ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠤᠯᠤᠰ ᠲᠦᠷᠦ ᠶᠢᠨ ᠵᠦᠪᠯᠡᠯᠡᠭᠡᠨ ᠤ ᠭᠡᠰᠢᠭᠦᠨ ᠦᠷᠴᠠᠶᠢᠬᠤ ᠠᠴᠠ ᠰᠢᠨᠬᠤᠸᠠ ᠮᠤᠩᠭᠤᠯ ᠨᠤᠲ ᠲᠤ ᠦᠭᠭᠦᠭᠰᠡᠨ ᠶᠠᠷᠢᠯᠴᠠᠯᠭ᠎ᠠ
ᠨᠡᠶᠢᠲᠡᠯᠡᠭᠰᠡᠨ ᠴᠠᠭ᠄
2016/10/11
    ᠰᠢᠨᠬᠤᠸᠠ ᠮᠤᠩᠭᠤᠯ ᠨᠤᠲ ᠬᠦᠬᠡᠬᠤᠲᠠ ᠶᠢᠨ 1 ᠰᠠᠷ᠎ᠠ ᠶᠢᠨ 31 ᠤ ᠡᠳᠦᠷ ᠤᠨ ᠴᠠᠬᠢᠯᠭᠠᠨ ᠮᠡᠳᠡᠭᠡ ︵ᠰᠠᠷᠠᠨᠲᠦᠶᠠᠭ᠎ᠠ︶ 1 ᠰᠠᠷ᠎ᠠ ᠶᠢᠨ 28 ᠤ ᠡᠳᠦᠷ ᠤᠨ ᠦᠳᠡ ᠳᠤ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠬᠤᠶᠠᠷ ᠬᠤᠷᠠᠯ ᠰᠢᠪᠲᠤᠷᠭᠠᠨ ᠳᠤ ᠤᠷᠤᠬᠤ ᠶᠢᠨ ᠦᠶ᠎ᠡ ᠪᠠᠷ᠂ ᠠᠵᠠ ᠪᠠᠷ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠤᠯᠤᠰ ᠲᠦᠷᠦ ᠶᠢᠨ ᠵᠦᠪᠯᠡᠯᠭᠡᠨ ᠤ ᠭᠡᠰᠢᠭᠦᠨ᠂ ᠦᠪᠦᠷ ᠮᠤᠩᠭᠤᠯ ᠤᠨ ᠪᠠᠭᠰᠠᠢ ᠶᠢᠨ ᠶᠡᠭᠡ ᠰᠤᠷᠭᠠᠭᠤᠯᠢ ᠶᠢᠨ ᠳᠡᠳ᠋ ᠫᠷᠤᠹᠤᠰᠰᠤᠷ ᠦᠷᠴᠠᠶᠢᠬᠤ ᠶᠢ ᠰᠤᠷᠪᠤᠯᠵᠢᠯᠠᠵᠦ ᠪᠢᠯᠡ᠃     ᠦᠷᠴᠠᠶᠢᠬᠤ ᠪᠠᠭᠰᠢ 2013 ᠤᠨ ᠳᠤ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠤᠯᠤᠰ ᠲᠦᠷᠦ ᠶᠢᠨ ᠵᠦᠪᠡᠯᠡᠯᠭᠡᠨ ᠤ ᠭᠡᠰᠢᠭᠦᠨ ᠪᠤᠯᠵᠦ᠂ ᠬᠤᠶᠠᠷ ᠬᠤᠷᠠᠯ ᠪᠤᠯᠬᠤ ᠪᠦᠷᠢ ᠰᠤᠶᠤᠯ ᠰᠤᠷᠭᠠᠨ ᠬᠦᠮᠦᠵᠢᠯ ᠤᠨ ᠲᠠᠯ᠎ᠠ ᠪᠠᠷ ᠬᠦᠨᠳᠦᠴᠡ ᠲᠠᠢ ᠰᠠᠨᠠᠯ ᠳᠤᠷᠠᠳᠤᠯᠭ᠎ᠠ ᠶᠢ ᠳᠡᠪᠰᠢᠭᠦᠯᠳᠡᠭ ᠶᠤᠮ᠃ ᠡᠨᠡ ᠤᠳᠠᠭ᠎ᠠ ᠶᠢᠨ ᠬᠤᠷᠠᠯ ᠳᠡᠭᠡᠷ᠎ᠡ ᠪᠠᠭᠰᠢ ᠮᠠᠨᠢ ᠪᠠᠰᠠ ᠭᠤᠷᠪᠠᠨ ᠳᠤᠷᠠᠳᠤᠯᠭ᠎ᠠ ᠳᠡᠪᠰᠢᠭᠦᠯᠦᠭᠰᠡᠨ ᠪᠠᠶᠢᠨ᠎ᠠ᠃ ᠳᠠᠷᠦᠢ᠄     1᠂ ᠠᠵᠢᠯ ᠤᠨ ᠡᠷᠴᠢᠮ ᠢᠶᠠᠨ ᠴᠢᠩᠭᠠᠷᠠᠭᠤᠯᠵᠦ᠂ ︽ᠠᠷᠪᠠ ᠶᠢ ᠪᠦᠷᠬᠦᠭᠦᠯᠬᠦ︾ ᠠᠵᠢᠯ ᠢ ᠠᠯᠬᠤᠮ ᠳᠠᠷᠠᠭ᠎ᠠ ᠲᠠᠢ ᠲᠦᠯᠦᠪᠯᠡᠭᠡ ᠲᠠᠢ ᠶᠠᠪᠤᠭᠳᠠᠭᠤᠯᠤᠨ᠎ᠠ᠃ ︽ᠠᠷᠪᠠ ᠶᠢ ᠪᠦᠷᠬᠦᠭᠦᠯᠬᠦ︾ ᠤᠬᠠᠭᠤᠯᠭ᠎ᠠ ᠶᠢᠨ ᠬᠦᠴᠦᠯᠡᠴᠡ ᠪᠠᠨ ᠴᠢᠩᠭᠠᠳᠬᠠᠵᠦ᠂ ᠤᠯᠠᠨ ᠲᠦᠮᠡᠨ ᠢ ᠢᠳᠡᠪᠬᠢᠲᠡᠢ ᠳᠠᠶᠢᠴᠢᠯᠠᠨ᠎ᠠ᠃     2᠂ ᠭᠠᠳᠠᠭᠠᠳᠤ ᠲᠠᠢ ᠶᠠᠪᠤᠯᠴᠠᠬᠤ ᠬᠠᠮᠢᠶᠠᠷᠤᠯᠲᠠ ᠶᠢᠨ ᠲᠠᠯ᠎ᠠ ᠪᠠᠷ ᠲᠦᠷᠢᠮᠵᠢᠯ ᠢ ᠳᠤᠪᠤᠶᠢᠯᠭᠠᠬᠤ ᠶᠢᠨ ᠳᠠᠭᠠᠤ ᠠᠮᠢᠳᠤᠯᠢᠬ ᠪᠠᠶᠢᠬᠤ ᠶᠢ ᠬᠢᠴᠢᠶᠡᠵᠦ᠂ ᠤᠯᠤᠰ ᠤᠨ ᠬᠤᠭᠤᠷᠤᠨᠳᠤᠬᠢ ᠬᠠᠷᠢᠯᠴᠠᠭ᠎ᠠ ᠶᠢ ᠠᠬᠢᠭᠤᠯᠤᠨ᠎ᠠ᠃     3᠂ ᠬᠦᠳᠡᠭᠡ ᠲᠤᠰᠬᠤᠨ ᠦᠨᠳᠦᠰᠦᠨ ᠱᠠᠲᠤᠨ ᠳᠤ ᠮᠤᠩᠭᠤᠯ ᠴᠡᠴᠡᠷᠯᠢᠭ ᠪᠠᠶᠢᠭᠤᠯᠬᠤ ᠶᠢ ᠡᠷᠴᠢᠮᠲᠡᠢ ᠶᠠᠪᠤᠬᠳᠠᠭᠤᠯᠤᠨ᠎ᠠ᠃      ᠲᠡᠷᠡᠪᠡᠷ ᠶᠠᠷᠢᠬᠤ ᠳᠠᠭᠠᠨ᠄ ︽︿ᠠᠷᠪᠠ ᠶᠢ ᠪᠦᠷᠬᠦᠭᠦᠯᠬᠦ﹀ ᠢᠨᠵᠧᠨ᠋ᠧᠷᠢᠩ ᠪᠤᠯ ᠠᠷᠠᠤᠠ ᠢ ᠲᠤᠰᠠᠯᠠᠬᠤ ᠲᠤᠮᠤ ᠢᠨᠵᠧᠨᠤᠷᠢᠩ ᠮᠦᠨ᠃ ᠰᠢᠨ᠎ᠡ ᠬᠦᠳᠡᠭᠡ ᠲᠤᠰᠬᠤᠨ ᠢ ᠪᠠᠶᠢᠭᠤᠯᠤᠨ᠂ ᠠᠷᠠᠳ ᠤᠨ ᠠᠮᠢᠳᠤᠷᠠᠯ ᠢ ᠪᠠᠶᠠᠯᠢᠬᠵᠢᠭᠤᠯᠬᠤ ᠠᠰᠢᠬᠲᠠᠢ ᠠᠵᠢᠯᠯᠠᠭ᠎ᠠ ᠮᠦᠨ᠃ ᠭᠡᠪᠡᠴᠦ ᠡᠨᠡᠬᠦ ᠢᠨᠵᠤᠨᠤᠷᠢᠩ ᠢ ᠠᠵᠢᠯᠯᠠᠭᠤᠯᠵᠦ᠂ ᠠᠷᠭ᠎ᠠ ᠪᠤᠳᠤᠯᠭ᠎ᠠ ᠶᠢ ᠨᠠᠶᠢᠳᠠᠪᠤᠷᠢᠵᠢᠭᠤᠯᠬᠤ ᠦᠶ᠎ᠡ ᠳᠤ ᠵᠠᠷᠢᠮ ᠭᠠᠵᠠᠷ ᠤᠷᠤᠨ ᠳᠤ᠂ ᠺᠠᠳ᠋ᠷ ᠠᠵᠢᠯᠲᠠᠳ ᠪᠠ ᠦᠷᠭᠡᠨ ᠲᠦᠮᠡᠨ ᠤ ᠬᠤᠭᠤᠷᠤᠨᠳᠤ ᠤᠢᠢᠯᠠᠭᠠᠯᠴᠠᠭ᠎ᠠ ᠳᠤᠲᠠᠵᠦ᠂ ᠡᠨᠡᠬᠦ ᠲᠤᠮᠤ ᠢᠨᠵᠤᠨᠤᠷᠢᠩ ᠤᠨ ᠵᠤᠷᠢᠬ ᠰᠠᠨᠠᠭ᠎ᠠ ᠶᠢ ᠦᠨᠡᠨᠬᠦ ᠪᠠᠳᠠᠷᠠᠭᠤᠯᠵᠦ ᠴᠢᠳᠠᠬᠰᠠᠨ ᠦᠭᠡᠢ᠂ ᠵᠠᠷᠢᠮ ᠨᠢ ᠴᠢᠨᠠᠬᠰᠢᠯᠠᠭᠠᠳ ᠦᠩᠭᠡᠪᠴᠢ ᠠᠵᠢᠯ ᠪᠤᠯᠵᠦ᠂ ᠠᠷᠠᠳ ᠤᠨ ᠳᠤᠮᠳᠠ ᠭᠦᠨᠵᠡᠭᠡᠶᠢᠷᠡᠵᠦ ᠴᠢᠳᠠᠬᠰᠠᠨ ᠦᠭᠡᠢ ᠪᠤᠯᠵᠠᠢ᠃ ᠠᠷᠪᠠ ᠶᠢ ᠪᠦᠷᠬᠦᠭᠦᠯᠬᠦ ᠨᠢ ᠪᠦᠬᠦ ᠠᠷᠠᠳ ᠲᠦᠮᠡᠨ ᠤ ᠢᠨᠵᠤᠨᠤᠷᠢᠩ ᠂ ᠬᠠᠷᠢᠨ ᠵᠦᠪᠬᠡᠨ ᠺᠠᠳ᠋ᠷ ᠠᠵᠢᠯᠲᠠᠳ ᠤᠨ ᠠᠵᠢᠯ ᠪᠢᠰᠢ᠂ ᠤᠷᠳᠤ ᠤᠳᠠᠭᠠᠨ ᠳᠠᠭᠠᠭᠠᠮᠠᠭᠠᠢ ᠠᠵᠢᠯᠯᠠᠬᠤ ᠠᠷᠠᠳ ᠤᠨ ᠠᠮᠢᠵᠢᠷᠭᠠᠨ ᠤ ᠢᠨᠵᠤᠨᠤᠷᠢᠩ ᠮᠦᠨ︾ ᠭᠡᠵᠡᠢ᠃      ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠲᠡᠷᠢᠭᠦᠯᠡᠭᠴᠢ ᠪᠠᠭᠠᠲᠤᠷ ᠲᠤᠰ ᠤᠳᠠᠭᠠᠨ ᠤ ᠬᠤᠷᠠᠯ ᠳᠡᠭᠡᠷ᠎ᠡ ᠢᠯᠡᠳᠬᠡᠯ ᠬᠢᠬᠦ ᠳᠡᠭᠡᠨ ᠳᠤᠲᠤᠭᠠᠳᠤ ᠭᠠᠳᠠᠭᠠᠳᠤ ᠳᠤ ᠨᠡᠭᠡᠭᠡᠯᠲᠡ ᠬᠢᠬᠦ ᠶᠢ ᠪᠦᠬᠦ ᠲᠠᠯ᠎ᠠ ᠪᠠᠷ ᠦᠷᠭᠡᠳᠬᠡᠵᠦ᠂ ᠤᠯᠤᠰ ᠤᠨ ︽ᠨᠢᠭᠡ ᠪᠦᠰᠡ ᠨᠢᠭᠡ ᠵᠠᠮ︾ ᠤᠨ ᠪᠠᠶᠢᠯᠳᠤᠬᠤ ᠪᠤᠳᠤᠯᠭ᠎ᠠ ᠶᠢ ᠭᠦᠨᠵᠡᠭᠡᠢ ᠲᠤᠤᠱᠯᠠᠭᠤᠯᠵᠦ᠂ ᠳᠤᠮᠳᠠᠳᠤ ᠮᠤᠩᠭᠤᠯ ᠤᠷᠤᠰ ᠤᠨ ᠠᠵᠦ ᠠᠬᠤᠢ ᠶᠢᠨ ᠬᠤᠩᠬᠢᠯ ᠤᠨ ᠪᠠᠶᠢᠭᠤᠯᠤᠯᠲᠠ ᠶᠢ ᠠᠬᠢᠭᠤᠯᠤᠨ᠂ ᠮᠤᠩᠭᠤᠯ ᠤᠷᠤᠰ ᠲᠠᠢ ᠬᠠᠮᠲᠤᠷᠠᠬᠤ ᠲᠤᠬᠲᠠᠯᠴᠠᠭ᠎ᠠ ᠪᠠᠨ ᠰᠢᠨᠡᠳᠬᠡᠨ᠎ᠡ ᠭᠡᠵᠦ ᠳᠤᠷᠠᠳᠪᠠ᠃ ︽ᠨᠢᠭᠡ ᠪᠦᠰᠡ ᠨᠢᠭᠡ ᠵᠠᠮ︾ ᠤᠨ ᠠᠷᠭ᠎ᠠ ᠪᠤᠳᠤᠯᠭ᠎ᠠ ᠪᠤᠢ ᠪᠤᠯᠬᠤ ᠲᠠᠢ ᠵᠡᠷᠭᠡ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠨᠠᠶᠢᠳᠠᠪᠤᠷᠢᠲᠠᠢ ᠲᠤᠤᠱᠯᠠᠭᠤᠯᠬᠤ ᠶᠢ ᠴᠢᠷᠮᠠᠶᠢᠵᠦ᠂ ᠢᠯᠠᠩᠭᠤᠶ᠎ᠠ ᠮᠤᠩᠭᠤᠯ ᠤᠷᠤᠰ ᠲᠠᠢ ᠬᠠᠷᠢᠯᠴᠠ᠋ᠬᠤ ᠠᠵᠢᠯ ᠳᠡᠭᠡᠷ᠎ᠡ ᠳᠡᠮᠵᠢᠯᠭᠡ ᠬᠦᠷᠲᠡᠭᠡᠭᠰᠡᠭᠡᠷ ᠢᠷᠡᠭᠰᠡᠨ ᠶᠤᠮ᠃ ᠡᠨᠡ ᠨᠢ ᠦᠷᠴᠠᠶᠢᠬᠤ ᠪᠠᠭᠰᠢ ᠮᠡᠲᠤ ᠶᠢᠨ ᠮᠤᠩᠭᠤᠯ ᠤᠷᠤᠰ ᠲᠠᠢ ᠰᠤᠶᠤᠯ ᠤᠷᠠᠯᠢᠬ ᠤᠨ ᠲᠠᠯ᠎ᠠ ᠪᠠᠷ ᠬᠠᠮᠵᠢᠯᠴᠠᠳᠠᠬ ᠬᠦᠮᠦᠰ ᠲᠤ ᠰᠠᠶᠢᠨ ᠲᠤᠬᠢᠶᠠᠯ ᠢ ᠤᠯᠭᠤᠵᠦ ᠪᠢᠯᠡ᠃       ︽ᠭᠡᠪᠡᠴᠦ ᠡᠨᠡᠬᠦ ᠶᠠᠪᠤᠴᠠ ᠳᠤ ᠪᠤᠰᠤᠳ ᠠᠷᠭ᠎ᠠ ᠪᠤᠳᠤᠯᠭ᠎ᠠ ᠶᠢᠨ ᠲᠤᠤᠱᠯᠠᠬᠳᠠᠬᠤ ᠠᠴᠠ ᠪᠤᠯᠵᠦ᠂ ᠬᠠᠶᠠ ︿ᠨᠢᠭᠡ ᠪᠦᠰᠡ ᠨᠢᠭᠡ ᠵᠠᠮ﹀ ᠤᠨ ᠠᠵᠢᠯ ᠶᠠᠪᠤᠳᠠᠯ ᠢ ᠳᠡᠮᠵᠢᠬᠦ ᠲᠠᠢ ᠨᠡᠶᠢᠴᠡᠬᠦ ‍ᠦᠭᠡᠢ ᠲᠠᠯ᠎ᠠ ᠤᠷᠤᠰᠢᠵᠦ ᠪᠤᠢ︾ ᠭᠡᠵᠦ ᠦᠷᠴᠠᠶᠢᠬᠤ ᠪᠠᠭᠰᠢ ᠶᠠᠷᠢᠵᠦ ᠪᠠᠶᠢᠯ᠎ᠠ᠃ ᠲᠡᠭᠦᠨ ᠤ ᠬᠡᠯᠡᠭᠰᠡᠨ ᠢᠶᠠᠷ᠄ ︽ᠦᠩᠭᠡᠷᠡᠭᠰᠡᠨ ᠤᠨ ᠠᠴᠠ ᠡᠬᠢᠯᠡᠭᠡᠳ ᠮᠠᠨ ᠤᠨ ᠤᠷᠤᠨ ᠳᠤ᠂ ᠳᠡᠳ᠋ ᠫᠷᠤᠹᠤᠰᠰᠤᠷ᠂ ᠳᠡᠳ᠋ ᠭᠠᠵᠠᠷ ᠤᠨ ᠳᠠᠷᠤᠭ᠎ᠠ ᠨᠠᠷ ᠭᠠᠳᠠᠭᠠᠳᠤ ᠳᠤ ᠭᠠᠷᠬᠤ ᠳᠤ ᠵᠠᠪᠠᠯ ᠠᠯᠪᠠᠨ ᠤ ᠫᠠᠰᠫᠤᠷᠲ ᠡᠷᠡᠮᠡᠯᠵᠡᠬᠦ ᠴᠢᠬᠤᠯᠠᠲᠠᠢ ᠪᠤᠯᠤᠬᠰᠠᠠ ᠶᠤᠮ᠃ ᠠᠯᠪᠠᠨ ᠫᠠᠰᠫᠤᠷᠲ ᠡᠷᠡᠮᠡᠯᠵᠡᠬᠦ ᠨᠢ ᠭᠦᠢᠴᠡᠳᠬᠡᠯ ᠤᠯᠠᠨ᠂ ᠴᠠᠬ ᠤᠨ ᠲᠠᠯ᠎ᠠ ᠪᠠᠷ ᠤᠷᠳᠤ ᠪᠠᠶᠢᠳᠠᠬ᠃ ᠵᠠᠷᠢᠮ ᠳᠠᠭᠠᠨ ᠤᠷᠤᠰ ᠮᠤᠩᠭᠤᠯ ᠵᠡᠷᠭᠡ ᠤᠯᠤᠰ ᠲᠠᠢ ᠬᠠᠷᠢᠴᠠᠵᠦ ᠶᠠᠪᠤᠯᠴᠠᠬᠤ ᠠᠵᠢᠯ ᠲᠠᠢ ᠠᠴᠠ ᠪᠤᠯᠵᠦ ᠤᠬᠤᠷ ᠴᠠᠬ ᠤᠨ ᠳᠤᠲᠤᠷ᠎ᠠ ᠤᠯᠤᠰ ᠠᠴᠠ ᠭᠠᠷᠬᠤ ᠭᠡᠬᠦ ᠳᠤ ᠫᠠᠰᠫᠤᠷᠲ ᠦᠭᠡᠢ ᠶᠢᠨ ᠤᠴᠢᠷ ᠠᠴᠠ ᠤᠴᠢᠵᠦ ᠴᠢᠳᠠᠯ ᠦᠭᠡᠢ ᠬᠠᠷᠢᠯᠴᠠᠬᠤ ᠲᠤᠬᠢᠶᠠᠯ ᠢᠶᠠᠨ ᠠᠯᠳᠠᠳᠠᠬ︾ ᠬᠡᠪᠡ᠃       ᠦᠷᠴᠠᠶᠢᠬᠤ ᠪᠠᠭᠰᠢ ᠮᠠᠨᠢ 2013 ᠤᠨ ᠳᠤ᠂ ᠤᠯᠤᠰ ᠲᠦᠷᠦ ᠶᠢᠨ ᠭᠡᠰᠢᠭᠦᠨ ᠪᠤᠯᠤᠬᠰᠠᠨ ᠦᠶ᠎ᠡ ᠠᠴᠠ ᠡᠬᠢᠯᠡᠵᠦ᠂ ᠬᠦᠳᠡᠭᠡ ᠨᠤᠲᠤᠬ᠂ ᠮᠠᠯᠵᠢᠬᠤ ᠲᠠᠷᠢᠶᠠᠯᠠᠬᠤ ᠤᠷᠤᠨ ᠳᠤ ᠮᠤᠩᠭᠤᠯ ᠰᠤᠷᠭᠠᠭᠤᠯᠢ ᠪᠠᠶᠢᠭᠤᠯᠬᠤ ᠶᠢ ᠳᠤᠷᠠᠳᠤᠵᠦ ᠪᠢᠯᠡ᠃ ᠡᠨᠡ ᠤᠳᠠᠭ᠎ᠠ ᠴᠤ ᠮᠦᠨ ᠠᠳᠠᠯᠢ᠂ ᠪᠠᠭᠠᠳᠤᠷ ᠲᠡᠷᠢᠭᠦᠯᠡᠭᠴᠢ ᠶᠢᠨ ᠰᠤᠷᠬᠤ ᠨᠠᠰᠤᠨ ᠠᠴᠠ ᠡᠮᠦᠨᠡᠬᠢ ᠰᠤᠷᠭᠠᠨ ᠬᠦᠮᠦᠵᠢᠯ ᠤᠨ ᠬᠤᠶᠠᠳᠠᠬᠢ ᠬᠤᠭᠤᠴᠠᠭᠠᠨ ᠤ ᠭᠤᠷᠪᠠᠨ ᠵᠢᠯ ᠤᠨ ᠲᠦᠯᠦᠪᠯᠡᠭᠡ ᠶᠢ ᠶᠠᠪᠤᠬᠳᠠᠭᠤᠯᠬᠤ ᠳᠤᠷᠠᠳᠤᠯᠭ᠎ᠠ ᠳᠤ ᠰᠠᠭᠤᠷᠢᠯᠠᠵᠦ᠂ ᠮᠤᠩᠭᠤᠯ ᠴᠡᠴᠡᠷᠯᠢᠭ ᠪᠠᠶᠢᠭᠤᠯᠬᠤ ᠰᠠᠨᠠᠯ ᠢ ᠳᠡᠪᠰᠢᠭᠦᠯᠵᠡᠢ᠃ ᠲᠡᠷᠡ ᠬᠡᠯᠡᠭᠦ ᠳᠡᠭᠡᠨ᠄ ︽ᠰᠤᠷᠤᠬᠴᠢᠳ ᠢ ᠬᠤᠰᠢᠭᠤ ᠰᠢᠶᠠᠨ ᠳᠤ ᠲᠦᠪᠯᠡᠷᠡᠭᠦᠯᠦᠨ ᠰᠤᠷᠤᠯᠴᠠᠭᠤᠯᠤᠬᠰᠠᠨ ᠢᠶᠠᠷ᠂ ᠬᠦᠳᠡᠭᠡ ᠶᠢᠨ ᠰᠤᠷᠭᠠᠭᠤᠯᠢ ᠨᠤᠭᠤᠳ ᠨᠢ ᠬᠤᠭᠤᠰᠤᠷᠠᠵᠦ᠂ ᠡᠬᠢ ᠪᠠᠶᠠᠯᠢᠬ ᠢ ᠶᠡᠭᠡ ᠪᠠᠷ ᠰᠦᠢᠳᠬᠡᠵᠦ ᠪᠤᠢ᠃ ᠰᠤᠷᠤᠬᠴᠢ ᠦᠭᠡᠢ ᠪᠤᠯᠤᠬᠰᠠᠨ ᠠᠴᠠ ᠪᠠᠭᠰᠢᠨᠠᠷ ᠠᠵᠢᠯ ᠠᠯᠳᠠᠵᠦ᠂ ᠪᠡᠯᠴᠢᠭᠡᠷ ᠤᠰᠤ᠂ ᠲᠠᠷᠢᠶᠠᠨ ᠭᠠᠵᠠᠷ ᠭᠡᠵᠦ ᠪᠠᠰᠠ ᠦᠭᠡᠢ᠂ ᠠᠮᠢᠳᠤᠷᠠᠯ ᠨᠢ ᠲᠤᠩ ᠬᠦᠴᠢᠷᠲᠡᠢ ᠪᠤᠯᠵᠠᠢ᠃ ᠳᠠᠬᠢᠪᠠᠯ ᠬᠤᠰᠢᠭᠤᠨ ᠳᠤ ᠰᠤᠷᠭᠠᠭᠤᠯᠢ ᠳᠤ ᠰᠠᠭᠤᠯᠭᠠᠬᠤ ᠨᠢ ᠢᠯᠡᠭᠦᠦ ᠬᠦᠮᠦᠨ ᠤ ᠬᠦᠴᠦ᠂ ᠮᠦᠩᠭᠦ ᠲᠦᠭᠦᠷᠢᠭ ᠵᠠᠷᠤᠴᠠᠭᠤᠯᠵᠦ ᠭᠡᠷ ᠤᠨ ᠠᠬᠠᠮᠠᠳ ᠤᠨ ᠠᠮᠢᠳᠤᠷᠠᠯ ᠤᠨ ᠳᠠᠷᠤᠭᠠᠰᠤ ᠶᠢ ᠬᠦᠨᠳᠦᠷᠡᠭᠦᠯᠵᠦ ᠪᠤᠢ᠃ ᠡᠭᠦᠨ ᠠᠴᠠ ᠪᠤᠰᠤᠳ ᠪᠠᠰᠠ ᠤᠯᠠᠨ ᠨᠠᠵᠠᠭᠠᠢ ᠠᠰᠠᠭᠤᠳᠠᠯ ᠢ ᠡᠭᠦᠰᠭᠡᠵᠦ ᠪᠠᠶᠢᠨ᠎ᠠ᠃ ᠲᠡᠶᠢᠮᠦ ᠠᠴᠠ ᠬᠦᠳᠡᠭᠡ ᠨᠤᠲᠤᠬ ᠢᠶᠠᠷ ᠴᠡᠴᠡᠷᠯᠢᠭ ᠪᠠᠶᠢᠭᠤᠯᠬᠤ ᠨᠢ ᠮᠠᠰᠢ ᠲᠤᠯᠭᠠᠮ᠎ᠠ ᠶᠠᠪᠤᠳᠠᠯ ᠪᠤᠯᠬᠤ ᠶᠤᠮ︾ ᠬᠡᠯ᠎ᠡ᠃      ᠦᠷᠴᠠᠶᠢᠬᠤ ᠪᠠᠭᠰᠢ ᠲᠠᠢ ᠠᠳᠠᠯᠢ ᠬᠤᠶᠠᠷ ᠬᠤᠷᠠᠯ ᠳᠤ ᠤᠷᠤᠯᠴᠠᠬᠰᠠᠨ ᠭᠡᠰᠢᠭᠦᠳ ᠲᠦᠯᠦᠭᠡᠯᠡᠭᠴᠢᠳ ᠮᠠᠨᠢ ᠠᠷᠠᠳ ᠢᠷᠭᠡᠳ ᠤᠨ ᠲᠦᠯᠦᠭᠡ ᠰᠡᠳᠬᠢᠵᠦ᠂ ᠮᠠᠯᠴᠢᠨ ᠲᠠᠷᠢᠶᠠᠴᠢᠨ ᠤ ᠳᠤᠯᠭᠠᠮ᠎ᠠ ᠱᠠᠭᠠᠷᠳᠠᠬᠳᠠᠵᠦ ᠪᠠᠶᠢᠭ᠎ᠠ ᠠᠰᠠᠭᠤᠳᠠᠯ ᠢ ᠰᠢᠢᠳᠪᠤᠷᠢᠯᠡᠬᠦ ᠪᠠᠷ ᠴᠢᠷᠮᠠᠶᠢᠵᠦ ᠶᠠᠪᠤᠭ᠎ᠠ ᠨᠢ ᠦᠨᠡᠯᠡᠭᠦᠰᠢᠲᠡᠢ ᠪᠢᠯᠡ᠃ ᠦᠪᠦᠷ ᠮᠤᠩᠬᠤᠯ ᠤᠨ ᠦᠪᠡᠷᠳᠡᠬᠡᠨ ᠵᠠᠰᠠᠬᠤ ᠤᠷᠤᠨ ᠤ ᠤᠯᠤᠰ ᠳᠦᠷᠦ ᠶᠢᠨ ᠵᠦᠪᠯᠡᠯᠬᠡᠨ ᠤ ᠠᠷᠪᠠᠨ ᠨᠢᠬᠡᠳᠦᠬᠡᠷ ᠬᠤᠭᠤᠴᠠᠭᠠᠨ ᠤ ᠬᠤᠷᠢᠶ᠎ᠠ ᠶᠢᠨ ᠳᠦᠷᠪᠡᠳᠦᠬᠡᠷ ᠬᠤᠷᠠᠯ ᠪᠤᠯᠤᠨ ᠦᠪᠦᠷ ᠮᠤᠩᠬᠤᠯ ᠤᠨ ᠦᠪᠡᠷᠳᠡᠬᠡᠨ ᠵᠠᠰᠠᠬᠤ ᠤᠷᠤᠨ ᠤ ᠠᠷᠪᠠᠨ ᠬᠤᠶᠠᠳᠤᠭᠠᠷ ᠬᠤᠭᠤᠴᠠᠭᠠᠨ ᠤ ᠠᠷᠠᠳ ᠤᠨ ᠳᠦᠯᠦᠬᠡᠯᠡᠭᠴᠢᠳ ᠤᠨ ᠶᠡᠭᠡ ᠬᠤᠷᠠᠯ ᠤᠨ ᠳᠦᠷᠪᠡᠳᠦᠬᠡᠷ ᠬᠤᠷᠠᠯ ᠠᠮᠵᠢᠯᠲᠠ ᠲᠠᠢ ᠦᠨᠳᠦᠷᠯᠡᠯ᠎ᠡ᠃ ᠲᠡᠭᠡᠬᠦ ᠪᠠᠷ ᠲᠡᠳᠡᠭᠡᠷ ᠭᠡᠰᠢᠭᠦᠳ ᠲᠦᠯᠦᠭᠡᠯᠡᠭᠴᠢᠳ ᠤᠨ ᠠᠷᠠᠳ ᠲᠤ ᠠᠰᠢᠬᠲᠠᠢ ᠤᠯᠠᠨ ᠰᠠᠶᠢᠬᠠᠨ ᠰᠠᠨᠠᠯ ᠳᠤᠷᠠᠳᠤᠯᠭ᠎ᠠ ᠨᠢ ᠡᠷᠲᠡ ᠨᠢᠭᠡᠨ ᠡᠳᠦᠷ ᠠᠷᠭ᠎ᠠ ᠪᠤᠳᠤᠯᠭ᠎ᠠ ᠪᠤᠯᠤᠨ ᠲᠤᠤᠱᠯᠠᠬᠳᠠᠵᠦ᠂ ᠦᠷᠭᠡᠨ ᠤᠯᠠᠨ ᠢᠶᠠᠨ ᠵᠢᠷᠭᠠᠭᠤᠯᠵᠦ ᠶᠠᠪᠤᠨ᠎ᠠ ᠭᠡᠳᠡᠭ ᠲᠤ ᠢᠲᠡᠭᠡᠵᠦ ᠪᠠᠶᠢᠨ᠎ᠠ᠃
 
ᠢᠷᠡᠯᠲᠡ᠄ ᠰᠢᠨᠬᠤᠸᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号