| ᠵᠡᠭᠦᠨ ᠦᠵᠦᠮᠦᠴᠢᠨ ᠬᠤᠰᠢᠭᠤᠨ ᠤ ᠭᠠᠭᠢᠯ ᠰᠤᠮᠤᠨ ᠤ ᠡᠷᠢᠶᠠᠨᠪᠤᠯᠠᠭ ᠭᠠᠴᠠᠭᠠᠨ ᠤ ᠠᠪᠤᠷᠭᠤ ᠮᠠᠯᠴᠢᠨ | ᠪᠠᠳᠮᠠᠰᠠᠷᠠᠩ ᠭᠤᠸᠠᠢ ᠪᠤᠯ ᠤᠷᠤᠨ ᠨᠤᠳᠤᠭ ᠲᠠᠭᠠᠨ ᠤᠯᠠᠭᠠᠨ ᠠᠩᠭᠢᠰ ᠦᠭᠡᠷ ᠰᠤᠩᠭᠤᠨ ᠪᠤᠶᠢᠵᠢᠭᠤᠯᠵᠤ | ᠠᠮᠵᠢᠯᠳᠠ ᠤᠯᠤᠬᠰᠠᠨ ᠭᠦᠮᠦᠨ ᠶᠤᠮ᠃ ᠳᠡᠳᠡᠨ ᠤ ᠬᠢᠨ 1999 ᠤᠨ ᠳᠤ ᠦᠭᠡᠷ ᠰᠦᠷᠦᠭ ᠲᠡᠭᠡᠨ ᠭᠦᠪᠦᠷᠡᠯ | ᠰᠢᠯᠵᠢᠭᠦᠯᠦᠨ ᠰᠢᠯᠢᠳᠡᠭ ᠡᠭᠦᠯᠳᠡᠷ ᠤᠨ ᠤᠯᠠᠭᠠᠨ ᠠᠩᠭᠢᠰ ᠦᠭᠡᠷ ᠰᠤᠩᠭᠤᠨ ᠪᠤᠶᠢᠵᠢᠭᠤᠯᠤᠬᠰᠠᠨ ᠠᠴᠠ ᠤᠳᠤ | ᠪᠤᠯᠬᠤ ᠳᠤ ᠨᠢᠭᠡᠨᠳᠡ 17 ᠵᠢᠯ ᠤᠨ ᠨᠢᠭᠤᠷ ᠢ ᠦᠵᠡᠵᠤ᠂ 200 ᠭᠠᠷᠤᠢ ᠦᠭᠡᠷ ᠨᠢ ᠪᠦᠷ ᠴᠡᠪᠡᠷ ᠡᠭᠦᠯᠳᠡᠷ ᠤᠨ | ᠤᠯᠠᠭᠠᠨ ᠠᠩᠭᠢᠰ ᠦᠭᠡᠷ ᠪᠤᠯᠵᠠᠢ᠃ 17 ᠵᠢᠯ ᠤᠯᠠᠭᠠᠨ ᠠᠩᠭᠢᠰ ᠦᠭᠡᠷ ᠰᠤᠩᠭᠤᠨ ᠪᠤᠶᠢᠵᠢᠭᠤᠯᠬᠤ ᠶᠠᠪᠤᠴᠠ | ᠳᠤᠮᠳᠠ ᠪᠠᠳᠮᠠᠰᠠᠷᠠᠩ ᠭᠤᠸᠠᠢ ᠤᠯᠠᠭᠠᠨ ᠠᠩᠭᠢᠰ ᠦᠭᠡᠷ ᠮᠠᠯᠵᠢᠬᠤ ᠦᠷ᠎ᠡ ᠠᠰᠢᠬ᠂ ᠵᠠᠷᠤᠳᠠᠯ ᠪᠠᠷᠢᠳᠠᠯ ᠤᠨ ᠳᠤᠬᠠᠢ | ᠨᠠᠷᠢᠨ ᠤᠢᠢᠯᠠᠭᠠᠯᠳᠠ ᠲᠠᠢ ᠪᠤᠯᠤᠭᠰᠠᠨ ᠪᠠᠶᠢᠯ᠎ᠠ᠃ ᠤᠯᠠᠭᠠᠨ ᠠᠩᠭᠢᠰ ᠦᠭᠡᠷ ᠭᠦᠢᠳᠡᠨ ᠳᠤ ᠳᠠᠭᠠᠭᠠᠴᠠᠳᠠᠢ᠂ | ᠪᠡᠯᠴᠢᠭᠡᠷ ᠤᠰᠤᠨ ᠳᠤ ᠠᠮᠠᠷᠬᠠᠨ ᠳᠠᠰᠬᠤ᠂ ᠡᠪᠡᠳᠴᠢᠨ ᠭᠡᠮ ᠢ ᠡᠰᠡᠷᠭᠦᠴᠡᠭᠦ ᠴᠢᠳᠠᠪᠤᠷᠢ ᠰᠠᠶᠢᠨ ᠵᠢᠴᠢ ᠫᠧᠩ | ᠬᠤᠷᠤᠭᠠᠨ ᠳᠤ ᠬᠤᠷᠢᠬᠤ ᠳᠤ ᠮᠦᠷᠭᠦᠯᠳᠦᠭᠦ ᠦᠭᠡᠢ ᠵᠡᠷᠭᠡ ᠤᠨᠴᠠᠯᠢᠭ ᠲᠠᠢ ᠪᠠᠶᠢᠳᠠᠭ ᠪᠤᠯᠬᠤᠷ ᠦᠵᠦᠮᠦᠴᠢᠨ ᠤ | ᠳᠠᠯ᠎ᠠ ᠨᠤᠳᠤᠭ ᠲᠤ ᠨᠡᠯᠢᠶᠡᠳ ᠳᠤᠭᠢᠷᠠᠳᠠᠭ᠃ ᠤᠯᠠᠭᠠᠨ ᠠᠩᠭᠢᠰ ᠦᠭᠡᠷ ᠨᠤᠳᠤᠭ ᠤᠨ ᠦᠭᠡᠷ ᠢ ᠪᠤᠳᠤᠪᠠᠯ ᠭᠠᠷ | ᠬᠠᠷᠠᠨ᠎ᠠ᠃ ᠳᠠᠷᠤᠢ ᠡᠪᠤᠯ ᠬᠠᠪᠤᠷ ᠤᠨ ᠴᠠᠭ ᠲᠤ ᠢᠯᠡᠭᠦᠭᠡᠨ ᠳᠡᠵᠢᠭᠡᠵᠤ ᠪᠤᠷᠳᠤᠬᠤ ᠭᠡᠷᠡᠭᠳᠠᠢ ᠪᠠᠶᠢᠳᠠᠭ ᠶᠤᠮ᠃ ︽ | ᠵᠢᠯ ᠤᠨ ᠦᠡᠭᠭᠡ᠂ ᠪᠡᠯᠴᠢᠭᠡᠷ ᠤᠰᠤ ᠵᠡᠷᠭᠡ ᠪᠠᠨ ᠦᠵᠡᠵᠤ ᠦᠭᠡᠷ ᠰᠦᠷᠦᠭ ᠢᠶᠠᠨ 100 — 150 ᠬᠤᠨᠤᠭ | ᠳᠡᠵᠢᠭᠡᠳᠡᠭ᠃ ᠶᠡᠷᠤᠨᠢ ᠦᠷᠯᠦᠭᠡ ᠤᠷᠤᠢ ᠳᠠᠭᠠᠨ ᠳᠡᠵᠢᠭᠡᠵᠤ ᠡᠳᠤᠷ ᠤᠨ ᠨᠢᠭᠡ ᠦᠭᠡᠷ ᠤᠨ 10 ᠵᠢᠩ ᠡᠪᠡᠰᠤ | ᠦᠭᠭᠦᠨ᠎ᠡ᠃ ᠳᠤᠭᠤᠯᠯᠠᠬᠤ ᠦᠨᠢᠶ᠎ᠡ᠂ ᠶᠠᠳᠠᠷ ᠳᠤᠷᠤᠢ ᠮᠠᠯ ᠵᠡᠷᠭᠡ ᠳᠡᠭᠡᠨ ᠡᠳᠤᠷ ᠲᠤ 3 — 5 ᠵᠢᠩ ᠪᠤᠷᠳᠤᠭ᠎ᠠ | ᠦᠭᠳᠡᠭ᠃ ᠡᠳᠡᠭᠡᠷ ᠦᠭᠡᠷ ᠨᠤᠳᠤᠭ ᠤᠨ ᠦᠭᠡᠷ ᠢ ᠪᠤᠳᠤᠪᠠᠯ ᠭᠠᠷ ᠬᠠᠷᠠᠨ᠎ᠠ ᠰᠢᠤ᠂ ᠡᠪᠤᠯ ᠬᠠᠪᠤᠷ ᠲᠠᠭᠠᠨ ᠰᠠᠶᠢᠨ | ᠳᠡᠵᠢᠭᠡᠭᠦ ᠦᠭᠡᠢ ᠪᠤᠯ ᠠᠮᠠᠷᠬᠠᠨ ᠡᠴᠡᠵᠤ ᠳᠤᠷᠠᠨᠠ︾ ᠭᠡᠵᠤ ᠪᠠᠳᠮᠠᠰᠠᠷᠠᠩ ᠭᠤᠸᠠᠢ ᠮᠠᠨ ᠳᠤ ᠶᠠᠷᠢᠯ᠎ᠠ᠃ ᠨᠢᠭᠡ | ᠤᠯᠠᠭᠠᠨ ᠠᠩᠭᠢᠰ ᠦᠨᠢᠶ᠎ᠡ ᠶᠢ ᠡᠪᠦᠯᠵᠢᠭᠦᠯᠭᠦ ᠳᠤ ᠦᠨᠦ ᠵᠢᠯ ᠤᠨ ᠡᠪᠡᠰᠤ ᠪᠤᠷᠳᠤᠭᠠᠨ ᠤ ᠦᠨ᠎ᠡ ᠪᠠᠷ ᠪᠤᠳᠤᠪᠠᠯ | 1725 ᠲᠦᠭᠦᠷᠢᠭ ᠤᠷᠤᠨ᠎ᠠ᠃ ᠡᠭᠦᠨ ᠤ ᠳᠡᠭᠡᠷ᠎ᠡ ᠭᠡᠭᠡᠯᠳᠦᠭᠦᠯᠭᠡ ᠶᠢᠨ ᠰᠦᠢᠳᠭᠡᠯ 200 ᠲᠦᠭᠦᠷᠢᠭ᠂ | ᠤᠭᠢᠶᠠᠯᠳᠠ ᠴᠢᠳᠬᠤᠯᠳᠠ᠂ ᠬᠤᠷᠤᠬᠠᠢ ᠳᠠᠭᠤᠬᠤ ᠰᠦᠢᠳᠭᠡᠯ 5 ᠲᠦᠭᠦᠷᠢᠭ᠂ ᠤᠰᠤᠨ ᠤ ᠵᠠᠷᠤᠳᠠᠯ 50 | ᠲᠦᠭᠦᠷᠢᠭ ᠵᠢᠴᠢ ᠨᠤᠳᠤᠭ ᠪᠡᠯᠴᠢᠭᠡᠷ ᠤᠨ ᠪᠦᠳᠦᠭᠡᠨ ᠪᠠᠶᠢᠭᠤᠯᠤᠯᠳᠠ ᠶᠢᠨ ᠵᠠᠷᠤᠳᠠᠯ 80 ᠲᠦᠭᠦᠷᠢᠭ ᠵᠡᠷᠭᠡ ᠪᠠᠨ | ᠨᠡᠮᠡᠪᠡᠯ ᠡᠳ᠋ ᠪᠤᠳᠠᠰ ᠤᠨ ᠳᠠᠯ᠎ᠠ ᠶᠢᠨ ᠵᠠᠷᠤᠳᠠᠯ ᠮᠦᠡᠭᠭᠦ 2060 ᠲᠦᠭᠦᠷᠢᠭ ᠤᠷᠴᠢᠮ ᠤᠷᠤᠨ᠎ᠠ᠃ ᠪᠠᠳᠮᠠᠰᠠᠷᠠᠩ | ᠭᠤᠸᠠᠢ ᠶᠢᠨ ᠬᠢᠨ ᠦᠭᠡᠷ ᠰᠦᠷᠦᠭ ᠳᠡᠭᠡᠷ᠎ᠡ ᠪᠠᠨ ᠭᠦᠯᠦᠰᠦᠨ ᠤ ᠭᠦᠮᠦᠨ ᠵᠠᠷᠤᠳᠠᠭ ᠦᠭᠡᠢ ᠪᠠᠶᠢᠵᠤ᠂ ᠦᠪᠡᠷᠳᠡᠭᠡᠨ | ᠠᠷᠠᠴᠢᠯᠠᠨ ᠮᠠᠯᠵᠢᠳᠠᠭ ᠪᠤᠯᠬᠤᠷ ᠭᠦᠴᠦᠨ ᠤ ᠭᠦᠮᠦᠨ ᠤ ᠭᠦᠯᠦᠰᠦ ᠭᠡᠵᠤ ᠪᠠᠶᠢᠳᠠᠭ ᠦᠭᠡᠢ᠃ ᠵᠦᠪᠭᠡᠨ ᠦᠪᠡᠷ ᠤᠨ | ᠭᠦᠴᠤ ᠭᠦᠳᠡᠯᠮᠦᠷᠢ ᠶᠢᠨ ᠵᠠᠷᠤᠳᠠᠯ ᠯᠡ ᠪᠠᠶᠢᠵᠤ᠂ ᠪᠠᠷᠤᠭ ᠨᠢᠭᠡ ᠦᠭᠡᠷ ᠤᠨ 100 ᠲᠦᠭᠦᠷᠢᠭ ᠤᠷᠴᠢᠮ | ᠨᠤᠬᠳᠠᠳᠠᠭ᠃ ᠢᠡᠭᠭᠢᠵᠤ ᠪᠤᠳᠤᠵᠤ ᠦᠵᠡᠪᠡᠯ᠂ ᠮᠠᠯᠴᠢᠨ ᠪᠠᠳᠮᠠᠰᠠᠷᠠᠩ ᠤᠨ ᠮᠠᠯᠵᠢᠵᠤ ᠪᠠᠶᠢᠭ᠎ᠠ ᠤᠯᠠᠭᠠᠨ ᠠᠩᠭᠢᠰ | ᠦᠭᠡᠷ ᠤᠨ ᠳᠡᠵᠢᠭᠡᠨ ᠦᠷᠡᠵᠢᠭᠦᠯᠭᠦ ᠦᠷᠳᠡᠭ ᠨᠢ ᠳᠡᠭᠰᠢᠳᠭᠡᠭᠡᠳ 2160 ᠲᠦᠭᠦᠷᠢᠭ ᠤᠷᠴᠢᠮ ᠳᠤ ᠭᠦᠷᠳᠡᠭ | ᠪᠠᠶᠢᠨ᠎ᠠ᠃ ᠡᠭᠦᠨ ᠳᠤ ᠬᠠᠮᠤᠭ ᠶᠡᠭᠡ ᠵᠠᠷᠤᠳᠠᠯ ᠮᠦᠡᠭᠭᠦ ᠨᠢ ᠡᠪᠡᠰᠤ ᠪᠤᠷᠳᠤᠭᠠᠨ ᠤ ᠵᠠᠷᠤᠳᠠᠯ ᠮᠦᠡᠭᠭᠦ ᠪᠠᠶᠢᠵᠤ᠂ ᠪᠦᠭᠦ | ᠵᠠᠷᠤᠳᠠᠯ ᠮᠦᠡᠭᠭᠦ ᠶᠢᠨ 79% ᠶᠢ ᠡᠵᠡᠯᠡᠵᠤ ᠪᠤᠢ᠃ ᠳᠡᠳᠡᠨ ᠤ ᠦᠭᠡᠷ ᠰᠦᠷᠦᠭ ᠤᠨ ᠤᠷᠤᠯᠭ᠎ᠠ ᠨᠢ ᠭᠤᠤᠯᠳᠠᠭᠤ | ᠦᠭᠡᠷ ᠢᠶᠠᠨ ᠬᠤᠳᠠᠯᠳᠤᠨ ᠪᠤᠷᠤᠯᠠᠭᠤᠯᠬᠤ ᠠᠴᠠ ᠢᠷᠡᠳᠡᠭ᠃ ᠤᠯᠠᠭᠠᠨ ᠠᠩᠭᠢᠰ ᠦᠭᠡᠷ ᠨᠤᠳᠤᠭ ᠤᠨ ᠦᠭᠡᠷ ᠢ | ᠪᠤᠳᠤᠪᠠᠯ ᠦᠨ᠎ᠡ ᠬᠠᠨᠭ᠍ᠰᠢ ᠪᠠᠷ ᠦᠨᠳᠦᠷ ᠪᠠᠶᠢᠵᠤ᠂ ᠪᠤᠰᠤᠳ ᠲᠦᠷᠦᠯ ᠤᠨ ᠰᠢᠯᠢᠳᠡᠭ ᠡᠭᠦᠯᠳᠡᠷ ᠪᠤᠯᠬᠤ ᠱᠠᠷᠦ᠋ᠯᠠᠢ᠂ | ᠰᠢᠮᠧᠨ᠋ᠲ᠋ᠡᠷ᠂ ᠬᠠᠷ᠎ᠠ ᠠᠩᠭᠢᠰ ᠵᠡᠷᠭᠡ ᠶᠢᠨ ᠡᠭᠦᠯᠳᠡᠷ ᠠᠴᠠ ᠳᠤᠳᠠᠳᠠᠭ ᠦᠭᠡᠢ᠃ ᠦᠨᠦ ᠵᠢᠯ ᠪᠠᠳᠮᠠᠰᠠᠷᠠᠩ ᠤᠨ ᠬᠢᠨ | 15 ᠪᠢᠷᠠᠭᠤ ᠪᠠᠨ 10 ᠲᠦᠮᠡᠨ ᠲᠦᠭᠦᠷᠢᠭ ᠢᠶᠠᠷ ᠬᠤᠳᠠᠯᠳᠤᠬᠰᠠᠨ ᠠᠴᠠ ᠦᠵᠡᠪᠡᠯ᠂ ᠨᠢᠭᠡ ᠪᠢᠷᠠᠭᠤ ᠨᠢ | ᠳᠡᠭᠰᠢᠳᠭᠡᠭᠡᠳ 6600 ᠢᠯᠡᠭᠦᠦ ᠲᠦᠭᠦᠷᠢᠭ ᠲᠤ ᠭᠦᠷᠴᠠᠢ᠃ ︽ᠦᠨᠦ ᠵᠢᠯ ᠦᠭᠡᠷ ᠤᠨ ᠦᠨ᠎ᠡ ᠲᠦᠷᠦᠭᠦᠦ | ᠭᠡᠳᠤᠨ ᠵᠢᠯ ᠠᠴᠠ ᠪᠠᠨ ᠳᠤᠤᠷ᠎ᠠ ᠪᠤᠯᠪᠠᠴᠤ ᠪᠠᠰᠠ ᠪᠤᠯᠴᠢᠬᠠᠨ᠎ᠠ᠃ ᠮᠠᠨ ᠤ ᠳᠤᠭᠤᠯ ᠳᠤ ᠮᠠᠶᠢᠮᠠᠶᠢᠴᠢᠳ 4000 | ᠢᠯᠡᠭᠦᠦ ᠲᠦᠭᠦᠷᠢᠭ ᠤᠨ ᠦᠨ᠎ᠡ ᠦᠭᠴᠤ ᠪᠠᠶᠢᠨ᠎ᠠ᠃ ᠪᠢ ᠪᠤᠯ 5000 ᠲᠦᠭᠦᠷᠢᠭ ᠲᠤ ᠭᠦᠷᠭᠡᠭᠦ ᠰᠠᠨᠠᠭᠠᠳᠠᠢ ᠯᠡ | ᠪᠠᠶᠢᠨ᠎ᠠ᠃ ᠦᠭᠡᠷ ᠢ ᠮᠢᠬᠠᠨ ᠤ ᠴᠢᠭᠯᠡᠯ ᠪᠡ ᠮᠠᠯᠵᠢᠯ ᠤᠨ ᠴᠢᠭᠯᠡᠯ ᠢᠶᠠᠷ ᠬᠤᠳᠠᠯᠳᠤᠬᠤ ᠳᠤ ᠦᠨ᠎ᠡ ᠨᠢ ᠠᠳᠠᠯᠢ ᠦᠭᠡᠢ | ᠪᠠᠶᠢᠳᠠᠭ᠃ ᠡᠷ᠎ᠡ ᠳᠤᠭᠤᠯ ᠢᠶᠠᠨ ᠪᠤᠬᠠᠨ ᠳᠤᠭᠤᠯ ᠢᠶᠠᠷ ᠵᠠᠷᠤᠬᠤ ᠳᠤ 1 ᠲᠦᠮᠡ 3000 ᠲᠦᠭᠦᠷᠢᠭ ᠴᠤ ᠭᠦᠷᠴᠤ | ᠪᠠᠶᠢᠬᠰᠠᠨ᠃ ᠵᠢᠯ ᠵᠢᠯ ᠤᠨ ᠦᠨ᠎ᠠ ᠬᠠᠨᠭ᠍ᠰᠢ ᠠᠳᠠᠯᠢ ᠦᠭᠡᠢ ᠪᠤᠯᠬᠤᠷ ᠦᠭᠡᠷ ᠰᠦᠷᠦᠭ ᠠᠴᠠ ᠢᠷᠡᠭᠦ ᠤᠷᠤᠯᠭ᠎ᠠ ᠴᠤ | ᠠᠳᠠᠯᠢ ᠦᠭᠡᠢ ᠪᠠᠶᠢᠳᠠᠭ︾ ᠭᠡᠵᠤ ᠪᠠᠳᠮᠠᠰᠠᠷᠠᠩ ᠶᠠᠷᠢᠨ᠎ᠠ᠃ ᠮᠠᠯᠴᠢᠨ ᠪᠠᠳᠮᠠᠰᠠᠷᠠᠩ ᠭᠤᠸᠠᠢ ᠠᠷᠪᠠᠭᠠᠳ ᠵᠢᠯ | ᠤᠯᠠᠭᠠᠨ ᠠᠩᠭᠢᠰ ᠦᠭᠡᠷ ᠢ ᠰᠤᠩᠭᠤᠨ ᠪᠤᠶᠢᠵᠢᠭᠤᠯᠬᠤ ᠶᠠᠪᠤᠴᠠ ᠳᠤᠮᠳᠠ ᠪᠠᠨ ᠭᠡᠭᠡᠯᠳᠦᠭᠦᠯᠭᠡ ᠶᠢᠨ ᠠᠵᠢᠯ ᠢ | ᠴᠢᠩᠭ᠎ᠠ ᠠᠳᠬᠤᠵᠤ ᠳᠤᠰᠬᠠᠢ ᠮᠡᠷᠭᠡᠵᠢᠯᠳᠡᠨ ᠵᠠᠯᠠᠵᠤ ᠠᠪᠴᠢᠷᠠᠨ ᠭᠡᠭᠡᠯᠳᠦᠭᠦᠯᠭᠡ ᠭᠢᠳᠡᠭ᠃ ᠡᠨᠡ ᠵᠢᠯ ᠮᠦᠨ ᠬᠤᠶᠠᠷ | ᠰᠠᠷ᠎ᠠ ᠶᠢᠨ 1 ᠲᠦᠮᠡ 2000 ᠲᠦᠭᠦᠷᠢᠭ ᠢᠶᠠᠷ ᠭᠠᠳᠠᠨ᠎ᠠ ᠠᠴᠠ ᠳᠤᠰᠬᠠᠢ ᠮᠡᠷᠭᠡᠵᠢᠯᠳᠡᠨ ᠵᠠᠯᠠᠵᠤ ᠠᠪᠴᠢᠷᠠᠨ | ᠦᠨᠢᠶᠡᠨ ᠳᠡᠭᠡᠨ ᠭᠡᠭᠡᠯᠳᠦᠭᠦᠯᠭᠡ ᠭᠢᠵᠠᠢ᠃ ᠭᠡᠪᠡᠴᠤ ᠡᠨᠡ ᠵᠢᠯ ᠭᠠᠩ ᠭᠠᠴᠢᠬ ᠪᠤᠯᠤᠬᠰᠠᠨ ᠠᠴᠠ ᠦᠨᠢᠶᠡᠨ ᠤ | ᠤᠷᠤᠭ᠎ᠠ ᠤᠷᠤᠬᠤ ᠶᠢ ᠨᠦᠯᠦᠭᠡᠯᠡᠨ᠂ ᠭᠠᠷ ᠭᠡᠭᠡᠯᠳᠦᠭᠦᠯᠭᠡ ᠶᠢᠨ ᠤᠷᠤᠬᠰᠢᠳᠠᠢ ᠶᠠᠪᠤᠬᠳᠠᠬᠤ ᠶᠢ ᠴᠤ ᠨᠦᠯᠦᠭᠡᠯᠡᠭᠰᠡᠨ | ᠠᠵᠢ᠃ ︽ᠦᠷ᠎ᠡ ᠶᠢ ᠨᠢ ᠬᠤᠰᠢᠭᠤᠨ ᠠᠴᠠ ᠮᠠᠨ ᠳᠤ ᠬᠠᠨᠭ᠍ᠭᠠᠵᠤ ᠦᠭᠳᠡᠭ ᠪᠤᠯᠬᠤᠷ ᠡᠨᠡ ᠳᠠᠯ᠎ᠠ ᠶᠢᠨ ᠵᠠᠷᠤᠳᠠᠯ ᠢ | ᠪᠠᠭ᠎ᠠ ᠪᠤᠰᠤ ᠠᠷᠪᠢᠯᠠᠵᠤ ᠦᠭᠭᠦᠭᠰᠡᠨ᠃ ᠡᠨᠡ ᠵᠢᠯ ᠭᠠᠩ ᠭᠠᠴᠢᠬ ᠪᠤᠯᠤᠬᠰᠠᠨ ᠠᠴᠠ ᠭᠡᠭᠡᠯᠳᠦᠭᠦᠯᠭᠡ ᠶᠢᠨ ᠠᠵᠢᠯ ᠳᠤ | ᠶᠡᠭᠡ ᠨᠦᠯᠦᠭᠡ ᠪᠤᠯᠵᠤ᠂ ᠮᠠᠨ ᠤ ᠬᠢ ᠵᠦᠪᠭᠡᠨ ᠬᠤᠷᠢᠭᠠᠳ ᠦᠨᠢᠶᠡᠨ ᠳᠤ ᠯᠡ ᠭᠡᠭᠡᠯᠳᠦᠭᠦᠯᠭᠡ ᠭᠢᠵᠤ ᠳᠡᠶᠢᠯᠦᠭᠰᠡᠨ᠃ | ᠰᠢᠯᠢᠳᠡᠭ ᠡᠭᠦᠯᠳᠡᠷ ᠤᠨ ᠦᠭᠡᠷ ᠮᠠᠯᠵᠢᠬᠤ ᠳᠤ ᠭᠡᠭᠡᠯᠳᠦᠭᠦᠯᠭᠡ ᠶᠢᠨ ᠠᠵᠢᠯ ᠢ ᠰᠠᠶᠢᠨ ᠭᠢᠭᠦ ᠭᠡᠷᠡᠭᠳᠠᠢ︾ ᠭᠡᠵᠤ | ᠪᠠᠳᠮᠠᠰᠠᠷᠠᠩ ᠳᠤᠷᠰᠢᠯᠭ᠎ᠠ ᠪᠠᠨ ᠳᠠᠨᠢᠯᠴᠠᠭᠤᠯᠤᠨ᠎ᠠ᠃ ᠤᠯᠠᠭᠠᠨ ᠠᠩᠭᠢᠰ ᠦᠭᠡᠷ ᠢ ᠠᠷᠠᠴᠢᠯᠠᠨ ᠮᠠᠯᠵᠢᠬᠤ ᠳᠤ ᠬᠠᠮᠤᠭ | ᠶᠡᠭᠡ ᠵᠠᠷᠤᠳᠠᠯ ᠪᠤᠯ ᠳᠠᠷᠤᠢ ᠡᠪᠡᠰᠤ ᠪᠤᠷᠳᠤᠭᠠᠨ ᠤ ᠵᠠᠷᠤᠳᠠᠯ ᠪᠤᠯᠤᠨ᠎ᠠ᠃ ᠳᠡᠶᠢᠮᠤ ᠠᠴᠠ ᠤᠯᠠᠭᠠᠨ ᠠᠩᠭᠢᠰ ᠦᠭᠡᠷ ᠢ | ᠮᠠᠯᠵᠢᠬᠤ ᠵᠠᠷᠤᠳᠠᠯ ᠢ ᠪᠠᠭᠠᠰᠬᠠᠬᠤ ᠭᠡᠪᠡᠯ ᠡᠪᠡᠰᠤ ᠪᠤᠷᠳᠤᠭᠠᠨ ᠤ ᠠᠰᠠᠭᠤᠳᠠᠯ ᠢ ᠦᠪᠡᠷᠳᠡᠭᠡᠨ ᠰᠢᠢᠳᠪᠦᠷᠢᠯᠡᠵᠤ᠂ ᠡᠨᠡ | ᠳᠠᠯ᠎ᠠ ᠶᠢᠨ ᠦᠷᠳᠡᠭ ᠢ ᠪᠠᠭᠤᠷᠠᠭᠤᠯᠬᠤ ᠳᠠᠯ᠎ᠠ ᠪᠠᠷ ᠢᠯᠡᠭᠦᠭᠡᠨ ᠠᠷᠭ᠎ᠠ ᠤᠬᠠᠭᠠᠨ ᠰᠦᠪᠡᠭᠴᠢᠯᠡᠭᠦ ᠭᠡᠷᠡᠭᠳᠠᠢ ᠶᠤᠮ᠃ | ᠳᠡᠶᠢᠮᠤ ᠳᠡᠭᠡᠨ ᠪᠠᠳᠮᠠᠰᠠᠷᠠᠩ ᠭᠤᠸᠠᠢ ᠴᠠᠭᠢᠯᠭᠠᠨ ᠤᠷᠤᠪᠠᠯ ᠨᠤᠭᠤᠭᠠᠨ ᠳᠠᠷᠤᠰᠢ ᠶᠢᠨ ᠳᠠᠯᠠᠪᠠᠢ ᠪᠠᠨ | ᠠᠰᠢᠬᠯᠠᠯᠳᠠ ᠳᠤ ᠤᠷᠤᠭᠤᠯᠤᠨ ᠦᠪᠡᠷᠳᠡᠭᠡᠨ ᠨᠤᠭᠤᠭᠠᠨ ᠳᠠᠷᠤᠰᠢ ᠳᠠᠷᠢᠵᠤ᠂ ᠪᠤᠷᠳᠤᠭᠠᠨ ᠤ ᠳᠠᠯ᠎ᠠ ᠳᠠᠬᠢ | ᠵᠠᠷᠤᠯᠭ᠎ᠠ ᠪᠠᠨ ᠪᠠᠭᠠᠰᠬᠠᠬᠤ ᠪᠠᠷ ᠲᠦᠯᠦᠪᠯᠡᠵᠤ ᠪᠠᠶᠢᠯ᠎ᠠ᠃ ᠰᠢᠯᠢᠳᠡᠭ ᠡᠭᠦᠯᠳᠡᠷ ᠤᠨ ᠦᠭᠡᠷ ᠮᠠᠯᠵᠢᠬᠤ ᠳᠤ | ᠨᠤᠳᠤᠭ ᠤᠨ ᠦᠭᠡᠷ ᠮᠠᠯᠵᠢᠬᠤ ᠲᠠᠢ ᠠᠳᠠᠯᠢ ᠦᠭᠡᠢ ᠪᠠᠶᠢᠵᠤ᠂ ᠡᠪᠡᠰᠤ ᠪᠤᠷᠳᠤᠭ᠎ᠠ ᠶᠡᠭᠡ ᠭᠡᠷᠡᠭᠰᠡᠳᠡᠭ ᠪᠤᠯᠬᠤᠷ | ᠮᠠᠯᠴᠢᠳ ᠰᠢᠯᠢᠳᠡᠭ ᠡᠭᠦᠯᠳᠡᠷ ᠤᠨ ᠦᠭᠡᠷ ᠰᠤᠩᠭᠤᠨ ᠪᠤᠶᠢᠵᠢᠭᠤᠯᠬᠤ ᠳᠠᠭᠠᠨ ᠡᠪᠡᠰᠤ ᠪᠤᠷᠳᠤᠭᠠᠨ ᠤ ᠠᠰᠠᠭᠤᠳᠠᠯ ᠢ | ᠰᠢᠢᠳᠪᠦᠷᠢᠯᠡᠭᠦ ᠳᠠᠯ᠎ᠠ ᠳᠤ ᠢᠯᠡᠭᠦᠭᠡᠨ ᠭᠦᠴᠦ ᠤᠷᠤᠭᠤᠯᠪᠠᠯ ᠠᠰᠢᠬ ᠤᠷᠤᠯᠭ᠎ᠠ ᠨᠡᠩ ᠦᠨᠳᠦᠷ ᠪᠤᠯᠵᠤ ᠴᠢᠳᠠᠨ᠎ᠠ᠃ |