ᠮᠣᠩᠭᠤᠯ ᠬᠡᠯᠡ ᠪᠢᠴᠢᠭ ᠤᠨ ᠠᠵᠢᠯ ᠤᠨ ᠭᠠᠷᠮᠠᠭᠠᠢ ᠲᠠᠭᠠᠭᠤᠯᠤᠭᠴᠢ | 1924 ᠤᠨ ᠳᠤ ᠴᠡᠩᠬᠡᠯᠳᠡᠢ ᠵᠤᠰᠤᠳᠤ ᠶᠢᠨ ᠴᠢᠭᠤᠯᠭᠠᠨ ᠤ ᠬᠠᠷᠠᠴᠢᠨ ᠲᠤᠮᠳᠠᠳᠤ ᠬᠤᠰᠢᠭᠤ ︵ | ᠤᠳᠤ ᠶᠢᠨ ᠨᠢᠩᠴᠧᠩ ᠰᠢᠶᠠᠨ︶ ᠶᠢᠨ ᠮᠠᠷᠠᠳᠤ ᠶᠢᠨ ᠬᠤᠷᠤᠭ᠎ᠠ ᠲᠤᠰᠬᠤᠨ ᠳᠤ ᠲᠦᠷᠦᠪᠡ᠃ ᠪᠠᠭ᠎ᠠ ᠳᠠᠭᠠᠨ ᠬᠦᠷᠰᠢ | ᠠᠶᠢᠯ ᠤᠨ ᠬᠤᠪᠢ ᠶᠢᠨ ᠰᠤᠷᠭᠠᠭᠤᠯᠢ ᠪᠠ ᠮᠡᠷᠡᠳᠦ ᠶᠢᠨ ᠬᠤᠷᠤᠭ᠎ᠠ ᠶᠢᠨ ᠪᠠᠭ᠎ᠠ ᠰᠤᠷᠭᠠᠭᠤᠯᠢ ᠳᠤ ᠰᠤᠷᠤᠯᠴᠠᠵᠤ | ᠶᠠᠪᠤᠭᠰᠠᠨ ᠦᠩᠬᠡᠷᠡᠯᠳᠡ ᠲᠠᠢ᠃ 15 ᠨᠠᠰᠤᠨ ᠳᠠᠭᠠᠨ ᠡᠷᠳᠡᠮ ᠰᠤᠷᠬᠤ ᠬᠦᠰᠡᠯ ᠲᠡᠮᠡᠦᠯᠤᠯ ᠢᠶᠠᠷ ᠨᠤᠳᠤᠭ | ᠤᠰᠤᠨ ᠠᠴᠠ ᠪᠠᠨ ᠰᠠᠯᠵᠤ᠂ ᠬᠦᠬᠡᠬᠤᠳᠠ ᠶᠢᠨ ᠮᠤᠩᠬᠤᠯ ᠰᠤᠷᠤᠯᠭ᠎ᠠ ᠶᠢᠨ ᠬᠤᠷᠢᠶ᠎ᠠ ᠶᠢᠨ ᠪᠠᠭᠰᠢ ᠶᠢᠨ ᠠᠩᠬᠢ ᠳᠤ | ᠰᠢᠯᠭᠠᠭᠳᠠᠨ ᠤᠷᠤᠵᠤ ᠰᠤᠷᠤᠯᠴᠠᠭᠰᠠᠨ ᠪᠦᠬᠡᠳ ᠤᠳᠠᠯ ᠦᠬᠡᠢ ᠴᠢᠭᠤᠯᠠᠯᠳᠤ ᠬᠠᠭᠠᠯᠭ᠎ᠠ ᠳᠠᠬᠢ ᠶᠠᠫᠤᠨ ᠳᠤ ᠤᠴᠢᠵᠤ | ᠰᠤᠷᠤᠯᠴᠠᠬᠤ ᠪᠡᠯᠡᠳᠭᠡᠯ ᠰᠤᠷᠭᠠᠭᠤᠯᠢ ᠳᠤ ᠤᠷᠤᠵᠤ᠂ 1941 ᠤᠨ ᠳᠤ ᠶᠠᠫᠤᠨ ᠤᠯᠤᠰ ᠲᠤ ᠬᠦᠷᠪᠡ᠃ | ᠬᠠᠷᠢ ᠶᠢᠨ ᠲᠦᠷᠢᠮᠡᠬᠡᠶᠢᠯᠡᠯ ᠳᠤ ᠲᠠᠯᠬᠢᠭᠳᠠᠨ᠂ ᠭᠠᠰᠠᠯᠠᠩ ᠵᠤᠪᠠᠯᠠᠩ ᠳᠤ ᠲᠡᠯᠴᠢᠯᠡᠵᠥ ᠪᠠᠶᠢᠭ᠎ᠠ ᠤᠯᠤᠰ | ᠦᠨᠳᠦᠰᠦᠳᠡᠨ ᠢᠶᠠᠨ ᠠᠪᠤᠷᠠᠬᠤ ᠳᠤ ᠶᠠᠮᠠᠷ ᠮᠡᠷᠬᠡᠵᠢᠯ ᠰᠤᠷᠪᠠᠯ ᠲᠡᠭᠡᠷ᠎ᠡ ᠪᠢᠯᠠ︖ ᠠᠷᠢᠮ ᠨᠢ ᠡᠮᠴᠢ ᠰᠠᠶᠢᠨ᠂ | ᠰᠤᠷᠭᠠᠨ ᠬᠦᠮᠥᠵᠢᠯ ᠪᠠᠰᠠ ᠵᠥᠬᠡᠷ ᠬᠡᠬᠦ ᠳᠤ ᠵᠠᠷᠢᠮᠠᠳ ᠨᠢ ᠨᠢᠬᠡ ᠦᠨᠳᠦᠰᠦᠳᠡᠨ ᠳᠤ ᠠᠪᠴᠤ ᠬᠡᠯᠡᠪᠡᠯ ᠪᠠᠶᠢᠭᠠᠯᠢ ᠶᠢᠨ | ᠰᠢᠨᠵᠢᠯᠡᠭᠡᠨ ᠤ ᠮᠡᠷᠬᠡᠵᠢᠯ ᠨᠡᠩ ᠴᠢᠬᠤᠯᠠ ᠬᠡᠵᠥ ᠪᠠᠶᠢᠯ᠎ᠠ᠃ ᠲᠤᠬᠠᠢ ᠶᠢᠨ ᠦᠶ᠎ᠠ ᠶᠢᠨ ᠪᠢᠴᠢᠭ ᠰᠤᠶᠤᠯ ᠲᠠᠢ | ᠮᠤᠩᠬᠤᠯ ᠵᠠᠯᠠᠭᠤᠰ ᠤᠨ ᠤᠯᠠᠩᠬᠢ ᠨᠢ ᠪᠠᠶᠢᠭᠠᠯᠢ ᠶᠢᠨ ᠰᠢᠨᠵᠢᠯᠡᠭᠡᠨ ᠤ ᠬᠦᠴᠢᠷ ᠲᠦᠪᠡᠭ ᠠᠴᠠ ᠰᠢᠷᠬᠢᠵᠥ ᠪᠠᠶᠢᠪᠠ᠃ | ᠬᠡᠳᠦᠨ ᠡᠳᠦᠷ ᠤᠨ ᠨᠢᠮᠪᠠᠢ ᠲᠤᠩᠬᠠᠯᠳᠠ ᠪᠠᠷ ᠲᠠᠮᠵᠢᠵᠤ᠂ ᠴᠡᠩᠬᠡᠯᠳᠡᠢ ᠠᠵᠤ ᠦᠢᠯᠡᠳᠪᠦᠷᠢ ᠪᠠᠷ ᠤᠯᠤᠰ | ᠦᠨᠳᠦᠰᠦᠳᠠᠨ ᠢᠶᠠᠨ ᠬᠦᠴᠦᠷᠭᠡᠭᠵᠢᠭᠦᠯᠬᠦ ᠬᠡᠳᠦ ᠶᠢᠨ ᠬᠦᠰᠡᠯ ᠢᠶᠠᠷ ᠲᠤᠣᠺᠢᠣ᠋ ᠶᠢᠨ ᠠᠵᠤ ᠦᠢᠯᠡᠳᠪᠦᠷᠢ ᠶᠢᠨ ᠶᠡᠭᠡ | ᠰᠤᠷᠭᠠᠭᠤᠯᠢ ᠳᠤ ᠰᠢᠯᠭᠠᠭᠳᠠᠨ ᠤᠷᠤᠵᠤ ᠰᠤᠷᠤᠯᠴᠠᠭᠰᠠᠨ ᠪᠦᠬᠡᠳ ᠲᠠᠬᠢᠨ ᠵᠡᠬᠦᠨ ᠬᠤᠶᠢᠳᠤ ᠶᠢᠨ ᠬᠠᠭᠠᠨᠳᠤ | ᠤᠯᠤᠰ ᠤᠨ ᠶᠡᠭᠡ ᠰᠤᠷᠭᠠᠭᠤᠯᠢ ᠳᠤ ᠪᠠᠶᠢᠭᠠᠯᠢ ᠶᠢᠨ ᠰᠢᠨᠵᠢᠯᠡᠬᠡᠨ ᠤ ᠮᠡᠷᠬᠡᠵᠢᠯ ᠢᠶᠠᠷ ᠰᠤᠷᠤᠯᠴᠠᠭᠰᠠᠨ ᠪᠠᠶᠢᠨ᠎ᠠ᠃ | 1945 ᠤᠨ ᠳᠤ ᠡᠬᠡ ᠤᠯᠤᠰ ᠲᠠᠭᠠᠨ ᠪᠤᠴᠠᠨ ᠢᠷᠡᠬᠦ ᠳᠤ ᠶᠠᠫᠤᠨ ᠰᠠᠶ᠋ᠢᠬᠠᠨ ᠪᠠᠭᠤᠵᠤ ᠦᠭᠬᠦᠬᠡᠳ ᠪᠦᠬᠦ | ᠤᠷᠤᠨ ᠤ ᠡᠯ᠎ᠠ ᠠᠵᠢᠯ ᠲᠦᠷᠦᠯ ᠳᠤ ᠮᠡᠳᠡᠯᠬᠡ ᠴᠢᠳᠠᠪᠤᠷᠢ ᠲᠠᠢ ᠵᠠᠯᠠᠭᠤᠴᠤᠳ ᠪᠠᠴᠢᠮ ᠱᠠᠭᠠᠷᠳᠠᠭᠳᠠᠵᠤ ᠪᠠᠶᠢᠪᠠ᠃ | ᠴᠡᠩᠬᠡᠯᠳᠡᠢ ᠨᠢᠬᠡ ᠪᠦᠯᠥᠭ ᠵᠠᠯᠠᠭᠤᠴᠤᠳ ᠲᠠᠢ ᠬᠠᠮᠳᠤ ᠤᠯᠠᠭᠠᠨᠬᠠᠳᠠ ᠳᠠᠬᠢ ᠦᠪᠦᠷ ᠮᠤᠩᠬᠤᠯ ᠤᠨ ᠦᠪᠡᠷᠳᠡᠭᠡᠨ | ᠵᠠᠰᠠᠬᠤ ᠲᠡᠭᠡᠳᠦ ᠰᠤᠷᠭᠠᠭᠤᠯᠢ ᠶᠢ ᠡᠷᠢᠵᠤ ᠬᠦᠷᠦᠬᠡᠳ ᠮᠤᠩᠬᠤᠯ ᠬᠡᠯᠡᠨ ᠤ ᠪᠠᠭᠰᠢ ᠪᠤᠯᠪᠠ᠃ ᠤᠳᠠᠯ ᠦᠬᠡᠢ ᠦᠪᠦᠷ | ᠮᠤᠩᠬᠤᠯ ᠤᠨ ᠴᠡᠷᠢᠭ ᠵᠠᠰᠠᠭ ᠤᠨ ᠶᠡᠭᠡ ᠰᠤᠷᠭᠠᠭᠤᠯᠢ ᠶᠢᠨ ᠪᠦᠳᠦᠬᠡᠨ ᠪᠠᠶᠢᠭᠤᠯᠬᠤ ᠠᠵᠢᠯ ᠳᠤ ᠤᠷᠤᠯᠴᠠᠵᠤ᠂ | ᠮᠤᠩᠬᠤᠯ ᠬᠡᠯᠡ ᠪᠢᠴᠢᠭ ᠰᠤᠳᠤᠯᠬᠤ ᠲᠠᠰᠤᠭ ᠭᠠᠷᠭᠠᠪᠠ᠃ ᠡᠨᠡ ᠪᠤᠯ ᠦᠪᠦᠷ ᠮᠤᠩᠬᠤᠯ ᠤᠨ ᠲᠡᠦᠬᠡᠨ ᠳᠠᠬᠢ | ᠮᠤᠩᠬᠤᠯ ᠬᠡᠯᠡᠨ ᠤ ᠠᠩᠬᠠᠳᠠᠭᠴᠢ ᠰᠤᠳᠤᠯᠭᠠᠨ ᠤ ᠪᠠᠶᠢᠭᠤᠯᠤᠮᠵᠢ ᠪᠤᠯᠬᠤ ᠶᠤᠮ᠃ ᠲᠡᠷᠡ ᠨᠢ ᠪᠦᠬᠦ | ᠰᠤᠷᠭᠠᠭᠤᠯᠢ ᠶᠢᠨ ᠮᠤᠩᠬᠤᠯ ᠬᠡᠯᠡᠨ ᠤ ᠵᠢᠭᠠᠨ ᠰᠤᠷᠭᠠᠯᠳᠠ᠂ ᠡᠯ᠎ᠡ ᠲᠦᠷᠦᠯ ᠤᠨ ᠵᠢᠭᠠᠬᠤ ᠮᠠᠲ᠋ᠧᠷᠢᠶᠠᠯ ᠪᠤᠯᠤᠨ | ᠮᠤᠩᠬᠤᠯ ᠬᠡᠯᠡᠨ ᠤ ᠦᠬᠡᠷᠡᠴᠢᠯᠡᠨ ᠰᠠᠶᠢᠵᠢᠷᠠᠭᠤᠯᠬᠤ ᠠᠵᠢᠯ ᠢ ᠬᠠᠷᠢᠭᠤᠴᠠᠳᠠᠭ ᠲᠤᠯᠠ ᠤᠯᠠᠩᠬᠢ ᠬᠦᠮᠥᠰ ᠲᠡᠬᠦᠨ ᠢ | ︽ᠮᠤᠩᠬᠤᠯ ᠬᠡᠯᠡ ᠰᠤᠷᠤᠭᠰᠠᠨ︾ ᠬᠡᠵᠥ ᠰᠠᠨᠠᠵᠤ ᠪᠠᠶᠢᠯ᠎ᠠ᠃ ᠤᠳᠠᠯ ᠦᠬᠡᠢ ᠦᠪᠦᠷ ᠮᠤᠩᠬᠤᠯ ᠤᠨ ᠡᠳᠦᠷ ᠤᠨ | ᠰᠤᠨᠢᠨ ᠤ ᠬᠤᠷᠢᠶ᠎ᠠ ᠳᠤ ᠨᠠᠶᠢᠷᠠᠭᠤᠯᠤᠭᠴᠢ ᠪᠤᠯᠵᠤ ᠪᠠᠶᠢᠭᠰᠠᠨ ᠢᠶᠠᠨ ᠤᠯᠠᠭᠠᠨᠬᠦᠦ ᠲᠡᠷᠢᠬᠦᠯᠡᠭᠴᠢ ᠶᠢᠨ ᠨᠠᠷᠢᠨ | ᠪᠢᠴᠢᠬᠡᠴᠢ ᠪᠠᠷ ᠠᠵᠢᠯᠯᠠᠵᠤ᠂ ᠲᠠᠬᠢᠨ ᠦᠪᠦᠷ ᠮᠤᠩᠬᠤᠯ ᠤᠨ ᠨᠠᠮ ᠤᠨ ᠬᠤᠷᠢᠶᠠᠨ ᠤ ᠤᠬᠠᠭᠤᠯᠬᠤ ᠬᠡᠯᠳᠡᠰ ᠤᠨ ᠬᠡᠯᠡ | ᠪᠢᠴᠢᠭ ᠤᠨ ᠭᠠᠵᠠᠷ ᠤᠨ ᠲᠠᠷᠤᠭ᠎ᠠ ᠶᠢᠨ ᠲᠤᠰᠢᠶᠠᠯ ᠢ ᠡᠬᠦᠷᠬᠡᠯᠡᠪᠡ᠃ ᠴᠡᠩᠬᠡᠯᠳᠡᠢ ᠪᠦᠬᠦ ᠤᠷᠤᠨ ᠤ ᠤᠯᠠᠨ | ᠭᠠᠵᠠᠷ ᠢᠶᠠᠷ ᠪᠠᠶᠢᠴᠠᠭᠠᠯᠳᠠ ᠬᠢᠬᠦ᠂ ᠶᠠᠷᠢᠯᠴᠠᠬᠤ ᠬᠤᠷᠠᠯ ᠬᠢᠬᠦ ᠪᠠᠷ ᠲᠠᠮᠵᠢᠭᠤᠯᠵᠤ᠂ ᠲᠤᠬᠠᠢ ᠶᠢᠨ ᠦᠶ᠎ᠠ ᠶᠢᠨ ᠺᠠᠳ᠋ᠷ | ᠤᠯᠠᠨ ᠲᠦᠮᠡᠨ ᠤ ᠲᠤᠮᠳᠠ ᠮᠤᠩᠬᠤᠯ ᠬᠡᠯᠡ ᠶᠢ ᠲᠤᠤᠷᠠᠰᠢᠶᠠᠬᠤ᠂ ᠮᠤᠩᠬᠤᠯ ᠬᠡᠯᠡ ᠬᠡᠷᠡᠭᠯᠡᠬᠦ ᠶᠢ ᠤᠮᠳᠤᠭᠠᠢᠢᠯᠠᠬᠤ | ᠬᠡᠯᠪᠡᠷᠢᠯ ᠨᠡᠶᠢᠳᠡᠮ ᠤᠨ ᠴᠢᠨᠠᠷᠳᠠᠢ ᠤᠷᠤᠰᠢᠵᠤ ᠪᠠᠶᠢᠬᠤ ᠶᠢ ᠲᠤᠳᠤᠷᠬᠠᠢ ᠤᠯᠵᠤ ᠮᠡᠳᠡᠭᠰᠡᠨ ᠪᠦᠬᠡᠳ ᠵᠠᠰᠠᠭ ᠤᠨ | ᠤᠷᠳᠤᠨ ᠳᠤ ᠦᠨᠡᠨ ᠮᠥᠨ ᠢᠶᠠᠷ ᠬᠠᠷᠢᠭᠤ ᠮᠡᠳᠡᠬᠦᠯᠦᠭᠰᠡᠨ ᠪᠠ ᠰᠢᠢᠳᠪᠦᠷᠢᠯᠡᠬᠦ ᠰᠠᠨᠠᠯ ᠵᠥᠪᠯᠡᠯᠬᠡ ᠲᠡᠪᠰᠢᠬᠦᠯᠪᠡ᠃ | 1953 ᠤᠨ ᠤ ᠬᠠᠪᠤᠷ᠂ ᠡᠳᠡᠬᠡᠷ ᠠᠰᠠᠭᠤᠳᠠᠯ ᠢ ᠰᠢᠢᠳᠪᠦᠷᠢᠯᠡᠬᠦ ᠶᠢᠨ ᠲᠦᠯᠥᠬᠡ ᠦᠪᠡᠷᠳᠡᠬᠡᠨ ᠵᠠᠰᠠᠬᠤ ᠤᠷᠤᠨ ᠤ | ᠨᠠᠮ ᠤᠨ ᠬᠤᠷᠢᠶ᠎ᠠ ᠪᠦᠬᠦ ᠤᠷᠤᠨ ᠤ ᠮᠤᠩᠬᠤᠯ ᠬᠡᠯᠡ ᠪᠢᠴᠢᠭ ᠤᠨ ᠠᠵᠢᠯ ᠤᠨ ᠠᠩᠬᠠᠳᠠᠬᠴᠢ ᠬᠤᠷᠠᠯ ᠢ | ᠬᠤᠷᠠᠯᠳᠤᠭᠤᠯᠵᠤ᠂ ᠤᠷᠤᠰᠢᠵᠤ ᠪᠠᠶᠢᠭ᠎ᠠ ᠠᠰᠠᠭᠤᠳᠠᠯ ᠢ ᠰᠢᠢᠳᠪᠦᠷᠢᠯᠡᠬᠦ ᠤᠯᠠᠨ ᠰᠠᠨᠠᠯ ᠵᠥᠪᠯᠡᠯᠬᠡ ᠬᠤᠷᠢᠶᠠᠪᠠ᠃ | ᠮᠥᠨ ᠵᠢᠯ ᠤᠨ 7 ᠰᠠᠷ᠎ᠠ ᠳᠤ᠂ ︽ᠦᠨᠳᠦᠰᠦᠳᠡᠨ ᠤ ᠬᠡᠯᠡ ᠪᠢᠴᠢᠭ ᠤᠨ ᠠᠵᠢᠯ ᠢ ᠤᠮᠳᠤᠭᠠᠢᠢᠯᠠᠬᠤ ᠬᠡᠯᠪᠡᠷᠢᠯ ᠢ | ᠡᠰᠡᠷᠬᠦᠴᠡᠬᠦ ᠵᠢᠴᠢ ᠦᠨᠳᠦᠰᠦᠳᠡᠨ ᠤ ᠬᠡᠯᠡ ᠪᠢᠴᠢᠭ ᠤᠨ ᠠᠵᠢᠯ ᠢ ᠤᠯᠠᠮ ᠨᠢᠬᠡ ᠠᠯᠬᠤᠮ ᠴᠢᠩᠬᠠᠳᠬᠠᠬᠤ ᠲᠤᠬᠠᠢ | ᠲᠤᠮᠳᠠᠳᠤ ᠤᠯᠤᠰ ᠤᠨ ᠡᠪ ᠬᠠᠮᠳᠤ ᠨᠠᠮ ᠤᠨ ᠲᠦᠪ ᠬᠤᠷᠢᠶᠠᠨ ᠤ ᠮᠤᠩᠬᠤᠯ ᠰᠦᠢᠶᠤᠸᠠᠨ ᠤ ᠬᠤᠪᠢᠶᠠᠷᠢ | ᠲᠤᠪᠴᠢᠶ᠎ᠠ ᠶᠢᠨ ᠵᠢᠭᠠᠪᠤᠷᠢ︾ ᠶᠢ ᠲᠠᠷᠬᠠᠭᠠᠪᠠ᠃ ᠡᠨᠡ ᠪᠤᠯ ᠦᠪᠦᠷ ᠮᠤᠩᠬᠤᠯ ᠤᠨ ᠲᠡᠦᠬᠡᠨ ᠳᠤ ᠮᠤᠩᠬᠤᠯ ᠬᠡᠯᠡ | ᠪᠢᠴᠢᠭ ᠢ ᠰᠤᠷᠴᠤ ᠬᠡᠷᠡᠭᠯᠡᠬᠦ ᠬᠠᠮᠤᠭ ᠠᠩᠬᠠᠨ ᠤ ᠡᠷᠬᠡ ᠰᠦᠷᠳᠦ ᠪᠦᠬᠡᠳ ᠵᠢᠯᠤᠭᠤᠳᠤᠮᠵᠢ ᠶᠢᠨ ᠴᠢᠨᠠᠷᠳᠠᠢ ᠪᠢᠴᠢᠭ | ᠮᠠᠲ᠋ᠧᠷᠢᠶᠠᠯ ᠪᠤᠯᠬᠤ ᠶᠤᠮ᠃ ᠡᠬᠦᠨ ᠤ ᠲᠠᠷᠠᠭᠠᠪᠠᠷ ᠮᠤᠩᠬᠤᠯ ᠬᠡᠯᠡᠨ ᠤ ᠰᠢᠨᠵᠢᠯᠡᠬᠡᠨ ᠤ ᠨᠡᠶᠢᠬᠡᠮᠯᠢᠭ ᠪᠠᠶᠢᠭᠤᠯᠬᠤ᠂ | ᠮᠤᠩᠬᠤᠯ ᠬᠡᠯᠡᠨ ᠤ ᠲᠤᠰᠬᠠᠢ ᠮᠡᠷᠭᠡᠵᠢᠯ ᠤᠨ ᠰᠤᠷᠭᠠᠭᠤᠯᠢ ᠪᠠᠶᠢᠭᠤᠯᠬᠤ᠂ ︽ᠮᠤᠩᠬᠤᠯ ᠬᠡᠯᠡ ᠪᠢᠴᠢᠭ︾ ᠰᠡᠳᠬᠦᠯ ᠢ | ᠬᠡᠪᠯᠡᠯ ᠡᠬᠢᠯᠡᠬᠦᠯᠬᠦ ᠵᠡᠷᠬᠡ ᠤᠯᠠᠨ ᠠᠵᠢᠯ ᠳᠤ ᠤᠬᠠᠭᠠᠨ ᠲᠠᠮᠢᠷ ᠢᠶᠠᠨ ᠰᠢᠪᠬᠠᠵᠤ ᠶᠠᠪᠤᠭᠰᠠᠨ ᠪᠠᠶᠢᠳᠠᠭ᠃ 1966 | ᠤᠨ ᠳᠤ ᠦᠪᠡᠷᠳᠡᠬᠡᠨ ᠵᠠᠰᠠᠬᠤ ᠤᠷᠤᠨ ᠤ ᠬᠡᠯᠡ ᠪᠢᠴᠢᠭ ᠤᠨ ᠵᠥᠪᠯᠡᠯ ᠤᠨ ᠡᠷᠬᠢᠯᠡᠭᠴᠢ ᠶᠢᠨ ᠲᠤᠰᠢᠶᠠᠯ ᠳᠤ | ᠲᠤᠮᠢᠯᠠᠭᠳᠠᠵᠠᠢ᠃ | ᠲᠡᠭᠡᠷ᠎ᠡ ᠵᠠᠭᠤᠨ ᠤ ᠲᠠᠪᠢᠭᠠᠳ ᠤᠨ ᠤ ᠲᠤᠮᠳᠠᠴᠢ ᠪᠠᠷ ᠨᠠᠮ ᠤᠨ ᠲᠦᠪ ᠬᠤᠷᠢᠶ᠎ᠠ ᠠᠴᠠ ᠪᠦᠬᠦ | ᠤᠯᠤᠰ ᠤᠨ ᠴᠦᠬᠡᠨ ᠲᠤᠭᠠᠳᠤ ᠦᠨᠳᠦᠰᠦᠳᠡᠨ ᠤ ᠦᠬᠡ ᠬᠡᠯᠡ ᠦᠰᠦᠭ ᠪᠢᠴᠢᠭ ᠤᠨ ᠬᠡᠷᠡᠭᠯᠡᠬᠡᠨ ᠳᠤ ᠪᠦᠬᠦ | ᠲᠠᠯ᠎ᠠ ᠶᠢᠨ ᠪᠠᠶᠢᠴᠠᠭᠠᠯᠳᠠ ᠬᠢᠬᠦ ᠪᠠᠷ ᠪᠤᠯᠵᠤ᠂ ᠲᠤᠮᠳᠠᠳᠤ ᠤᠯᠤᠰ ᠤᠨ ᠨᠡᠶᠢᠬᠡᠮ ᠤᠨ ᠰᠢᠨᠵᠢᠯᠡᠬᠦ ᠤᠬᠠᠭᠠᠨ ᠤ | ᠬᠦᠷᠢᠶᠡᠯᠡᠩ ᠤᠨ ᠬᠡᠯᠡ ᠰᠤᠳᠤᠯᠬᠤ ᠭᠠᠵᠠᠷ ᠪᠤᠯᠤᠨ ᠲᠦᠪ ᠤᠨ ᠦᠨᠳᠦᠰᠦᠳᠡᠨ ᠤ ᠲᠡᠭᠡᠳᠦ ᠰᠤᠷᠭᠠᠭᠤᠯᠢ | ᠬᠠᠷᠢᠭᠤᠴᠠᠨ ᠬᠦᠢᠴᠡᠳᠬᠡᠬᠦ ᠪᠠᠷ ᠪᠤᠯᠪᠠ᠃ ᠴᠡᠩᠬᠡᠯᠳᠡᠢ ᠪᠠᠷ ᠲᠤᠭᠤᠢᠢᠯᠠᠩ ᠤᠨ ᠲᠠᠷᠤᠭ᠎ᠠ ᠪᠤᠯᠭᠠᠭᠰᠠᠨ 12 | ᠲᠤᠭᠤᠢᠢᠯᠠᠩ ᠮᠤᠩᠬᠤᠯ ᠬᠡᠯᠡᠨ ᠤ ᠨᠤᠳᠤᠭ ᠤᠨ ᠠᠶᠠᠯᠭᠤ ᠪᠠ ᠮᠤᠩᠬᠤᠯ ᠲᠦᠷᠦᠯ ᠬᠡᠯᠡ ᠶᠢ ᠪᠠᠶᠢᠴᠠᠭᠠᠬᠤ ᠪᠠᠷ | ᠬᠠᠷᠠᠮᠦ᠋ᠷᠡᠨ᠂ ᠭᠠᠨᠰᠦ᠂ ᠬᠦᠬᠡᠨᠠᠭᠤᠷ ᠵᠢᠴᠢ ᠦᠪᠦᠷ ᠮᠤᠩᠬᠤᠯ ᠤᠨ ᠡᠯ᠎ᠡ ᠭᠠᠵᠠᠷ ᠢᠶᠠᠷ ᠲᠠᠭᠤᠷ᠂ ᠮᠤᠩᠭᠤᠷ᠂ | ᠳ᠋ᠦᠩᠰᠢᠶᠠᠩ᠂ ᠪᠤᠤ ᠠᠨ᠂ ᠶᠤᠭᠤᠷ ᠬᠡᠯᠡ ᠵᠢᠴᠢ ᠮᠤᠩᠬᠤᠯ ᠬᠡᠯᠡᠨ ᠤ ᠨᠤᠳᠤᠭ ᠤᠨ ᠠᠶᠠᠯᠭᠤ ᠳᠤ ᠪᠠᠶᠢᠴᠠᠭᠠᠯᠳᠠ | ᠬᠢᠬᠦ ᠪᠠᠷ ᠮᠤᠷᠳᠠᠪᠠ᠃ ᠡᠨᠡ ᠨᠢ ᠦᠪᠦᠷ ᠮᠤᠩᠬᠤᠯ ᠤᠨ ᠮᠤᠩᠬᠤᠯ ᠬᠡᠯᠡ ᠪᠢᠴᠢᠭ ᠤᠨ ᠠᠵᠢᠯ ᠤᠨ ᠲᠡᠦᠬᠡᠨ ᠳᠤ | ᠲᠡᠮᠳᠡᠭᠯᠡᠬᠦᠰᠢᠳᠡᠢ ᠨᠢᠬᠡᠨ ᠬᠠᠭᠤᠳᠠᠰᠤ ᠪᠤᠯᠵᠤ᠂ ᠬᠡᠯᠡ ᠠᠶᠠᠯᠭᠤᠨ ᠤ ᠪᠦᠬᠦ ᠲᠠᠯ᠎ᠠ ᠶᠢᠨ ᠪᠠᠶᠢᠳᠠᠯ ᠢ ᠤᠢᠢᠯᠠᠭᠠᠬᠤ | ᠰᠢᠨ᠎ᠡ ᠡᠬᠦᠳᠦᠯᠳᠡ ᠪᠤᠯᠪᠠ᠃ ᠬᠤᠶᠠᠷ ᠵᠢᠯ ᠭᠠᠷᠤᠢ ᠶᠢᠨ ᠬᠤᠭᠤᠴᠠᠭᠠᠨ ᠳᠤ ᠲᠡᠷᠡ ᠬᠤᠶᠠᠷ ᠤᠳᠠᠭ᠎ᠠ ᠶᠢᠨ ᠲᠤᠮᠤ | ᠬᠡᠪᠴᠢᠶᠡᠨ ᠤ ᠬᠡᠯᠡ ᠠᠶᠠᠯᠭᠤ ᠶᠢᠨ ᠪᠠᠶᠢᠴᠠᠭᠠᠯᠳᠠ ᠳᠤ ᠤᠷᠤᠯᠴᠠᠵᠤ᠂ ︽ᠲᠤᠮᠳᠠᠳᠤ ᠤᠯᠤᠰ ᠤᠨ ᠮᠤᠩᠬᠤᠯ ᠲᠦᠷᠦᠯ | ᠬᠡᠯᠡ ᠵᠢᠴᠢ ᠮᠤᠩᠬᠤᠯ ᠠᠮᠠᠨ ᠠᠶᠠᠯᠭᠤᠨ ᠤ ᠶᠡᠷᠦᠩᠬᠡᠢ ᠪᠠᠶᠢᠳᠠᠯ︾ ᠬᠡᠬᠦ ᠦᠬᠦᠯᠡᠯ ᠢᠶᠠᠨ ︽ᠮᠤᠩᠬᠤᠯ ᠬᠡᠯᠡ ᠪᠢᠴᠢᠭ | ︾ ᠰᠡᠳᠬᠦᠯ ᠲᠡᠭᠡᠷ᠎ᠡ ᠨᠡᠶᠢᠳᠡᠯᠡᠬᠦᠯᠪᠡ᠃ ︽21 ᠳ᠋ᠦ᠋ᠬᠡᠷ ᠵᠠᠭᠤᠨ ᠤ ᠴᠦᠬᠡᠨ ᠲᠤᠭᠠᠳᠤ ᠦᠨᠳᠦᠰᠦᠳᠡᠨ ᠤ ᠬᠡᠯᠡᠨ ᠤ | ᠰᠤᠳᠤᠯᠤᠯ︾ ᠨᠤᠮ ᠠᠴᠠ ᠲᠤᠰ ᠦᠬᠦᠯᠡᠯ ᠢ ︽ᠡᠨᠡ ᠪᠤᠯ ᠲᠤᠮᠳᠠᠳᠤ ᠤᠯᠤᠰ ᠤᠨ ᠰᠤᠳᠤᠯᠭᠠᠳᠠᠨ ᠠᠴᠠ | ᠬᠠᠷᠢᠶᠠᠨ ᠳᠠᠬᠢ ᠮᠤᠩᠬᠤᠯ ᠲᠦᠷᠦᠯ ᠬᠡᠯᠡ ᠪᠠ ᠨᠤᠳᠤᠭ ᠤᠨ ᠠᠶᠠᠯᠭᠤᠨ ᠳᠤ ᠪᠦᠬᠦ ᠲᠠᠯ᠎ᠠ ᠶᠢᠨ ᠰᠤᠳᠤᠯᠭᠠᠨ ᠬᠢᠭᠰᠡᠨ | ᠠᠩᠬᠠᠳᠠᠭᠴᠢ ᠪᠦᠳᠦᠬᠡᠯ ᠪᠤᠯᠤᠨ᠎ᠠ᠂ ᠴᠠᠭ ᠦᠶ᠎ᠠ ᠶᠢ ᠰᠤᠨᠳᠠᠯᠠᠭᠰᠠᠨ ᠠᠴᠢ ᠬᠤᠯᠪᠤᠭᠳᠠᠯ ᠲᠠᠢ᠃ ᠴᠡᠩᠬᠡᠯᠳᠡᠢ ᠪᠠᠷ | ᠲᠠᠭᠠᠭᠤᠯᠤᠭᠴᠢ ᠪᠤᠯᠭᠠᠭᠰᠠᠨ ᠦᠪᠦᠷ ᠮᠤᠩᠬᠤᠯ ᠤᠨ ᠡᠷᠳᠡᠮ ᠰᠢᠨᠵᠢᠯᠡᠬᠡᠨ ᠤ ᠰᠤᠳᠤᠯᠭᠠᠨ ᠤ ᠡᠩᠨᠡᠭᠡ ᠲᠤᠮᠳᠠᠳᠤ | ᠤᠯᠤᠰ ᠤᠨ ᠮᠤᠩᠬᠤᠯ ᠬᠡᠯᠡᠨ ᠤ ᠰᠤᠳᠤᠯᠭᠠᠨ ᠤ ᠰᠢᠵᠢᠷ ᠠᠯᠳᠠᠨ ᠦᠶ᠎ᠠ ᠶᠢ ᠨᠡᠬᠡᠬᠡᠬᠦ ᠰᠤᠪᠢᠩ ᠢᠯᠡᠷᠡᠵᠡᠢ︾ ᠬᠡᠵᠥ | ᠦᠨᠳᠦᠷ ᠦᠨᠡᠯᠡᠪᠠ᠃ | |