ᠰᠢᠨᠵᠢᠯᠡᠬᠦ ᠣᠬᠠᠭᠠᠨ ᠢ ᠡᠷᠬᠢᠮᠯᠡᠨ ᠭᠠᠵᠢᠭᠤ ᠰᠣᠷᠭᠠᠯ ᠢ ᠡᠰᠡᠷᠬᠦᠴᠡᠬᠦ ᠰᠠᠨᠠᠭᠠᠴᠢᠯᠠᠭ᠎ᠠ ᠶᠢᠨ ᠪᠢᠴᠢᠭ
ᠨᠡᠶᠢᠲᠡᠯᠡᠭᠰᠡᠨ ᠴᠠᠭ᠄
2016/11/25
       ᠣᠶᠢᠷ᠎ᠠ ᠶᠢᠨ ᠬᠡᠳᠣᠨ ᠵᠢᠯ ᠳᠤ᠂ ᠭᠠᠵᠢᠭᠤ ᠰᠣᠷᠭᠠᠯ ᠡᠯ᠎ᠡ ᠵᠦᠢᠯ ᠤᠨ ᠬᠦᠮᠦᠰ ᠢ ᠬᠠᠭᠤᠷᠬᠤ ᠲᠤᠭ ᠲᠡᠮᠳᠡᠭ ᠢ ᠡᠷᠬᠦᠵᠦ᠂ ᠲᠡᠯᠡᠬᠡᠢ ᠶᠢᠨ ᠬᠡᠪᠴᠢᠶᠡᠨ ᠳᠤ ᠦᠷᠬᠡᠵᠢᠵᠦ ᠪᠠᠶᠢᠨ᠎ᠠ᠃ ᠭᠠᠵᠢᠭᠤ ᠰᠣᠷᠭᠠᠯ ᠤᠨ ᠵᠣᠬᠢᠶᠠᠨ ᠪᠠᠶᠢᠭᠤᠯᠣᠯᠳᠠ ᠮᠣᠬᠤᠷ ᠰᠦᠰᠦᠭ ᠢ ᠰᠣᠷᠳᠠᠯᠴᠢᠯᠠᠵᠦ᠂ ᠰᠢᠨᠵᠢᠯᠡᠬᠦ ᠣᠬᠠᠭᠠᠨ ᠢ ᠡᠰᠡᠷᠬᠦᠴᠡᠨ᠂ ᠠᠷᠠᠳ ᠲᠦᠮᠡᠨ ᠢ ᠮᠣᠩᠬᠠᠷᠠᠭᠤᠯᠣᠨ᠂ ᠨᠢᠬᠡᠨᠳᠡ ᠣᠯᠠᠨ ᠲᠦᠮᠡᠨ ᠤ ᠨᠡᠶᠢᠳᠡ ᠶᠢᠨ ᠲᠠᠶᠢᠰᠣᠨ ᠪᠣᠯᠵᠦ᠂ ᠨᠡᠶᠢᠬᠡᠮ ᠤᠨ ᠬᠦᠭᠵᠢᠯᠳᠡ ᠶᠢ ᠬᠠᠷᠰᠢᠯᠠᠵᠦ ᠪᠠᠶᠢᠨ᠎ᠠ᠃ ᠰᠢᠨᠵᠢᠯᠡᠬᠦ ᠣᠬᠠᠭᠠᠨᠴᠢ ᠡᠷᠡᠬᠦᠯ ᠴᠠᠬᠢᠷᠠᠭ ᠠᠮᠢᠳᠣᠷᠠᠯ ᠤᠨ ᠠᠷᠭ᠎ᠠ ᠬᠡᠯᠪᠡᠷᠢ ᠶᠢ ᠰᠠᠨᠠᠭᠠᠴᠢᠯᠠᠬᠤ᠂ ᠭᠠᠵᠢᠭᠤ ᠰᠣᠷᠭᠠᠯ ᠢ ᠦᠨᠡᠨᠬᠦ ᠢᠯᠭᠠᠵᠦ᠂ ᠣᠬᠠᠮᠰᠠᠷ ᠠᠴᠠ ᠪᠠᠨ ᠭᠠᠵᠢᠭᠤ ᠰᠣᠷᠭᠠᠯ ᠢ ᠡᠰᠡᠷᠬᠦᠴᠡᠬᠦ ᠴᠢᠳᠠᠪᠣᠷᠢ ᠶᠢ ᠪᠣᠢ ᠪᠣᠯᠭᠠᠬᠤ ᠶᠢᠨ ᠲᠦᠯᠦᠬᠡ᠂ ᠪᠢᠳᠡ ᠲᠣᠣᠷᠠᠬᠢ ᠰᠠᠨᠠᠭᠠᠴᠢᠯᠠᠭ᠎ᠠ ᠶᠢ ᠭᠠᠷᠭᠠᠪᠠ᠄         ᠨᠢᠬᠡ   ᠪᠣᠳᠠᠳᠣ ᠴᠢᠨᠠᠷ ᠢ ᠪᠠᠷᠢᠵᠦ᠂ ᠭᠠᠵᠢᠭᠤ ᠰᠣᠷᠭᠠᠯ ᠢ ᠢᠯᠭᠠᠬᠤ        ᠭᠠᠵᠢᠭᠤ ᠰᠣᠷᠭᠠᠯ ᠤᠨ ᠮᠦᠨ ᠴᠢᠨᠠᠷ ᠤᠨ ᠣᠨᠴᠠᠯᠢᠭ᠄⑴ ᠬᠠᠭᠤᠷᠮᠠᠭ ᠱᠠᠰᠢᠨ᠂ ᠬᠠᠣᠯᠢ ᠪᠣᠰᠣ ᠪᠠᠷ ᠱᠠᠰᠢᠨ ᠰᠣᠷᠳᠠᠯᠴᠢᠯᠠᠬᠤ᠃⑵ ᠴᠣᠣᠳᠠᠮᠨᠠᠨ ᠠᠶᠣᠯᠭᠠᠬᠤ᠂ ︽ᠶᠢᠷᠳᠢᠨᠴᠦ ᠡᠴᠦᠰᠯᠡᠬᠦ︾ ᠶᠠᠷᠢᠶ᠎ᠠ ᠲᠠᠷᠠᠬᠠᠬᠤ᠃⑶ ᠨᠢᠭᠤᠴᠠ ᠵᠣᠬᠢᠶᠠᠨ ᠪᠠᠶᠢᠭᠤᠯᠣᠯᠳᠠ ᠪᠠᠶᠢᠭᠤᠯᠬᠤ᠂ ᠠᠵᠢᠯᠯᠠᠭ᠎ᠠ ᠨᠢ ᠨᠢᠭᠤᠴᠠ ᠵᠢᠭᠳᠡᠢ᠃⑷ ᠱᠠᠰᠢᠨ ᠤ ᠬᠠᠭᠠᠨ  ᠢᠶᠠᠨ ᠰᠠᠬᠢᠭᠤᠯᠰᠣᠨᠴᠢᠯᠠᠬᠤ᠂ ᠦᠵᠡᠯ ᠰᠠᠨᠠᠭ᠎ᠠ ᠶᠢ ᠡᠵᠡᠮᠳᠡᠬᠦ᠃⑸ ᠬᠠᠭᠤᠷᠮᠠᠭ ᠢᠶᠠᠷ ᠬᠠᠯᠠᠮᠵᠢᠯᠠᠵᠦ᠂ ᠬᠦᠮᠦᠰ ᠤᠨ ᠰᠡᠳᠬᠢᠯ ᠢ ᠲᠠᠳᠠᠨ᠂ ᠵᠣᠬᠢᠶᠠᠨ ᠪᠠᠶᠢᠭᠤᠯᠣᠯᠳᠠ ᠪᠠᠨ ᠦᠷᠬᠡᠳᠬᠡᠬᠦ᠃⑹ ᠶᠠᠩᠵᠦ ᠶᠢᠨ ᠠᠷᠭ᠎ᠠ ᠪᠠᠷ ᠡᠳ᠋ ᠮᠦᠩᠬᠦ ᠮᠡᠬᠡᠯᠡᠨ ᠴᠣᠭᠯᠠᠭᠤᠯᠬᠤ᠃⑺ ᠵᠠᠰᠠᠭ ᠤᠨ ᠣᠷᠳᠣᠨ ᠢ ᠡᠰᠡᠷᠬᠦᠴᠡᠨ᠂ ᠨᠡᠶᠢᠬᠡᠮ ᠯᠦᠬᠡ ᠦᠰᠢᠶᠡᠷᠬᠡᠬᠦ᠃         ᠬᠤᠶᠠᠷ  ᠦᠪᠡᠷ ᠤᠨ ᠪᠡᠶ᠎ᠡ ᠠᠴᠠ ᠪᠠᠨ ᠡᠬᠢᠯᠡᠨ ᠭᠠᠵᠢᠭᠤ ᠰᠣᠷᠭᠠᠯ ᠢ ᠡᠰᠡᠷᠬᠦᠴᠡᠬᠦ         ᠰᠢᠨᠵᠢᠯᠡᠬᠦ ᠣᠬᠠᠭᠠᠨ ᠢ ᠡᠷᠬᠢᠮᠯᠡᠨ ᠭᠠᠵᠢᠭᠤ ᠰᠣᠷᠭᠠᠯ ᠢ ᠡᠰᠡᠷᠬᠦᠴᠡᠬᠦ ᠶᠢ ᠦᠪᠡᠷ ᠤᠨ ᠪᠡᠶ᠎ᠡ ᠠᠴᠠ ᠪᠠᠨ ᠡᠬᠢᠯᠡᠨ ᠬᠢᠨ᠎ᠡ᠃ ᠪᠢᠳᠡ ᠭᠠᠵᠢᠭᠤ ᠰᠣᠷᠭᠠᠯ ᠤᠨ ᠬᠠᠮᠢᠶ᠎ᠠ ᠲᠠᠢ ᠣᠬᠠᠭᠤᠯᠭ᠎ᠠ ᠶᠢᠨ ᠬᠠᠭᠤᠳᠠᠰᠣ᠂ ᠵᠠᠬᠢᠳᠠᠯ ᠤᠨ ᠵᠦᠢᠯ ᠪᠣᠯᠣᠨ ᠠᠯᠢᠪᠠ ᠣᠬᠠᠭᠤᠯᠭ᠎ᠠ ᠶᠢᠨ ᠠᠵᠢᠯᠯᠠᠭ᠎ᠠ ᠶᠢ ᠲᠡᠪᠴᠢᠵᠦ᠂ ᠭᠠᠵᠢᠭᠤ ᠰᠣᠷᠭᠠᠯ ᠤᠨ ᠨᠡᠪᠴᠢᠯᠳᠠ ᠶᠢ ᠲᠡᠪᠴᠢᠵᠦ᠂ ᠭᠠᠵᠢᠭᠤ ᠰᠣᠷᠭᠠᠯ ᠪᠢᠳᠡᠨ ᠤ ᠬᠡᠷ ᠪᠦᠯᠢ ᠳᠤ ᠨᠡᠪᠴᠢᠬᠦ ᠪᠣᠯᠣᠨ ᠣᠬᠠᠭᠤᠯᠭ᠎ᠠ ᠬᠢᠬᠦ ᠶᠢ ᠲᠠᠪᠴᠢᠵᠦ᠂ ᠯᠠᠪᠳᠠᠭᠤᠨ ᠵᠣᠭᠰᠣᠯᠳᠠ ᠶᠢ ᠪᠣᠢ ᠪᠣᠯᠭᠠᠵᠦ᠂ ᠰᠢᠷᠭᠠᠭᠤ ᠰᠣᠷᠣᠯᠴᠠᠨ ᠬᠠᠳᠠᠭᠤᠵᠢᠯᠳᠠᠢ ᠪᠣᠯᠪᠠᠰᠣᠷᠠᠬᠤ ᠦᠵᠡᠯ ᠰᠠᠨᠠᠭ᠎ᠠ ᠶᠢ ᠪᠣᠢ ᠪᠣᠯᠭᠠᠵᠦ᠂ ᠦᠪᠡᠷ ᠤᠨ ᠬᠤᠣᠰ ᠭᠠᠷ ᠢᠶᠠᠷ ᠢᠶᠠᠨ ᠵᠣᠯ ᠵᠢᠷᠭᠠᠯᠳᠠᠢ ᠠᠮᠢᠳᠣᠷᠠᠯ ᠢᠶᠠᠨ ᠡᠬᠦᠳᠦᠨ ᠪᠠᠶᠢᠭᠤᠯᠵᠦ᠂ ᠮᠠᠨ ᠤ ᠪᠣᠯᠪᠠᠰᠣᠨ ᠲᠠᠪᠰᠢᠩᠭᠤᠢ ᠦᠵᠡᠯ ᠰᠠᠨᠠᠭ᠎ᠠ ᠦᠢᠯᠡ ᠠᠵᠢᠯᠯᠠᠭ᠎ᠠ ᠪᠠᠷ ᠢᠶᠠᠨ ᠡᠷᠡᠬᠦᠯ ᠴᠠᠬᠢᠷᠠᠭ ᠦᠬᠡᠳᠡ ᠵᠣᠷᠢᠭ ᠰᠠᠨᠠᠭᠠᠨ ᠤ ᠬᠠᠨᠳᠣᠰᠢ ᠶᠢ ᠴᠣᠭᠴᠠᠯᠠᠨ᠎ᠠ᠃         ᠭᠤᠷᠪᠠ   ᠭᠠᠵᠢᠭᠤ ᠰᠣᠷᠭᠠᠯ ᠲᠠᠢ ᠡᠷᠡᠰ ᠲᠡᠮᠡᠴᠡᠬᠦ       ᠭᠠᠵᠢᠭᠤ ᠰᠣᠷᠭᠠᠯ ᠲᠠᠢ ᠲᠠᠭᠠᠷᠠᠯᠳᠣᠬᠤ ᠦᠶᠡᠰ ᠪᠢᠳᠡ ᠰᠣᠨᠣᠰᠬᠤ ᠦᠬᠡᠢ᠂ ᠢᠳᠡᠬᠡᠬᠦ ᠦᠬᠡᠢ᠂ ᠲᠠᠮᠵᠢᠭᠤᠯᠬᠤ ᠦᠬᠡᠢ᠃ ᠭᠠᠵᠢᠭᠤ ᠰᠣᠷᠭᠠᠯ ᠤᠨ ᠣᠬᠠᠭᠤᠯᠭ᠎ᠠ ᠶᠢᠨ ᠵᠦᠢᠯ ᠢ ᠰᠡᠷᠡᠵᠦ ᠮᠡᠳᠡᠪᠡᠯ ᠪᠢᠳᠡ ᠬᠦᠳᠡᠯᠦᠩᠬᠦᠢ ᠪᠠᠷ ᠲᠡᠭᠡᠭᠰᠢ ᠲᠣᠰᠢᠶᠠᠨ᠎ᠠ᠃ ᠭᠠᠵᠢᠭᠤ ᠰᠣᠷᠭᠠᠯ ᠤᠨ ᠲᠡᠷᠰᠯᠡᠬᠦᠦ ᠣᠬᠠᠭᠤᠯᠭ᠎ᠠ ᠶᠢᠨ ᠣᠷᠢᠶ᠎ᠠ ᠯᠣᠽᠦ᠋ᠩ ᠢ ᠦᠵᠡᠪᠡᠯ ᠪᠢᠳᠡ ᠴᠠᠭ ᠢ ᠠᠮᠵᠢᠨ ᠴᠡᠪᠡᠷᠯᠡᠵᠦ ᠬᠠᠶᠠᠨ᠎ᠠ᠃ ᠭᠠᠵᠢᠭᠤ ᠰᠣᠷᠭᠠᠯ ᠤᠨ ᠵᠣᠬᠢᠶᠠᠨ ᠪᠠᠶᠢᠭᠤᠯᠣᠭᠰᠠᠨ ᠬᠦᠳᠡᠯᠬᠡᠬᠡᠨ ᠲᠠᠢ ᠲᠠᠭᠠᠷᠠᠯᠳᠣᠪᠠᠯ ᠪᠢᠳᠡ ᠢᠯᠡᠴᠢᠯᠡᠨ ᠮᠡᠳᠡᠬᠦᠯᠦᠨ᠎ᠡ᠃ ᠪᠣᠰᠣᠳ ᠤᠨ ᠮᠡᠬᠡᠯᠡᠭᠳᠡᠨ ᠬᠠᠭᠤᠷᠠᠭᠳᠠᠭᠰᠠᠨ ᠢ ᠦᠵᠡᠪᠡᠯ ᠡᠷᠳᠡᠬᠡᠨ ᠰᠠᠨᠠᠭᠤᠯᠣᠨ᠎ᠠ᠃         ᠲᠦᠷᠪᠡ   ᠰᠢᠨᠵᠢᠯᠡᠬᠦ ᠣᠬᠠᠭᠠᠨ ᠢ ᠡᠷᠬᠢᠮᠯᠡᠨ ᠭᠠᠵᠢᠭᠤ ᠰᠣᠷᠭᠠᠯ ᠠᠴᠠ ᠵᠠᠶᠢᠳᠠᠨ᠎ᠠ       ᠪᠢᠳᠡ ᠰᠢᠨᠵᠢᠯᠡᠬᠦ ᠣᠬᠠᠭᠠᠨᠴᠢ ᠣᠨᠣᠯ ᠢᠶᠠᠷ ᠲᠠᠷᠢᠬᠢ ᠲᠣᠯᠣᠭᠠᠢ ᠪᠠᠨ ᠵᠡᠪᠰᠡᠭᠯᠡᠵᠦ᠂ ᠪᠣᠯᠪᠠᠰᠣᠨ ᠢᠶᠠᠷ ᠪᠣᠯᠬᠢ ᠮᠣᠩᠬᠠᠭ ᠢ ᠢᠯᠡᠵᠦ᠂ ᠪᠡᠶ᠎ᠡ ᠲᠠᠮᠢᠷ ᠤᠨ ᠪᠣᠯᠪᠠᠰᠣᠷᠠᠯ ᠳᠤ ᠢᠳᠡᠪᠬᠢᠳᠡᠢ ᠣᠷᠣᠯᠴᠠᠨ᠂ ᠡᠷᠡᠬᠦᠯ ᠪᠣᠯᠪᠠᠰᠣᠨ ᠰᠣᠶᠣᠯ ᠴᠡᠩᠬᠡᠯ ᠤᠨ ᠬᠦᠳᠡᠯᠬᠡᠬᠡᠨ ᠳᠤ ᠣᠶᠢᠷᠠᠳᠣᠵᠦ᠂ ᠰᠢᠨᠵᠢᠯᠡᠬᠦ ᠣᠬᠠᠭᠠᠨᠴᠢ ᠰᠣᠶᠣᠯ ᠤᠨ ᠰᠣᠷᠳᠠᠯ ᠢ ᠰᠣᠷᠳᠠᠯᠴᠢᠯᠠᠵᠦ᠂ ᠰᠢᠨᠵᠢᠯᠠᠬᠦ ᠣᠬᠠᠭᠠᠨᠴᠢ ᠵᠣᠷᠢᠭ ᠰᠠᠨᠠᠭ᠎ᠠ ᠪᠠᠳᠠᠷᠠᠭᠤᠯᠣᠨ᠂ ᠭᠠᠵᠢᠭᠤ ᠰᠣᠷᠭᠠᠯ ᠮᠣᠬᠤᠷ ᠰᠦᠰᠦᠭ  ᠢ ᠡᠰᠡᠷᠬᠦᠴᠡᠨ᠎ᠡ᠃      ᠪᠢᠳᠡ ᠨᠡᠷ ᠣᠳᠣ ᠠᠴᠠ ᠡᠬᠢᠯᠡᠨ ᠦᠪᠡᠷ ᠤᠨ ᠰᠢᠨᠵᠢᠯᠡᠬᠦ ᠣᠬᠠᠭᠠᠨᠴᠢ ᠵᠣᠷᠢᠭ ᠰᠠᠨᠠᠭ᠎ᠠ ᠪᠣᠯᠣᠨ ᠬᠦᠮᠦᠡᠯᠢᠭ ᠵᠣᠷᠢᠭ ᠰᠠᠨᠠᠭ᠎ᠠ ᠪᠠᠨ ᠲᠠᠰᠣᠷᠠᠯᠳᠠ ᠦᠬᠡᠢ ᠪᠣᠶᠢᠵᠢᠭᠤᠯᠬᠤ ᠶᠢ ᠠᠩᠬᠠᠷᠴᠣ᠂ ᠭᠠᠵᠢᠭᠤ ᠰᠣᠷᠭᠠᠯ ᠢ ᠢᠯᠭᠠᠬᠤ᠂ ᠦᠪᠡᠷ ᠤᠨ ᠣᠬᠠᠮᠰᠠᠷ ᠠᠴᠠ ᠪᠠᠨ ᠭᠠᠵᠢᠭᠤ ᠰᠣᠷᠭᠠᠯ ᠢ ᠡᠰᠡᠷᠬᠦᠴᠡᠬᠦ ᠴᠢᠳᠠᠪᠣᠷᠢ ᠪᠠᠨ ᠲᠠᠰᠣᠷᠣᠯᠳᠠ ᠦᠬᠡᠢ ᠲᠡᠭᠡᠭᠰᠢᠯᠡᠬᠦᠯᠵᠦ᠂ ᠭᠠᠵᠢᠭᠤ ᠰᠣᠷᠭᠠᠯ ᠤᠨ ᠬᠦᠳᠡᠯᠬᠡᠬᠡᠨ ᠢ ᠵᠣᠬᠢᠶᠠᠨ ᠪᠠᠶᠢᠭᠤᠯᠣᠨ ᠣᠷᠣᠯᠴᠠᠭᠴᠢ ᠢ ᠢᠳᠬᠠᠵᠦ ᠭᠠᠵᠢᠭᠤ ᠰᠣᠷᠭᠠᠯ ᠯᠤᠭ᠎ᠠ ᠬᠠᠭᠠᠴᠠᠭᠤᠯᠣᠨ᠎ᠠ᠃      ᠭᠠᠵᠢᠭᠤ ᠰᠣᠷᠭᠠᠯ ᠤᠨ ᠮᠦᠨ ᠴᠢᠨᠠᠷ ᠨᠢ ᠢᠯᠡᠷᠡᠬᠦᠯᠦᠬᠦᠰᠢᠳᠡᠢ᠃ ᠭᠠᠵᠢᠭᠤ ᠰᠣᠷᠭᠠᠯ ᠤᠨ ᠪᠣᠬᠢᠷ ᠠᠮᠢᠰᠬᠤᠯ  ᠢ ᠴᠡᠪᠡᠷᠯᠡᠬᠦ ᠶᠢᠨ ᠲᠦᠯᠦᠬᠡ᠂ ᠦᠨᠳᠦᠰᠦᠳᠡᠨ ᠤ ᠰᠢᠳᠣᠷᠭᠤ ᠶᠣᠰᠣ ᠪᠣᠯᠣᠨ ᠠᠮᠣᠷ ᠲᠣᠭᠳᠠᠭᠤᠨ ᠤ ᠲᠦᠯᠦᠭᠡ᠂ ᠠᠷᠠᠳ ᠲᠦᠮᠡᠨ ᠤ ᠵᠣᠯ ᠵᠢᠷᠭᠠᠯ ᠪᠣᠯᠣᠨ ᠠᠮᠣᠷ ᠮᠠᠨᠳᠣ ᠶᠢᠨ ᠲᠦᠯᠦᠬᠡ᠂ ᠪᠢᠳᠡ ᠨᠡᠷ ᠣᠯᠠᠨ ᠲᠦᠮᠡᠨ ᠤ ᠭᠠᠷ ᠭᠠᠷ  ᠢᠶᠠᠨ ᠬᠤᠯᠪᠣᠯᠴᠠᠨ᠂ ᠭᠠᠵᠢᠭᠤ ᠰᠣᠷᠭᠠᠯ ᠢ ᠡᠰᠡᠷᠬᠦᠴᠡᠬᠦ ᠶᠡᠭᠡ ᠲᠤᠭ ᠢ ᠦᠨᠳᠦᠷ ᠲᠤ ᠡᠷᠬᠦᠵᠦ᠂ ᠭᠠᠵᠢᠭᠤ ᠰᠣᠷᠭᠠᠯ  ᠤᠨ ᠡᠨᠡᠬᠦ ᠬᠤᠣᠷᠳᠣ ᠪᠠᠮ ᠢ ᠦᠨᠳᠦᠰᠦᠨ ᠠᠴᠠ ᠨᠢ ᠵᠦᠰᠦᠵᠦ ᠬᠠᠶᠠᠨ᠂ ᠨᠡᠶᠢᠬᠡᠮ ᠤᠨ ᠰᠢᠳᠣᠷᠭᠤ ᠰᠣᠷᠳᠠᠯ ᠢ ᠦᠨᠳᠦᠷ ᠲᠤ ᠮᠠᠨᠳᠣᠭᠤᠯᠵᠦ᠂ ᠠᠷᠠᠳ ᠲᠦᠮᠡᠨ ᠤ ᠪᠡᠶ᠎ᠡ ᠰᠡᠳᠬᠢᠯ ᠢ ᠡᠷᠡᠬᠦᠯᠵᠢᠬᠦᠯᠵᠦ᠂ ᠣᠯᠣᠰ ᠭᠡᠷ ᠤᠨ ᠣᠷᠳᠣ ᠣᠳᠠᠭᠠᠨ ᠠᠮᠣᠷ ᠲᠠᠶᠢᠪᠣᠩ ᠪᠠᠶᠢᠬᠤ ᠶᠢ ᠬᠠᠯᠠᠭᠤᠨ ᠢᠶᠠᠷ ᠬᠦᠰᠡᠨᠡᠮ᠃
 
ᠢᠷᠡᠯᠲᠡ᠄ ᠣᠯᠠᠭᠠᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号