ᠪᠤᠭᠤᠮ᠎ᠠ ᠡᠪᠠᠳᠴᠢᠨ ᠤ ᠲᠤᠬᠠᠢ
ᠨᠡᠶᠢᠲᠡᠯᠡᠭᠰᠡᠨ ᠴᠠᠭ᠄
2016/12/7
 ᠪᠤᠭᠤᠮ᠎ᠠ ᠡᠪᠠᠳᠴᠢᠨ ︵炭疽︶ ᠪᠤᠯ ᠪᠤᠭᠤᠮ᠎ᠠ ᠶᠢᠨ ᠰᠠᠪᠬᠠᠨᠴᠢᠷ ᠪᠠᠺᠲ᠋ᠧᠷᠢ ᠠᠴᠠ ᠡᠬᠦᠰᠤᠭ᠍ᠰᠠᠨ ᠬᠥᠮᠤᠨ ᠠᠮᠢᠳᠠᠨ ᠳᠤ ᠵᠠᠷᠭᠡᠪᠠᠷ ᠬᠠᠯᠳᠠᠪᠤᠷᠢᠯᠠᠳᠠᠭ ᠴᠤᠴᠢᠮᠠᠭ ᠬᠠᠯᠠᠭᠤᠷᠠᠯ ᠤᠨ ᠴᠢᠨᠠᠷᠳᠠᠢ ᠴᠢᠰᠤ ᠥᠵᠢᠷᠠᠬᠦ ᠡᠪᠠᠳᠴᠢᠨ ᠮᠥᠨ ᠃ ︽ᠪᠥᠬᠦᠳᠠ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠠᠮᠢᠳᠠᠨ ᠤ ᠭᠢᠵᠢᠭ ᠢ ᠰᠠᠷᠭᠡᠶᠢᠯᠠᠬᠦ ᠬᠠᠤᠯᠢ︾ ᠳᠤ ᠪᠤᠭᠤᠮ᠎ᠠ ᠡᠪᠠᠳᠴᠢᠨ ᠢ ᠬᠤᠶᠠᠳᠤᠭᠠᠷ ᠲᠥᠷᠤᠯ ᠤᠨ ᠠᠮᠢᠳᠠᠨ ᠤ ᠭᠢᠵᠢᠭ ᠲᠤ ᠬᠤᠪᠢᠶᠠᠷᠢᠯᠠᠪᠠ᠃ ᠤᠶᠢᠷ᠎ᠠ ᠶᠢᠨ ᠭᠡᠳᠤᠨ ᠵᠢᠯ ᠳᠤ ᠮᠠᠨ ᠤ ᠤᠷᠤᠨ ᠤ ᠭᠡᠰᠡᠭ ᠭᠠᠵᠠᠷ ᠲᠤ ᠭᠡᠨᠠᠳᠳᠠ ᠶᠢᠨ ᠴᠢᠨᠠᠷᠳᠠᠢ ᠡᠬᠦᠰᠴᠤ᠂ ᠲᠠᠷᠠᠴᠢᠯᠠᠨ ᠵᠠᠷᠢᠮ ᠬᠥᠮᠤᠰ ᠪᠤᠯᠭᠤᠮᠵᠢ ᠥᠭᠡᠢ ᠪᠠᠷ ᠪᠤᠭᠤᠮ᠎ᠠ ᠡᠪᠠᠳᠴᠢᠨ ᠢᠶᠠᠷ ᠥᠬᠦᠭᠰᠠᠨ ᠥᠭᠡᠷ ᠤᠨ ᠮᠢᠬ᠎ᠠ ᠶᠢ ᠢᠳᠡᠭᠰᠠᠨ ᠪᠤᠶᠤ ᠪᠤᠭᠤᠮ᠎ᠠ ᠶᠢᠨ ᠪᠠᠺᠲ᠋ᠧᠷᠢ ᠬᠥᠮᠤᠨ ᠤ ᠠᠷᠠᠰᠤ ᠮᠢᠬᠠᠨ ᠤ ᠰᠢᠷᠬᠠᠨ ᠳᠤ ᠰᠢᠭᠤᠳ ᠬᠥᠷᠤᠯᠴᠡᠭᠰᠠᠨ ᠠᠴᠠ ᠪᠤᠯᠵᠤ ᠬᠠᠯᠳᠠᠪᠤᠷᠢᠯᠠᠭᠳᠠᠨ ᠡᠮᠨᠠᠯᠭᠡ ᠳᠤ ᠤᠷᠤᠭᠰᠠᠨ ᠶᠠᠪᠤᠳᠠᠯ ᠴᠤ ᠭᠠᠷᠪᠠ᠃ ᠡᠶᠢᠮᠤ ᠠᠴᠠ ᠬᠥᠮᠤᠨ ᠤ ᠡᠷᠠᠬᠦᠯ ᠬᠠᠮᠠᠭᠠᠯᠠᠯ ᠤᠨ ᠬᠠᠮᠢᠶ᠎ᠠ ᠪᠥᠬᠦᠢ ᠰᠠᠯᠠᠭ᠎ᠠ ᠮᠥᠴᠢᠷ ᠠᠴᠠ ᠪᠠᠰᠨ ᠲᠤᠰ ᠬᠠᠯᠳᠠᠪᠤᠷᠢᠳᠤ ᠡᠪᠠᠳᠴᠢᠨ ᠳᠤ ᠶᠡᠭᠡ ᠠᠩᠬᠠᠷᠤᠯ ᠲᠠᠯᠪᠢᠪᠠ᠃  ᠨᠢᠭᠡ᠂ ᠡᠪᠠᠳᠴᠢᠨ ᠤ ᠰᠢᠯᠳᠠᠭᠠᠨ ᠪᠠ ᠰᠢᠨᠵᠢ ᠲᠠᠮᠳᠡᠭ  ᠲᠤᠰ ᠡᠪᠠᠳᠴᠢᠨ ᠭᠤᠤᠯᠳᠠᠭᠤ ᠵᠤᠨ ᠤ ᠤᠯᠠᠷᠢᠯ ︵6 — 8 ᠳ᠋ᠤᠭᠠᠷ ᠰᠠᠷ᠎ᠠ︶ ᠳᠤ ᠡᠬᠦᠰᠴᠤ᠂ ᠡᠯ᠎ᠠ ᠨᠠᠰᠤᠨ ᠤ ᠮᠠᠯ᠂ ᠡᠯ᠎ᠠ ᠲᠥᠷᠤᠯ ᠤᠨ ᠮᠠᠯ ︵ᠭᠤᠤᠯᠳᠠᠭᠤ ᠥᠭᠡᠷ᠂ ᠠᠳᠤᠭᠤ᠂ ᠬᠤᠨᠢ ᠢᠮᠠᠭ᠎ᠠ᠂ ᠭᠠᠭ᠋ᠠᠢ ᠵᠠᠷᠭᠡ︶ ᠳᠤ ᠪᠥᠷ ᠲᠤᠰᠳᠠᠭ᠃ ᠬᠠᠯᠳᠠᠪᠤᠷᠢᠯᠠᠯ ᠤᠨ ᠡᠭᠢ ᠪᠤᠯ ᠡᠪᠠᠳᠴᠢᠨ ᠲᠠᠢ ᠮᠠᠯ ᠮᠥᠨ᠃ ᠭᠤᠤᠯ ᠨᠢ ᠲᠠᠵᠢᠭᠡᠯ ᠪᠤᠯᠪᠠᠰᠤᠷᠠᠭᠤᠯᠬᠤ ᠵᠠᠮ ︵ᠲᠠᠵᠢᠭᠡᠯ ᠪᠤᠷᠳᠤᠭ᠎ᠠ᠂ ᠤᠰᠤ︶᠂ ᠠᠮᠢᠰᠬᠤᠯ ᠤᠨ ᠵᠠᠮ ︵ᠬᠤᠭ ᠲᠤᠭᠤᠰᠤ︶᠂ ᠰᠢᠷᠬ᠎ᠠ ᠪᠠ ᠰᠢᠪᠠᠵᠢ ︵ᠪᠠᠳᠠᠭᠠᠨ᠎ᠠ᠂ ᠰᠢᠮᠠᠭᠤᠯ ᠵᠠᠷᠭᠡ︶ ᠪᠠᠷ ᠲᠠᠮᠵᠢᠨ ᠬᠠᠯᠳᠠᠪᠤᠷᠢᠯᠠᠳᠠᠭ᠃ ᠪᠤᠭᠤᠮ᠎ᠠ ᠶᠢᠨ ᠰᠠᠪᠬᠠᠨᠴᠢᠷ ᠪᠠᠺᠲ᠋ᠧᠷᠢ ᠶᠢᠨ ᠰᠫᠤᠷᠳᠤ ᠪᠠᠶ᠎ᠠ ᠨᠢ ᠭᠠᠳᠠᠨᠠᠭᠢ ᠤᠷᠴᠢᠨ ᠲᠤᠭᠤᠷᠢᠨ ᠳᠤ ᠲᠠᠰᠪᠤᠷᠢᠯᠠᠬᠦ ᠴᠢᠳᠠᠯ ᠢᠶᠠᠷ ᠲᠤᠩ ᠴᠢᠩᠭ᠎ᠠ ᠪᠠᠶᠢᠵᠤ᠂ ᠪᠠᠺᠲ᠋ᠧᠷᠢ ᠳᠤ ᠪᠤᠵᠠᠷᠳᠠᠭᠰᠠᠨ ᠬᠥᠷᠤᠰᠤ ᠰᠢᠷᠤᠢ᠂ ᠠᠷᠠᠰᠤ ᠨᠤᠤᠰᠤ ᠪᠠ ᠭᠠᠵᠠᠷ ᠲᠤᠤᠷ᠎ᠠ ᠪᠤᠯᠠᠭᠳᠠᠭᠰᠠᠨ ᠮᠠᠯ ᠤᠨ ᠥᠬᠦᠳᠠᠯ ᠤᠨ ᠬᠥᠷᠤᠰᠤ ᠰᠢᠷᠤᠢ ᠲᠤᠤᠷ᠎ᠠ ᠭᠡᠳᠤᠨ ᠵᠢᠯ ᠠᠴᠠ ᠭᠡᠳᠤᠨ ᠠᠷᠪᠠᠨ ᠵᠢᠯ ᠠᠮᠢᠳᠤᠷᠠᠵᠤ ᠴᠢᠳᠠᠳᠠᠭ  ᠲᠤᠰ ᠡᠪᠠᠳᠴᠢᠨ ᠤ ᠲᠠᠯᠳᠠ ᠬᠤᠭᠤᠴᠠᠭ᠎ᠠ ᠨᠢ 1 — 5 ᠡᠳᠤᠷ ᠪᠠᠶᠢᠵᠤ ᠨᠠᠶᠢᠳᠡᠯᠢᠭ ᠰᠢᠨᠵᠢ ᠲᠠᠮᠳᠡᠭ ᠨᠢ ᠲᠤᠤᠷᠠᠭᠢ ᠮᠠᠳᠤ ᠭᠤᠷᠪᠠᠨ ᠭᠡᠯᠪᠠᠷᠢ ᠲᠠᠢ᠃  ᠨᠢᠭᠡ᠂ ᠬᠠᠮᠤᠭ ᠴᠤᠴᠢᠮᠠᠭ ᠭᠡᠯᠪᠠᠷᠢ ︵最急性型︶  ᠭᠡᠨᠠᠳᠳᠠ ᠡᠪᠠᠳᠴᠢᠯᠠᠵᠤ᠂ ᠲᠠᠭᠵᠢᠨ ᠴᠠᠴᠠᠷᠠᠬᠦ ᠪᠠ ᠰᠠᠵᠢᠯᠠᠬᠤ᠂ ᠭᠡᠨᠠᠳᠳᠠ ᠪᠠᠷ ᠭᠠᠵᠠᠷ ᠲᠤ ᠤᠨᠠᠬᠤ᠂ ᠨᠢᠳᠤᠨ ᠤ ᠬᠠᠯᠢᠰᠤᠳᠤ ᠪᠥᠷᠬᠦᠬᠦᠯ ᠨᠢ ᠬᠥᠭᠡᠷᠠᠬᠦ᠂ ᠠᠮᠢᠰᠬᠤᠯ ᠪᠠ ᠵᠢᠷᠤᠭᠡᠨ ᠯᠤᠭᠰᠢᠯᠳᠠ ᠲᠥᠷᠭᠡᠰᠬᠦ᠂ ᠲᠥᠷᠤᠯᠭᠢ ᠰᠥᠪᠠ ᠠᠴᠠ ᠨᠢ ᠴᠢᠰᠤ ᠭᠠᠷᠬᠤ ᠵᠠᠷᠭᠡ ᠢᠯᠠᠷᠠᠯ ᠡᠬᠦᠰᠴᠤ᠂ ᠭᠡᠳᠤᠨ ᠮᠢᠨᠦ᠋ᠲ ᠠᠴᠠ ᠭᠡᠳᠤᠨ ᠴᠠᠭ ᠤᠨ ᠲᠤᠳᠤᠷ᠎ᠠ ᠥᠬᠦᠳᠡᠭ᠃  ᠬᠤᠶᠠᠷ᠂ ᠴᠤᠴᠢᠮᠠᠭ ᠭᠡᠯᠪᠠᠷᠢ ︵急性型︶  ᠪᠠᠶ᠎ᠠ ᠶᠢᠨ ᠲᠤᠯᠠᠭᠠᠨ ᠨᠢ ᠲᠠᠭᠡᠭᠰᠢᠯᠠᠭᠡᠳ 41 — 42 ᠭᠷᠠᠳᠦ᠋ᠰ ᠪᠤᠯᠳᠠᠭ᠃ ᠴᠤᠭ ᠰᠥᠯᠳᠠ ᠨᠢ ᠮᠠᠭᠤ ᠪᠤᠯᠵᠤ ᠲᠠᠵᠢᠭᠡᠯ ᠪᠤᠷᠳᠤᠭ᠎ᠠ ᠢᠳᠠᠬᠦ ᠥᠭᠡᠢ᠂ ᠰᠠᠯᠢᠰᠤᠳᠤ ᠪᠥᠷᠬᠦᠬᠦᠯ ᠨᠢ ᠬᠥᠭᠡᠷᠠᠵᠤ ᠴᠢᠰᠤ ᠭᠠᠷᠤᠨ᠎ᠠ᠃ ᠡᠭᠢᠨ ᠳᠡᠭᠡᠨ ᠪᠠᠭᠠᠰᠤ ᠨᠢ ᠲᠠᠭᠵᠢᠷᠠᠵᠤ ᠰᠠᠬᠦᠯᠠᠷ ᠨᠢ ᠰᠢᠩᠭᠡᠨ ᠴᠢᠰᠤ ᠲᠠᠢ ᠪᠠᠭᠠᠰᠤ ᠠᠯᠳᠠᠨ᠎ᠠ᠃ ᠲᠥᠷᠤᠯᠭᠢ ᠰᠥᠪᠠ ᠠᠴᠠ ᠨᠢ ᠴᠢᠰᠤ ᠭᠠᠷᠴᠤ ᠵᠠᠷᠢᠮ ᠳᠠᠭᠠᠨ ᠴᠢᠰᠤ ᠪᠠᠷ ᠰᠢᠭᠡᠨ᠎ᠠ᠃ ᠡᠪᠠᠳᠴᠢᠨ ᠲᠠᠢ ᠮᠠᠯ 1 — 2 ᠡᠳᠤᠷ ᠲᠤ ᠥᠬᠦᠳᠡᠭ᠃  ᠭᠤᠷᠪᠠ᠂ ᠲᠠᠳ᠋ ᠴᠤᠴᠢᠮᠠᠭ ᠭᠡᠯᠪᠠᠷᠢ ︵亚急性︶  ᠴᠤᠴᠢᠮᠠᠭ ᠭᠡᠯᠪᠠᠷᠢ ᠲᠠᠢ ᠠᠳᠠᠯᠢᠪᠳᠤᠷ᠂ ᠡᠭᠢᠨ ᠳᠡᠭᠡᠨ ᠬᠥᠵᠤᠬᠦᠤ᠂ ᠴᠠᠭᠡᠵᠢ᠂ ᠮᠥᠷᠤ᠂ ᠭᠡᠪᠠᠯᠢ ᠶᠢᠨ ᠠᠷᠠᠰᠤᠨ ᠲᠤᠤᠷ᠎ᠠ᠂ ᠬᠤᠰᠭᠢᠨᠠᠭ ᠵᠠᠷᠭᠡ ᠭᠠᠵᠠᠷ ᠬᠠᠪᠤᠳᠴᠤ᠂ ᠡᠪᠠᠳᠤᠯᠳᠠ ᠲᠠᠢ᠂ ᠲᠠᠮᠳᠠᠷᠢᠬᠦ ᠳᠤ ᠬᠠᠯᠠᠭᠤᠨ ᠪᠠᠶᠢᠵᠤ ᠂ ᠰᠠᠬᠦᠯᠠᠷ ᠨᠢ ᠡᠪᠠᠳᠤᠯᠳᠠ ᠥᠭᠡᠢ ᠨᠢᠯᠴᠠᠭᠠᠢ ᠬᠥᠢᠳᠠᠨ ᠪᠤᠯᠵᠤ᠂ ᠥᠬᠦᠵᠢᠯ ᠪᠤᠯᠤᠨ ᠰᠢᠷᠬᠠᠯᠠᠭ᠎ᠠ ᠡᠬᠦᠰᠤᠨ᠂ ᠪᠤᠭᠤᠮ᠎ᠠ ᠶᠢᠨ ᠮᠤᠨᠳᠠᠰᠤ ︵炭疽痈︶ ᠪᠤᠯᠵᠤ 3 — 5 ᠡᠳᠤᠷ ᠲᠤ ᠥᠬᠦᠳᠡᠭ᠃  ᠲᠤᠰ ᠡᠪᠠᠳᠴᠢᠨ ᠤ ᠥᠪᠠᠷᠮᠢᠴᠨ ᠰᠢᠨᠵᠢ ᠲᠠᠮᠳᠡᠭ᠄  ᠥᠭᠡᠷ᠄ ᠭᠤᠤᠯᠳᠠᠭᠤ ᠴᠤᠴᠢᠮᠠᠭ ᠭᠡᠯᠪᠠᠷᠢ ᠪᠠᠷ ᠡᠬᠦᠰᠳᠡᠭ᠃ ᠲᠠᠭᠡᠷᠠᠭᠢ ᠨᠠᠶᠢᠳᠡᠯᠢᠭ ᠰᠢᠨᠵᠢ ᠲᠠᠮᠳᠡᠭ ᠠᠴᠠ ᠭᠠᠳᠠᠨ᠎ᠠ ᠪᠠᠰᠨ ᠬᠥᠵᠡᠭᠡ ᠨᠢ ᠬᠥᠭᠡᠬᠦ᠂ ᠭᠡᠪᠠᠯᠢ ᠨᠢ ᠡᠪᠠᠳᠬᠦ᠂ ᠡᠭᠢᠨ ᠳᠡᠭᠡᠨ ᠬᠥᠭᠡᠷᠬᠦ᠂ ᠠᠶᠤᠨ ᠰᠤᠴᠢᠬᠤ᠂ ᠠᠳᠠ ᠲᠠᠨᠳᠠ ᠮᠥᠷᠬᠦᠬᠦ᠂ ᠰᠠᠬᠦᠯᠠᠷ ᠨᠢ ᠮᠠᠭᠤᠵᠢᠷᠠᠬᠤ ᠵᠠᠷᠭᠡ ᠢᠯᠠᠷᠠᠯ ᠲᠠᠢ᠃  ᠠᠳᠤᠭᠤ᠄ ᠭᠤᠤᠯᠳᠠᠭᠤ ᠴᠤᠴᠢᠮᠠᠭ ᠭᠡᠯᠪᠠᠷᠢ ᠪᠠ ᠲᠠᠳ᠋ ᠴᠤᠴᠢᠮᠠᠭ ᠭᠡᠯᠪᠠᠷᠢ ᠪᠠᠷ ᠡᠬᠦᠰᠤᠨ᠎ᠠ᠃ ᠲᠠᠭᠡᠷᠠᠭᠢ ᠨᠠᠶᠢᠳᠡᠯᠢᠭ ᠰᠢᠨᠵᠢ ᠲᠠᠮᠳᠡᠭ ᠠᠴᠠ ᠭᠠᠳᠠᠨ᠎ᠠ ᠪᠠᠰᠨ ᠭᠡᠳᠠᠰᠤ ᠡᠪᠠᠳᠬᠦ᠂ ᠬᠥᠯᠤᠰᠤ ᠭᠠᠷᠬᠤ᠂ ᠠᠮᠢᠰᠬᠤᠯ ᠲᠥᠷᠭᠡᠰᠬᠦ ᠵᠠᠷᠭᠡ ᠢᠯᠠᠷᠠᠯ ᠲᠠᠢ᠃  ᠬᠤᠨᠢ ᠢᠮᠠᠭ᠎ᠠ᠄ ᠤᠯᠠᠩᠭᠢ ᠳᠠᠭᠠᠨ ᠬᠠᠮᠤᠭ ᠴᠤᠴᠢᠮᠠᠭ ᠭᠡᠯᠪᠠᠷᠢ ᠪᠠᠷ ᠡᠬᠦᠰᠳᠡᠭ᠃ ᠵᠠᠷᠢᠮ ᠨᠢ ᠡᠳᠤᠷ ᠨᠢ ᠡᠷᠠᠬᠦᠯ ᠪᠠᠯᠴᠢᠵᠤ ᠪᠠᠶᠢᠭ᠎ᠠ ᠬᠤᠨᠢ ᠲᠠᠷᠠᠭ᠎ᠠ ᠨᠢ ᠡᠷᠳᠠ ᠨᠢ ᠠᠵᠢᠭᠯᠠᠬᠤ ᠳᠤ ᠬᠠᠰᠢᠶᠠᠨ ᠲᠤᠳᠤᠷ᠎ᠠ ᠪᠠᠨ ᠥᠬᠦᠭᠰᠠᠨ ᠪᠠᠶᠢᠳᠠᠭ᠃ ᠡᠰᠠᠬᠦᠯ᠎ᠠ ᠪᠠᠯᠴᠢᠵᠤ ᠪᠠᠶᠢᠭ᠎ᠠ ᠬᠤᠨᠢᠨ ᠰᠥᠷᠤᠭ᠌ ᠠᠴᠠ ᠪᠠᠨ ᠬᠤᠴᠤᠷᠬᠤ᠂ ᠭᠡᠪᠳᠠᠬᠦ ᠪᠤᠶᠤ ᠠᠯᠬᠤᠬᠤ ᠳᠤ ᠨᠠᠶᠢᠭᠤᠯᠵᠠᠵᠤ᠂ ᠡᠪᠠᠰᠤ ᠢᠳᠠᠬᠦ ᠲᠤᠷ᠎ᠠ ᠥᠭᠡᠢ ᠪᠠᠶᠢᠵᠤ ᠭᠡᠨᠠᠳᠳᠠ ᠪᠠᠷ ᠠᠮᠢᠰᠬᠤᠯ ᠲᠥᠷᠭᠡᠳᠴᠤ᠂ ᠬᠥᠵᠤᠬᠦᠤ ᠪᠠᠨ ᠨᠤᠭᠤᠯᠤᠨ ᠰᠢᠳᠤ ᠬᠠᠪᠢᠷᠴᠤ ᠬᠠᠭᠠᠰ ᠴᠠᠭ ᠪᠤᠶᠤ ᠬᠤᠶᠠᠷ ᠴᠠᠭ ᠤᠨ ᠲᠤᠳᠤᠷ᠎ᠠ ᠥᠬᠦᠳᠡᠭ᠃  ᠭᠠᠭ᠋ᠠᠢ᠄ ᠤᠯᠠᠩᠭᠢ ᠳᠠᠭᠠᠨ ᠤᠳᠠᠭᠠᠨ ᠭᠡᠯᠪᠠᠷᠢ ᠪᠠᠷ ᠲᠤᠰᠴᠤ᠂ ᠤᠳᠠᠭᠠᠨ ᠭᠡᠯᠪᠠᠷᠢ ᠶᠢᠨ ᠪᠠᠭᠠᠯᠵᠤᠤᠷ ᠤᠨ ᠥᠷᠪᠢᠰᠤᠯ ᠤᠯᠵᠤ᠂ ᠵᠠᠷᠢᠮ ᠨᠢ ᠪᠥᠭᠯᠠᠷᠠᠵᠤ ᠥᠬᠦᠳᠡᠭ᠃ ᠴᠤᠴᠢᠮᠠᠭ ᠪᠠ ᠲᠠᠳ᠋ ᠴᠤᠴᠢᠮᠠᠭ ᠭᠡᠯᠪᠠᠷᠢ ᠪᠠᠷ ᠡᠬᠦᠰᠴᠤ ᠥᠬᠦᠳᠡᠭ ᠴᠤ ᠪᠤᠢ᠃  ᠬᠤᠶᠠᠷ᠂ ᠡᠮᠭᠡᠭ ᠤᠨ ᠬᠤᠪᠢᠷᠠᠯᠳᠠ  ᠪᠤᠭᠤᠮ᠎ᠠ ᠪᠠᠷ ᠥᠬᠦᠭᠰᠠᠨ ᠮᠠᠯ ᠤᠨ ᠭᠡᠬᠦᠷ᠂ ᠴᠢᠰᠤ ᠪᠠ ᠡᠷᠭᠡᠳᠠᠨ ᠲᠤᠳᠤᠷ᠎ᠠ ᠶᠡᠭᠡ ᠭᠡᠮᠵᠢᠶᠠᠨ ᠤ ᠪᠤᠭᠤᠮ᠎ᠠ ᠶᠢᠨ ᠰᠠᠪᠬᠠᠨᠴᠢᠷ ᠪᠠᠺᠲ᠋ᠧᠷᠢ ᠬᠠᠳᠠᠭᠠᠯᠠᠭᠳᠠᠵᠤ᠂ ᠭᠡᠷᠪᠠ ᠭᠠᠳᠠᠨᠠᠭᠢ ᠤᠷᠴᠢᠨ ᠲᠤᠭᠤᠷᠢᠨ ᠲᠠᠢ ᠬᠥᠷᠤᠯᠴᠠᠪᠠᠯ ᠠᠮᠠᠷᠬᠠᠨ ᠰᠫᠤᠷᠳᠤ ᠪᠠᠶ᠎ᠠ ᠪᠤᠯᠵᠤ ᠲᠠᠰᠪᠤᠷᠢᠯᠠᠬᠦ ᠴᠢᠳᠠᠯ ᠢᠶᠠᠷ ᠴᠢᠩᠭ᠎ᠠ ᠪᠤᠯᠤᠭᠠᠳ ᠤᠰᠠᠳᠬᠠᠬᠤ ᠳᠤ ᠭᠢᠯᠪᠠᠷ ᠪᠤᠰᠤ ᠪᠤᠯᠳᠠᠭ᠃ ᠨᠠᠩ ᠴᠢᠬᠤᠯᠨ ᠨᠢ ᠪᠤᠰᠤᠳ ᠮᠠᠯ ᠳᠤ ᠬᠠᠯᠳᠠᠪᠤᠷᠢᠯᠠᠬᠤ ᠠᠶᠤᠯ ᠲᠠᠢ᠃ ᠡᠶᠢᠮᠤ ᠠᠴᠠ ᠪᠤᠭᠤᠮ᠎ᠠ ᠡᠪᠠᠳᠴᠢᠨ ᠢᠶᠠᠷ ᠥᠬᠦᠭᠰᠠᠨ ᠮᠠᠯ ᠤᠨ ᠭᠡᠬᠦᠷ ᠢ ᠵᠠᠷᠴᠢᠮ ᠲᠠᠭᠡᠷ᠎ᠠ ᠪᠠᠨ ᠭᠡᠬᠦᠷ ᠵᠠᠳᠠᠯᠵᠤ ᠪᠤᠯᠬᠤ ᠥᠭᠡᠢ᠂ ᠲᠠᠷᠤᠢ ᠲᠥᠷᠭᠡᠨ ᠤᠷᠴᠢᠨ ᠲᠤᠭᠤᠷᠢᠨ ᠢ ᠨᠢ ᠠᠷᠢᠭᠤᠳᠬᠠᠵᠤ᠂ ᠭᠡᠬᠦᠷ ᠢ ᠨᠢ ᠪᠥᠬᠦᠯᠢ ᠪᠠᠷ ᠰᠢᠳᠠᠭᠠᠬᠤ ᠪᠤᠶᠤ ᠬᠥᠨ ᠪᠤᠯᠠᠵᠤ ᠬᠠᠶᠠᠨ᠎ᠠ᠃  ᠡᠪᠠᠳᠴᠢᠨ ᠢᠶᠠᠷ ᠥᠬᠦᠭᠰᠠᠨ ᠮᠠᠯ ᠤᠨ ᠭᠡᠬᠦᠷ ᠨᠢ ᠲᠥᠷᠭᠡᠨ ᠢᠯᠵᠢᠷᠠᠵᠤ ᠲᠠᠯᠡᠭᠳᠠᠭᠡᠳ᠂ ᠴᠢᠰᠤ ᠨᠢ ᠡᠭᠡᠳᠠᠷᠠᠬᠦ ᠥᠭᠡᠢ᠂ ᠠᠷᠠᠰᠤ ᠰᠠᠯᠢᠰᠤᠳᠤ ᠪᠥᠷᠬᠦᠬᠦᠯ ᠤᠨ ᠲᠤᠤᠷ᠎ᠠ ᠰᠢᠷ᠎ᠠ ᠥᠡᠭᠭᠡᠳᠠᠢ ᠴᠠᠪᠠᠤᠯᠢᠭ ᠰᠢᠩᠭᠡᠨ ᠭᠠᠷᠤᠨ᠎ᠠ᠃ ᠲᠥᠷᠤᠯᠭᠢ ᠰᠥᠪᠠ ᠠᠴᠠ ᠨᠢ ᠴᠢᠰᠤ ᠭᠠᠷᠴᠤ ᠬᠤᠰᠭᠢᠨᠠᠭ ᠨᠢ ᠪᠤᠯᠳᠠᠶᠢᠨ᠎ᠠ᠃ ᠡᠯᠢᠭᠡ᠂ ᠲᠠᠯᠢᠬᠦᠤ᠂ ᠪᠥᠭᠡᠷ᠎ᠠ᠂ ᠠᠭᠤᠰᠭᠢ ᠨᠢ ᠲᠤᠮᠤᠷᠠᠵᠤ ᠴᠢᠰᠤ ᠭᠠᠷᠬᠤ ᠵᠠᠷᠭᠡ ᠡᠮᠭᠡᠭ ᠤᠨ ᠬᠤᠪᠢᠷᠠᠯ ᠲᠠᠢ᠃  ᠭᠤᠷᠪᠠ᠂ ᠤᠨᠤᠰᠢᠯᠠᠨ ᠲᠤᠳᠤᠯᠠᠬᠤ  ᠲᠤᠰ ᠡᠪᠠᠳᠴᠢᠨ ᠢ ᠤᠨᠤᠰᠢᠯᠠᠨ ᠲᠤᠳᠤᠯᠠᠬᠤ ᠳᠤ ᠡᠪᠠᠳᠴᠢᠨ ᠤ ᠲᠠᠯᠭᠡᠷᠠᠬᠦ ᠵᠥᠢ᠂ ᠰᠢᠨᠵᠢ ᠲᠠᠮᠳᠡᠭ ᠪᠠ ᠡᠮᠭᠡᠭ ᠤᠨ ᠬᠤᠪᠢᠷᠠᠯᠳᠠ ᠶᠢ ᠥᠨᠳᠤᠰᠤᠯᠠᠬᠦ ᠠᠴᠠ ᠭᠠᠳᠠᠨ᠎ᠠ ᠭᠤᠤᠯᠳᠠᠭᠤ ᠪᠠᠺᠲ᠋ᠧᠷᠢ ᠰᠠᠯᠭᠠᠬᠤ᠂ ᠴᠠᠭᠠᠷᠢᠭᠯᠠᠨ ᠲᠤᠨᠤᠬᠤ ᠤᠷᠪᠠᠯ ︵环状沉淀反应︶ ᠵᠠᠷᠭᠡ ᠲᠤᠷᠰᠢᠯᠳᠠ ᠶᠢᠨ ᠠᠷᠭ᠎ᠠ ᠶᠢ ᠥᠨᠳᠤᠰᠤᠯᠠᠨ ᠲᠤᠳᠤᠯᠠᠨ᠎ᠠ᠃  ᠲᠥᠷᠪᠠ᠂ ᠰᠠᠷᠭᠡᠶᠢᠯᠠᠬᠦ  ᠭᠡᠷᠪᠠ ᠪᠤᠭᠤᠮ᠎ᠠ ᠡᠪᠠᠳᠴᠢᠨ ᠢᠶᠠᠷ ᠥᠬᠦᠭᠰᠠᠨ ᠮᠠᠯ ᠭᠡᠵᠤ ᠲᠤᠳᠤᠯᠠᠪᠠᠯ ᠲᠠᠷᠤᠢ ᠲᠥᠷᠭᠡᠨ ᠲᠠᠭᠡᠳᠤ ᠱᠠᠳᠤᠨ ᠤ ᠬᠠᠮᠢᠶ᠎ᠠ ᠪᠥᠬᠦᠢ ᠪᠠᠶᠢᠭᠤᠯᠭ᠎ᠠ ᠳᠤ ᠮᠠᠳᠡᠭᠳᠠᠵᠤ ᠡᠪᠠᠳᠴᠢᠨ ᠡᠬᠦᠰᠤᠭ᠍ᠰᠠᠨ ᠲᠤᠬᠠᠢ ᠶᠢᠨ ᠭᠠᠵᠠᠷ ᠤᠷᠤᠨ ᠢ ᠪᠢᠳᠠᠬᠦᠮᠵᠢᠯᠠᠨ᠂ ᠬᠥᠮᠤᠨ ᠮᠠᠯ᠂ ᠲᠠᠷᠭᠡ ᠤᠨᠤᠭ᠎ᠠ ᠵᠠᠷᠭᠡ ᠶᠢᠨ ᠨᠠᠰᠢ ᠴᠠᠰᠢ ᠭᠠᠷᠴᠤ ᠤᠷᠤᠬᠤ ᠶᠢ ᠭᠢᠵᠠᠭᠠᠷᠯᠠᠨ᠎ᠠ᠃ ᠲᠠᠷᠨ ᠲᠠᠷᠤᠢ ᠳᠤᠨᠢ ᠡᠪᠠᠳᠴᠢᠨ ᠲᠠᠢ ᠮᠠᠯ ᠢ ᠲᠤᠰᠠᠭᠠᠷᠯᠠᠵᠤ ︵ᠡᠮᠴᠢᠯᠡᠭᠡ ᠭᠢᠵᠤ ᠵᠠᠰᠠᠵᠤ ᠪᠤᠯᠬᠤ ᠥᠭᠡᠢ︶᠂ ᠤᠷᠴᠢᠨ ᠲᠤᠭᠤᠷᠢᠨ ᠤ ᠡᠷᠠᠬᠦᠯ ᠮᠠᠯ ᠳᠤ ᠲᠠᠷᠤᠢ ᠲᠥᠷᠭᠡᠨ ᠰᠠᠷᠭᠡᠶᠢᠯᠠᠬᠦ ᠲᠠᠷᠢᠯᠭ᠎ᠠ ᠲᠠᠷᠢᠨ᠎ᠠ᠃ ᠤᠳᠤᠬᠠᠨ ᠳᠤ ᠭᠡᠷᠡᠭᠯᠠᠵᠤ ᠪᠠᠶᠢᠭ᠎ᠠ ᠸᠠᠺᠼᠢᠨ ᠪᠤᠯ Ⅱ ᠳ᠋ᠤᠭᠠᠷ ᠨᠤᠮᠧᠷᠳᠤ ᠪᠤᠭᠤᠮ᠎ᠠ ᠶᠢᠨ ᠰᠠᠪᠬᠠᠨᠴᠢᠷ ᠪᠠᠺᠲ᠋ᠧᠷᠢ ᠶᠢᠨ ᠰᠫᠤᠷᠳᠤ ᠸᠠᠺᠼᠢᠨ ᠮᠥᠨ᠂ ᠶᠡᠭᠡ ᠪᠠᠭ᠎ᠠ ᠮᠠᠯ ᠪᠥᠷᠢ ᠳᠤ ᠠᠷᠠᠰᠤᠨ ᠲᠤᠤᠷ᠎ᠠ ᠨᠢ ᠨᠢᠭᠡ ᠮᠢᠯᠢᠯᠢᠳ᠋ᠷ ᠲᠠᠷᠢᠨ᠎ᠠ᠃ ᠰᠠᠷᠭᠡᠶᠢᠯᠠᠬᠦ ᠬᠤᠭᠤᠴᠠᠭ᠎ᠠ ᠨᠢ ᠨᠢᠭᠡ ᠵᠢᠯ᠃  ᠮᠠᠯ ᠤᠨ ᠪᠤᠵᠠᠷᠳᠤᠭᠰᠠᠨ ᠬᠠᠰᠢᠶ᠎ᠠ ᠬᠥᠷᠢᠶ᠎ᠠ ᠶᠢ 20% ᠶᠢᠨ ᠴᠠᠶᠢᠷᠠᠭᠤᠯᠬᠤ ᠨᠤᠨᠳᠠᠭ ᠤᠨ ᠠᠭᠤᠰᠤᠮᠠᠯ ᠢᠶᠠᠷ ᠠᠷᠢᠭᠤᠳᠬᠠᠵᠤ᠂ ᠲᠠᠵᠢᠭᠡᠯ ᠪᠤᠷᠳᠤᠭ᠎ᠠ᠂ ᠮᠠᠯ ᠤᠨ ᠪᠠᠭᠠᠰᠤ ᠵᠠᠷᠭᠡ ᠶᠢ ᠰᠢᠳᠠᠭᠠᠨ᠎ᠠ᠃ ᠮᠠᠯ ᠤᠨ ᠭᠡᠬᠦᠷ ᠢ ᠰᠢᠳᠠᠭᠠᠵᠤ ᠬᠥᠨ ᠪᠤᠯᠠᠨ᠎ᠠ᠃ ᠪᠤᠯᠠᠬᠤ ᠳᠠᠭᠠᠨ ᠡᠷᠭᠡᠪᠰᠢ ᠬᠤᠶᠠᠷ ᠮᠧᠳ᠋ᠷ ᠠᠴᠠ ᠲᠤᠷᠤᠭᠰᠢ ᠬᠥᠨ ᠮᠠᠯᠳᠠᠵᠤ ᠮᠠᠯ ᠤᠨ ᠥᠬᠦᠳᠠᠯ ᠤᠨ ᠲᠠᠭᠡᠷ᠎ᠠ ᠪᠠ ᠲᠤᠤᠷ᠎ᠠ ᠲᠠᠯ᠎ᠠ ᠳᠤᠨᠢ ᠵᠤᠵᠠᠭᠠᠨ ᠴᠠᠶᠢᠷᠠᠭᠤᠯᠬᠤ ᠨᠤᠨᠳᠠᠭ ᠢ ᠲᠠᠪᠢᠰᠤᠨ᠎ᠠ᠃ ᠬᠠᠮᠤᠭ ᠤᠨ ᠰᠠᠬᠦᠯ ᠳᠤ ᠬᠥᠮᠤᠨ᠂ ᠲᠠᠷᠭᠡ᠂ ᠪᠠᠭᠠᠵᠢ ᠭᠡᠷᠡᠭᠰᠠᠯ ᠵᠠᠷᠭᠡ ᠪᠠᠨ 20% ᠶᠢᠨ ᠴᠠᠶᠢᠷᠠᠭᠤᠯᠬᠤ ᠨᠤᠨᠳᠠᠭ ᠪᠤᠶᠤ ᠲᠤᠰᠬᠠᠢ ᠠᠷᠢᠭᠤᠳᠬᠠᠯ ᠤᠨ ᠡᠮ ᠢᠶᠠᠷ ᠬᠥᠢᠴᠠᠳ ᠠᠷᠢᠭᠤᠳᠬᠠᠨ᠎ᠠ᠃  ᠤᠳᠤᠬᠠᠨ ᠳᠤ ᠮᠠᠨ ᠤ ᠤᠷᠤᠨ ᠤ ᠡᠯ᠎ᠠ ᠭᠠᠵᠠᠷ ᠲᠤ ᠪᠤᠭᠤᠮ᠎ᠠ ᠡᠪᠠᠳᠴᠢᠨ ᠢ ᠭᠤᠤᠯᠳᠠᠭᠤ ᠰᠠᠷᠭᠡᠶᠢᠯᠠᠬᠦ ᠪᠠᠷ ᠭᠤᠤᠯ ᠪᠤᠯᠭᠠᠵᠤ᠂ ᠵᠢᠯ ᠪᠥᠷᠢ ᠲᠤᠭᠳᠠᠭᠰᠠᠨ ᠬᠤᠭᠤᠴᠠᠭ᠎ᠠ ᠲᠠᠢ ᠮᠠᠯ ᠳᠠᠭᠠᠨ ᠰᠠᠷᠭᠡᠶᠢᠯᠠᠬᠦ ᠲᠠᠷᠢᠯᠭ᠎ᠠ ᠲᠠᠷᠢᠵᠤ ᠰᠠᠷᠭᠡᠶᠢᠯᠠᠯᠳᠠ ᠪᠠᠨ ᠴᠢᠩᠭᠠᠳᠬᠠᠵᠤ ᠪᠠᠶᠢᠨ᠎ᠠ᠃
 
ᠢᠷᠡᠯᠲᠡ᠄ ᠠᠶᠢᠮᠠᠭ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号