᠵᠥ ᠪᠠᠰᠠ ᠤᠯᠠᠠ ᠠᠷᠪᠢᠠ ᠠᠪᠢᠶᠠᠰ ᠴᠢᠳᠠᠪᠤᠷᠢ ᠲᠠᠢ ᠬᠦᠮᠤᠨ᠃ ᠲᠡᠷᠠ ᠵᠠᠯᠠᠭᠤ ᠽᠠᠨᠳᠠᠨ ᠨᠠᠰᠤᠨ ᠳᠠᠭᠠᠨ ᠨᠤᠳᠤᠭ ᠤᠨ ᠢᠶᠠᠨ ᠵᠠᠩᠬᠢᠶᠠᠳᠤ ᠪᠦᠬᠡ᠂ ᠤᠷᠭ᠎ᠠ ᠠᠳᠬᠤᠬᠰᠡᠨ ᠠᠳᠤᠭᠤᠴᠢᠨ᠂ ᠵᠠᠯᠠᠭᠤᠷ ᠪᠠᠷᠢᠬᠰᠡᠨ ᠵᠢᠯᠤᠭᠤᠴᠢ ᠶᠢᠨ ᠠᠵᠢᠯ ᠵᠡᠷᠭᠡ ᠶᠢ ᠬᠢᠵᠤ ᠪᠠᠶᠢᠬᠰᠡᠨ ᠦᠩᠭᠡᠷᠡᠯᠲᠠ ᠲᠠᠢ ᠪᠠᠷ ᠪᠠᠷᠠᠬᠤ ᠦᠬᠡᠢ ᠡᠷ᠎ᠠ ᠲᠤᠮᠳᠠ ᠶᠢᠨ ᠨᠠᠰᠤᠨ ᠳᠠᠭᠠᠨ ᠪᠠᠰᠠ ᠨᠡᠷᠡᠳᠤ ᠳᠠᠭᠤᠴᠢᠨ ᠢᠶᠠᠷ ᠴᠤᠯᠠᠯᠠᠬᠳᠠᠵᠤ᠂ ᠲᠠᠪᠢᠨ ᠨᠠᠰᠤᠨ ᠠᠴᠠ ᠪᠠᠨ ᠡᠬᠢᠯᠡᠡ ᠤᠷᠠᠨ ᠲᠠᠷᠬᠠᠨ ᠤ ᠠᠪᠢᠶᠠᠰ ᠴᠢᠳᠠᠪᠤᠷᠢ ᠪᠠᠨ ᠪᠠᠳᠠᠷᠠᠭᠤᠯᠵᠥ ᠮᠦᠩᠭᠦᠨ ᠡᠮᠡᠭᠡᠯ ᠬᠠᠵᠠᠭᠠᠷ ᠲᠦᠬᠦᠭᠡᠷᠬᠦ᠂ ᠬᠠᠵᠠᠭᠠᠷ ᠨᠤᠬᠳᠤ ᠵᠠᠩᠭᠢᠳᠤᠨ᠂ ᠴᠢᠳᠤᠷ ᠮᠤᠰᠬᠢᠳᠠᠭ ᠢᠶᠠᠷ ᠢᠶᠠᠨ ᠤᠯᠠᠨ ᠳᠠᠶᠠᠭᠠᠷ ᠲᠤ ᠲᠠᠨᠢᠬᠳᠠᠨ᠂ ᠠᠪᠠᠭ᠎ᠠ ᠮᠦᠽᠸᠢ ᠶᠢᠨ ᠲᠤᠰᠬᠠᠢ ᠬᠡᠰᠢᠬᠦᠨ ᠢᠶᠠᠷ ᠡᠯᠰᠡᠭᠳᠡᠵᠥ᠂ ᠠᠪᠠᠭ᠎ᠠ ᠮᠦᠽᠸᠢ ᠳᠤ ᠮᠠᠯᠵᠢᠬᠤ ᠰᠤᠶᠤᠯ ᠲᠠᠢ ᠬᠤᠯᠪᠤᠬᠳᠠᠬᠰᠡᠨ ᠵᠠᠭᠤ ᠭᠠᠷᠤᠢ ᠲᠦᠷᠤᠯ ᠤᠨ ᠰᠤᠷ ᠡᠳ᠋ᠯᠡᠯ ᠢ ᠤᠷᠠᠯᠠᠵᠥ ᠬᠢᠬᠡᠳ ᠠᠪᠠᠭ᠎ᠠ ᠨᠤᠳᠤᠭ ᠤᠨ ᠢᠶᠠᠨ ᠮᠠᠯᠵᠢᠬᠤ ᠰᠤᠶᠤᠯ ᠢ ᠬᠠᠮᠠᠭᠠᠯᠠᠠ ᠤᠯᠠᠮᠵᠢᠯᠠᠬᠤ ᠳᠤ ᠦᠪᠡᠷ ᠤᠨ ᠬᠡᠰᠠᠠ ᠬᠤᠪᠢ ᠨᠠᠮᠠᠷᠢ ᠪᠠᠨ ᠬᠠᠨᠳᠢᠪᠯᠠᠵᠥ ᠶᠠᠪᠤᠭ᠎ᠠ ᠮᠠᠯᠴᠢᠠ ᠬᠦᠮᠦᠠ᠃  
 
ᠢᠷᠡᠯᠲᠡ᠄ ᠠᠶᠢᠮᠠᠭ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号