ᠳᠠᠩᠰᠠᠯᠠᠭᠤᠯᠤᠨ ᠪᠦᠷᠢᠳᠭᠡᠭᠦᠯᠥᠭᠰᠡᠨ ᠮᠠᠰᠢᠨᠲᠦ ᠲᠡᠷᠭᠡ ᠶᠢᠨ ᠦᠮᠴᠢᠯᠡᠬᠦ ᠡᠷᠭᠡ ᠶᠢ ᠰᠢᠯᠵᠢᠬᠦᠯᠬᠦ ᠶᠠᠪᠤᠳᠠᠯ | ᠭᠠᠷᠪᠠᠯ᠂ ᠮᠠᠰᠢᠨᠲᠦ ᠲᠡᠷᠭᠡᠨ ᠤ ᠤᠳᠤ ᠶᠢᠨ ᠦᠮᠴᠢᠯᠡᠭᠴᠢ ᠨᠢ ᠮᠠᠰᠢᠨᠲᠦ ᠲᠡᠷᠭᠡ ᠶᠢ ᠲᠤᠰᠢᠶᠠᠭᠰᠠᠨ ᠡᠳᠥᠷ ᠠᠴᠠ | ᠡᠬᠢᠯᠡᠨ 30 ᠡᠳᠦᠷ ᠤᠨ ᠳᠤᠲᠤᠷ᠎ᠠ ᠪᠦᠷᠢᠳᠭᠡᠭᠦᠯᠥᠭᠰᠡᠨ ᠭᠠᠵᠠᠷ ᠤᠨ ᠲᠡᠷᠭᠡ ᠬᠦᠰᠭᠡ ᠶᠢᠨ ᠬᠠᠮᠢᠶᠠᠷᠤᠯᠲᠠ ᠶᠢᠨ | ᠭᠠᠵᠠᠷ ᠲᠤ ᠰᠢᠯᠵᠢᠬᠦᠯᠥᠨ ᠪᠦᠷᠢᠳᠭᠡᠭᠦᠯᠬᠦ ᠪᠠᠷ ᠭᠤᠶᠤᠴᠢᠯᠠᠬᠤ ᠬᠡᠷᠡᠭᠲᠡᠢ᠃ ᠮᠠᠰᠢᠨᠲᠦ ᠲᠡᠷᠭᠡᠨ ᠤ ᠦᠮᠴᠢᠯᠡᠭᠴᠢ | ᠰᠢᠯᠵᠢᠬᠦᠯᠦᠨ ᠪᠦᠷᠢᠳᠭᠡᠭᠦᠯᠬᠦ ᠶᠢ ᠭᠤᠶᠤᠴᠢᠯᠠᠬᠤ ᠠᠴᠠ ᠡᠮᠦᠨ᠎ᠡ᠂ ᠲᠤᠰ ᠲᠡᠷᠭᠡᠨ ᠤ ᠵᠠᠮ ᠬᠠᠷᠢᠯᠴᠠᠭᠠᠨ ᠤ ᠠᠶᠤᠯ | ᠦᠭᠡᠢ ᠶᠢᠨ ᠬᠠᠤᠯᠢ ᠠᠴᠠ ᠵᠦᠷᠢᠴᠡᠭᠰᠡᠨ ᠳᠤ ᠬᠤᠯᠪᠤᠭᠳᠠᠬᠤ ᠦᠢᠯᠡ ᠠᠵᠢᠯᠯᠠᠭ᠎ᠠ ᠪᠠ ᠵᠠᠮ ᠬᠠᠷᠢᠯᠴᠠᠭᠠᠨ ᠤ ᠠᠳᠡᠯ ᠢ | ᠰᠢᠢᠳᠪᠦᠷᠢᠯᠡᠵᠦ ᠳᠠᠭᠤᠰᠬᠠᠭᠰᠠᠨ ᠪᠠᠶᠢᠬᠤ ᠬᠡᠷᠡᠭᠲᠠᠢ᠃ ᠰᠢᠯᠵᠢᠬᠦᠯᠥᠨ ᠪᠦᠷᠢᠳᠭᠡᠭᠦᠯᠬᠦ ᠪᠠᠷ ᠭᠤᠶᠤᠴᠢᠯᠠᠬᠤ ᠳᠤ᠂ | ᠮᠠᠰᠢᠨᠲᠦ ᠲᠡᠷᠭᠡᠨ ᠤ ᠤᠳᠤ ᠶᠢᠨ ᠦᠮᠴᠢᠯᠡᠭᠴᠢ ᠭᠤᠶᠤᠴᠢᠯᠠᠯ ᠤᠨ ᠬᠦᠰᠦᠨᠦᠭᠲᠦ ᠲᠠᠭᠯᠠᠵᠤ᠂ ᠮᠠᠰᠢᠨ ᠲᠡᠷᠭᠡ ᠶᠢ | ᠲᠤᠰᠢᠶᠠᠨ ᠰᠢᠯᠭᠠᠭᠤᠯᠬᠤ ᠶᠢᠨ ᠬᠠᠮᠲᠤ ᠳᠤᠤᠷᠠᠬᠢ ᠬᠡᠷᠡᠴᠢ᠂ ᠪᠠᠷᠢᠮᠲᠠ ᠶᠢ ᠲᠤᠰᠢᠶᠠᠬᠤ ᠬᠡᠷᠡᠭᠲᠡᠢ᠄ ︵ᠨᠢᠭᠡ︶ | ᠮᠠᠰᠢᠨᠲᠦ ᠲᠡᠷᠭᠡᠨ ᠤ ᠤᠳᠤ ᠶᠢᠨ ᠦᠮᠴᠢᠯᠡᠭᠴᠢ ᠶᠢᠨ ᠪᠡᠶ᠎ᠡ ᠶᠢᠨ ᠬᠡᠷᠡᠴᠢ︔ ︵ᠬᠤᠶᠠᠷ︶ ᠮᠠᠰᠢᠨᠲᠦ ᠲᠡᠷᠭᠡᠨ ᠤ | ᠦᠮᠴᠢᠯᠡᠬᠦ ᠡᠷᠭᠡ ᠶᠢ ᠰᠢᠯᠵᠢᠭᠦᠯᠦᠭᠰᠡᠨ ᠬᠡᠷᠡᠴᠢ᠂ ᠪᠠᠷᠢᠮᠲᠠ︔ ︵ᠭᠤᠷᠪᠠ︶ ᠮᠠᠰᠢᠨᠲᠦ ᠲᠡᠷᠭᠡ ᠶᠢ | ᠪᠦᠷᠢᠳᠭᠡᠭᠦᠯᠥᠭᠰᠡᠨ ᠦᠨᠡᠮᠯᠡᠯ︔ ︵ᠳᠦᠷᠪᠡ︶ ᠮᠠᠰᠢᠨᠲᠦ ᠲᠡᠷᠭᠡᠨ ᠤ ᠵᠢᠯᠤᠭᠤᠳᠬᠤ ᠦᠨᠡᠮᠯᠡᠯ︔ ︵ᠲᠠᠪᠤ︶ | ᠪᠤᠭᠤᠮᠲᠠ ᠠᠴᠠ ᠬᠢᠨᠠᠨ ᠬᠠᠮᠢᠶᠠᠷᠴᠦ ᠪᠠᠶᠢᠭ᠎ᠠ ᠮᠠᠰᠢᠨᠲᠦ ᠲᠡᠷᠭᠡ ᠳᠤ ᠬᠠᠷᠢᠶᠠᠯᠠᠭᠳᠠᠪᠠᠯ᠂ ᠪᠠᠰᠠ ︽ᠪᠦᠬᠦᠳᠡ | ᠨᠠᠶᠢᠷᠠᠮᠳᠠᠬᠤ ᠳᠤᠮᠳᠠᠲᠤ ᠠᠷᠠᠳ ᠤᠯᠤᠰ ᠤᠨ ᠪᠤᠭᠤᠮᠲᠠ ᠠᠴᠠ ᠬᠢᠨᠠᠨ ᠬᠠᠮᠢᠶᠠᠷᠴᠦ ᠪᠠᠶᠢᠭ᠎ᠠ ᠲᠡᠷᠭᠡ ᠬᠦᠰᠭᠡ ᠶᠢᠨ | ᠬᠢᠨᠠᠨ ᠬᠠᠮᠢᠶᠠᠷᠬᠤ ᠶᠢ ᠲᠠᠶᠢᠯᠤᠭᠰᠠᠨ ᠬᠡᠷᠡᠴᠢ︾ ᠪᠤᠶᠤ ᠪᠤᠭᠤᠮᠲᠠ ᠶᠢᠨ ᠰᠢᠯᠵᠢᠬᠦᠯᠥᠨ ᠦᠭᠬᠦ ᠶᠢ ᠵᠦᠪᠰᠢᠶᠡᠷᠡᠭᠰᠡᠨ | ᠬᠡᠷᠡᠴᠢ ᠶᠢ ᠲᠤᠰᠢᠶᠠᠬᠤ ᠬᠡᠷᠡᠭᠲᠡᠢ︔ ︵ᠵᠢᠷᠭᠤᠭ᠎ᠠ︶ ᠰᠢᠯᠭᠠᠨ ᠪᠠᠶᠢᠴᠠᠭᠠᠬᠤ ᠬᠦᠴᠦᠨ ᠲᠠᠢ ᠬᠤᠭᠤᠴᠠᠭ᠎ᠠ ᠨᠢ | ᠬᠡᠲᠦᠷᠡᠭᠰᠡᠨ ᠮᠠᠰᠢᠨᠲᠦ ᠲᠡᠷᠭᠡ ᠳᠤ ᠬᠠᠷᠢᠶᠠᠯᠠᠭᠳᠠᠪᠠᠯ᠂ ᠪᠠᠰᠠ ᠮᠠᠰᠢᠨᠲᠦ ᠲᠡᠷᠭᠡᠨ ᠤ ᠠᠶᠤᠯ ᠦᠭᠡᠢ ᠶᠢᠨ | ᠮᠡᠷᠭᠡᠵᠢᠯ ᠤᠨ ᠰᠢᠯᠭᠠᠨ ᠪᠠᠶᠢᠴᠠᠭᠠᠯᠲᠠ ᠳᠤ ᠬᠢᠷᠢ ᠲᠡᠩᠴᠡᠭᠰᠡᠨ ᠬᠡᠷᠡᠴᠢ ᠪᠠ ᠵᠠᠮ ᠬᠠᠷᠢᠯᠴᠠᠭᠠᠨ ᠤ ᠠᠳᠡᠯ ᠤᠨ | ᠬᠠᠷᠢᠭᠤᠴᠠᠯᠭ᠎ᠠ ᠶᠢᠨ ᠠᠯᠪᠠᠳᠠᠯᠭᠠᠲᠦ ᠳᠠᠭᠠᠳᠬᠠᠯ ᠤᠨ ᠬᠡᠷᠡᠴᠢ ᠶᠢ ᠲᠤᠰᠢᠶᠠᠬᠤ ᠬᠡᠷᠡᠭᠲᠠᠢ᠃ ᠮᠠᠰᠢᠨᠲᠦ ᠲᠡᠷᠭᠡᠨ ᠤ | ᠤᠳᠤ ᠶᠢᠨ ᠦᠮᠴᠢᠯᠡᠭᠴᠢ ᠶᠢᠨ ᠰᠠᠭᠤᠵᠦ ᠪᠠᠶᠢᠭ᠎ᠠ ᠭᠠᠵᠠᠷ ᠨᠢ ᠲᠡᠷᠭᠡ ᠬᠦᠰᠭᠡ ᠶᠢᠨ ᠬᠠᠮᠢᠶᠠᠷᠤᠯᠲᠠ ᠶᠢᠨ ᠭᠠᠵᠠᠷ ᠤᠨ | ᠬᠠᠷᠢᠶ᠎ᠠ ᠣᠷᠣᠨ ᠳᠤ ᠪᠠᠶᠢᠪᠠᠯ᠂ ᠲᠡᠷᠭᠡ ᠬᠦᠰᠬᠡ ᠶᠢᠨ ᠬᠠᠮᠢᠶᠠᠷᠤᠯᠲᠠ ᠶᠢᠨ ᠭᠠᠵᠠᠷ ᠭᠤᠶᠤᠴᠢᠯᠠᠯ ᠢ ᠬᠦᠯᠢᠶᠡᠨ | ᠠᠪᠤᠭᠰᠠᠨ ᠡᠳᠥᠷ ᠠᠴᠠ ᠡᠬᠢᠯᠡᠨ ᠨᠢᠭᠡ ᠡᠳᠦᠷ ᠤᠨ ᠳᠤᠲᠤᠷ᠎ᠠ᠂ ᠮᠠᠰᠢᠨᠲᠦ ᠲᠡᠷᠭᠡ ᠶᠢ ᠨᠤᠲᠠᠯᠠᠵᠦ᠂ ᠲᠡᠷᠭᠡ | ᠬᠦᠰᠭᠡ ᠶᠢ ᠢᠯᠭᠠᠨ ᠲᠠᠨᠢᠬᠤ ᠣᠷᠣᠯᠠᠬᠤ ᠳ᠋ᠤᠭᠠᠷ ᠤᠨ ᠳᠠᠷᠤᠮᠠᠯ ᠬᠡᠪ ᠢ ᠬᠠᠷᠭᠤᠭᠤᠯᠤᠨ᠂ ᠲᠤᠰᠢᠶᠠᠭᠰᠠᠨ ᠬᠡᠷᠡᠴᠢ᠂ | ᠪᠠᠷᠢᠮᠲᠠ ᠶᠢ ᠬᠢᠨᠠᠨ ᠪᠠᠶᠢᠴᠠᠭᠠᠵᠤ᠂ ᠨᠣᠮᠧᠷᠲᠦ ᠫᠠᠶᠢᠰᠠᠨ᠂ ᠲᠡᠷᠭᠡ ᠶᠠᠪᠤᠭᠤᠯᠬᠤ ᠦᠨᠡᠮᠯᠡᠯ ᠢ ᠬᠤᠷᠢᠶᠠᠵᠤ᠂ ᠮᠠᠰᠢᠨᠲᠦ | ᠲᠡᠷᠭᠡᠨ ᠤ ᠰᠢᠨ᠎ᠡ ᠨᠣᠮᠧᠷᠲᠦ ᠫᠠᠶᠢᠰᠠ ᠶᠢᠨ ᠨᠤᠮᠧᠷ ᠢ ᠲᠣᠭᠲᠠᠭᠠᠨ᠂ ᠮᠠᠰᠢᠨᠲᠦ ᠲᠡᠷᠭᠡ ᠶᠢ ᠪᠦᠷᠢᠳᠭᠡᠭᠦᠯᠥᠭᠰᠡᠨ | ᠦᠨᠡᠮᠯᠡᠯ ᠳᠡᠭᠡᠷ᠎ᠡ ᠰᠢᠯᠵᠢᠬᠦᠯᠥᠭᠰᠡᠨ ᠵᠦᠢᠯᠡᠰ ᠢ ᠴᠣᠬᠤᠯᠠᠪᠥᠷᠢᠯᠠᠵᠦ᠂ ᠨᠣᠮᠧᠷᠲᠦ ᠫᠠᠶᠢᠰᠠ᠂ ᠲᠡᠷᠭᠡ ᠶᠠᠪᠤᠭᠤᠯᠬᠤ | ᠦᠨᠡᠮᠯᠡᠯ ᠪᠠ ᠪᠠᠶᠢᠴᠠᠭᠠᠨ ᠰᠢᠯᠭᠠᠭᠠᠳ ᠬᠢᠷᠢ ᠲᠡᠩᠴᠡᠭᠰᠡᠨ ᠲᠡᠮᠳᠡᠭ ᠢ ᠳᠠᠬᠢᠵᠦ ᠬᠢᠨᠠᠨ ᠣᠯᠭᠤᠬᠤ ᠬᠡᠷᠡᠭᠲᠡᠢ᠃ | | |