ᠣᠷᠣᠨ ᠤ ᠲᠤᠲᠤᠷ ᠤᠨ ᠬᠦᠮᠥᠨ ᠬᠢᠭᠡᠳ ᠡᠷᠦᠭᠡ ᠠᠮᠠ ᠨᠢ ᠰᠠᠯᠤᠭᠰᠠᠨ ᠬᠦᠮᠥᠰ ᠤᠨ ᠬᠤᠪᠢ ᠶᠢᠨ | ᠤᠴᠢᠷ ᠢᠶᠠᠷ ᠬᠢᠯᠢ ᠪᠠᠷ ᠣᠷᠣᠵᠤ ᠭᠠᠷᠬᠤ ᠦᠨᠡᠮᠯᠡᠯ ᠢ ᠣᠷᠣᠰᠢᠨ ᠰᠠᠭᠤᠭ᠎ᠠ ᠭᠠᠵᠠᠷ᠂ ᠠᠵᠢᠯ ᠣᠯᠣᠭᠰᠠᠨ ᠭᠠᠵᠠᠷ | ᠬᠢᠭᠡᠳ ᠰᠤᠷᠤᠯᠴᠠᠵᠤ ᠪᠠᠶᠢᠭ᠎ᠠ ᠭᠠᠵᠠᠷ ᠲᠠᠭᠠᠨ ᠭᠦᠢᠴᠡᠳᠬᠡᠬᠦ ᠳᠤ ᠳᠦᠭᠦᠮ ᠦᠵᠡᠭᠦᠯᠬᠦ ᠶᠢᠨ ᠲᠤᠰᠠᠳᠠ᠂ ᠥᠪᠥᠷ | ᠮᠣᠩᠭᠤᠯ ᠤᠨ ᠲᠣᠳᠤᠭᠠᠳᠤ ᠶᠢ ᠬᠠᠮᠠᠭᠠᠯᠠᠬᠤ ᠲᠢᠩᠬᠢᠮ ᠤᠨ ᠬᠢᠯᠢ ᠪᠠᠷ ᠣᠷᠣᠵᠤ ᠭᠠᠷᠬᠤ ᠶᠢᠨ ᠬᠠᠮᠢᠶᠠᠷᠣᠯᠲᠠ ᠶᠢᠨ | ᠲᠣᠪᠴᠢᠶ᠎ᠠ ᠠᠴᠠ ᠮᠠᠨ ᠤ ᠣᠷᠣᠨ 2012 ᠣᠨ ᠤ 5 ᠳ᠋ᠤᠭᠠᠷ ᠰᠠᠷ᠎ᠠ ᠶᠢᠨ 15 ᠤ ᠡᠳᠦᠷ ᠠᠴᠠ ᠡᠬᠢᠯᠡᠵᠦ᠂ | ᠣᠷᠣᠨ ᠤ ᠲᠤᠲᠤᠷ ᠤᠨ ᠰᠠᠭᠤᠭᠠᠯᠢ ᠠᠷᠠᠳ ᠬᠤᠪᠢ ᠶᠢᠨ ᠤᠴᠢᠷ ᠢᠶᠠᠷ ᠬᠢᠯᠢ ᠪᠠᠷ ᠣᠷᠣᠵᠤ ᠭᠠᠷᠬᠤ ᠦᠨᠡᠮᠯᠡᠯ ᠢ | ᠣᠶᠢᠷ᠎ᠠ ᠬᠠᠪᠢ ᠳᠠᠭᠠᠨ ᠭᠦᠢᠴᠡᠳᠬᠡᠬᠦ ᠠᠵᠢᠯ ᠢ ᠵᠢᠩᠬᠢᠨᠢ ᠪᠠᠷ ᠦᠷᠨᠢᠭᠦᠯᠬᠦ ᠪᠠᠷ ᠲᠣᠭᠲᠠᠪᠠ᠃ | ᠨᠢᠭᠡ᠂ ᠦᠨᠡᠮᠯᠡᠯ ᠭᠦᠢᠴᠡᠳᠬᠡᠯᠭᠡᠴᠢ ᠣᠷᠣᠨ ᠤ ᠳᠣᠲᠣᠷ ᠤᠨ ᠬᠦᠮᠥᠨ ᠬᠢᠭᠡᠳ ᠡᠷᠦᠭᠡ ᠠᠮᠠ ᠨᠢ | ᠰᠠᠯᠤᠭᠰᠠᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠷᠦᠭᠡ ᠠᠮᠠ ᠶᠢᠨ ᠬᠠᠷᠢᠶ᠎ᠠ ᠲᠠᠢ ᠰᠠᠭᠤᠭᠠᠯᠢ | ᠠᠷᠠᠳ ︵ᠪᠦᠷᠢᠳᠬᠡᠯᠭᠡᠨ ᠳᠠᠩᠰᠠᠯᠠᠭᠤᠯᠤᠭᠰᠠᠨ ᠤᠯᠤᠰ ᠤᠨ ᠠᠵᠢᠯᠲᠠᠨ ᠪᠠᠭᠲᠠᠨ᠎ᠠ︶ ᠡᠷᠦᠭᠡ ᠠᠮᠠ ᠶᠢᠨ ᠳᠡᠪᠲᠡᠷ᠂ | ᠪᠡᠶ᠎ᠡ ᠶᠢᠨ ᠦᠨᠡᠮᠯᠡᠯ ᠢᠶᠠᠷ ᠢᠶᠠᠨ ᠣᠶᠢᠷ᠎ᠠ ᠬᠠᠪᠢ ᠶᠢᠨ ᠠᠶᠢᠮᠠᠭ ᠬᠤᠲᠠ ᠪᠤᠶᠤ ᠬᠤᠰᠢᠭᠤ ᠰᠢᠶᠠᠨ ᠤ ᠲᠣᠳᠣᠭᠠᠳᠣ ᠶᠢ | ᠬᠠᠮᠠᠭᠠᠯᠠᠬᠤ ᠪᠠᠶᠢᠭᠤᠯᠭ᠎ᠠ ᠶᠢᠨ ᠬᠢᠯᠢ ᠪᠠᠷ ᠣᠷᠣᠵᠤ ᠭᠠᠷᠬᠤ ᠶᠢ ᠬᠠᠮᠢᠶᠠᠷᠬᠤ ᠰᠠᠯᠠᠭ᠎ᠠ ᠮᠦᠴᠢᠷ ᠲᠤ ᠬᠤᠪᠢ ᠶᠢᠨ | ᠤᠴᠢᠷ ᠢᠶᠠᠷ ᠬᠢᠯᠢ ᠪᠠᠷ ᠣᠷᠣᠵᠤ ᠭᠠᠷᠬᠤ ᠦᠨᠡᠮᠯᠡᠯ ᠭᠤᠶᠤᠴᠢᠯᠠᠵᠤ ᠪᠣᠯᠣᠨ᠎ᠠ ︵ᠡᠯᠧᠺᠳ᠋ᠷᠤᠨ ᠡᠩ ᠤᠨ ᠫᠠᠰᠫᠣᠷᠲ᠂ | ᠰᠢᠶᠠᠩᠭᠠᠩ ᠤᠤᠮᠧᠨ ᠢᠶᠠᠷ ᠣᠴᠢᠵᠦ ᠢᠷᠡᠬᠦ ᠨᠡᠪᠲᠡᠷᠡᠬᠦ ᠦᠨᠡᠮᠯᠡᠯ ᠬᠢᠭᠡᠳ ᠪᠦᠯᠭᠦᠮ ᠨᠡᠶᠢᠲᠡ ᠶᠢᠨ ᠵᠢᠭᠤᠯᠴᠢᠯᠠᠯ ᠤᠨ | ᠴᠣᠬᠤᠯᠠᠪᠥᠷᠢᠯᠠᠭᠤᠯᠬᠤ᠂ ᠡᠬᠡ ᠬᠠᠭᠤᠷᠠᠢ ᠶᠢᠨ ᠰᠠᠭᠤᠭᠠᠯᠢ ᠠᠷᠠᠳ ᠤᠨ ᠲᠠᠶᠢᠸᠠᠨ ᠢᠶᠠᠷ ᠣᠴᠢᠵᠦ ᠢᠷᠡᠬᠦ ᠨᠡᠪᠲᠡᠷᠡᠬᠦ | ᠦᠨᠡᠮᠯᠡᠯ ᠬᠢᠭᠡᠳ ᠴᠣᠬᠤᠯᠠᠪᠥᠷᠢᠯᠠᠭᠤᠯᠬᠤ︶᠃ | ᠬᠤᠶᠠᠷ᠂ ᠡᠯᠧᠺᠳ᠋ᠷᠤᠨ ᠡᠩ ᠤᠨ ᠫᠠᠰᠫᠣᠷᠲ ᠭᠤᠶᠤᠴᠢᠯᠠᠬᠤ ᠲᠦᠷᠦᠯ ᠢᠯᠭᠠᠯ ᠡᠯᠧᠺᠳ᠋ᠷᠤᠨ ᠡᠩ ᠤᠨ | ᠫᠠᠰᠫᠣᠷᠲ ᠢ ᠠᠩᠬ᠎ᠠ ᠤᠳᠠᠭ᠎ᠠ ᠠᠪᠬᠤ᠂ ᠬᠦᠴᠦᠨ ᠦᠭᠡᠢ ᠪᠣᠯᠣᠭᠠᠳ ᠳᠠᠬᠢᠵᠦ ᠭᠤᠶᠤᠴᠢᠯᠠᠨ ᠠᠪᠬᠤ᠂ ᠰᠤᠯᠢᠵᠤ | ᠠᠪᠬᠤ᠂ ᠨᠥᠬᠦᠵᠦ ᠠᠪᠬᠤ᠂ ᠠᠰ ᠢᠶᠠᠷ ᠨᠢ ᠵᠡᠭᠦᠯᠲᠡ ᠬᠠᠳᠠᠬᠤ ᠭᠠᠷᠳᠠᠮ᠃ | ᠭᠤᠷᠪᠠ᠂ ᠰᠢᠶᠠᠩᠭᠠᠩ ᠤᠤᠮᠧᠨ ᠢᠶᠠᠷ ᠣᠴᠢᠵᠦ ᠢᠷᠡᠬᠦ ᠨᠡᠪᠲᠡᠷᠡᠬᠦ ᠦᠨᠡᠮᠯᠡᠯ ᠬᠢᠭᠡᠳ ᠪᠦᠯᠭᠦᠮ | ᠨᠡᠶᠢᠲᠡ ᠶᠢᠨ ᠵᠢᠭᠤᠯᠴᠢᠯᠠᠯ ᠤᠨ ᠴᠤᠬᠤᠯᠠᠪᠥᠷᠢᠯᠠᠭᠤᠯᠬᠤ ᠴᠤᠬᠤᠯᠠᠪᠥᠷᠢᠯᠠᠭᠤᠯᠬᠤ ︵L︶ ᠬᠡᠪᠴᠢᠶᠡᠨ ᠳᠤ | ᠪᠠᠭᠲᠠᠬᠤ ᠨᠢ᠄ ᠭᠤᠷᠪᠠᠨ ᠰᠠᠷ᠎ᠠ ᠳᠤ ᠨᠢᠭᠡ ᠤᠳᠠᠭ᠎ᠠ᠂ ᠨᠢᠭᠡ ᠵᠢᠯ ᠳᠤ ᠨᠢᠭᠡ ᠤᠳᠠᠭ᠎ᠠ ᠰᠢᠶᠠᠩᠭᠠᠩ᠂ ᠣᠣᠮᠧᠨ ᠳᠤ | ᠣᠴᠢᠬᠤ ᠪᠦᠯᠬᠦᠮ ᠨᠡᠶᠢᠲᠡ ᠶᠢᠨ ᠵᠢᠭᠤᠯᠴᠢᠯᠠᠯ ᠤᠨ ᠴᠣᠬᠤᠯᠠᠪᠥᠷᠢᠯᠠᠭᠤᠯᠬᠤ᠂ ᠭᠤᠷᠪᠠᠨ ᠰᠠᠷ᠎ᠠ ᠳᠤ ᠬᠤᠶᠠᠷ ᠤᠳᠠᠭ᠎ᠠ | ᠂ ᠨᠢᠭᠡ ᠵᠢᠯ ᠳᠤ ᠬᠤᠶᠠᠷ ᠤᠳᠠᠭ᠎ᠠ ᠰᠢᠶᠠᠩᠭᠠᠩ ᠳᠤ ᠣᠴᠢᠬᠤ ᠪᠦᠯᠬᠦᠮ ᠨᠡᠶᠢᠲᠡ ᠶᠢᠨ ᠵᠢᠭᠤᠯᠴᠢᠯᠠᠯ ᠤᠨ | ᠴᠤᠬᠤᠯᠠᠪᠥᠷᠢᠯᠠᠭᠤᠯᠬᠤ᠃ ᠪᠦᠬᠦᠯᠢ 16 ᠨᠠᠰᠤ ᠬᠦᠷᠦᠭᠡᠳᠦᠢ ᠪᠤᠶᠤ ᠪᠦᠬᠦᠯᠢ 60 ᠨᠠᠰᠤ ᠬᠦᠷᠥᠭᠰᠡᠨ ᠤ | ᠭᠤᠶᠤᠴᠢᠯᠠᠵᠦ ᠰᠢᠶᠠᠩᠭᠠᠩ ᠣᠣᠮᠧᠨ ᠳᠤ ᠣᠬᠤᠷ ᠬᠤᠭᠤᠴᠠᠭ᠎ᠠ ᠪᠠᠷ ᠣᠴᠢᠵᠦ ᠢᠷᠡᠬᠦ ᠪᠦᠯᠬᠦᠮ ᠨᠡᠶᠢᠲᠡ ᠶᠢᠨ | ᠵᠢᠭᠤᠯᠴᠢᠯᠠᠬᠤ᠂ ᠡᠰᠡᠭᠦᠯ᠎ᠡ ᠠᠳᠠᠯᠢ ᠨᠢᠭᠡ ᠬᠦᠯᠢᠶᠡᠨ ᠠᠪᠴᠤ ᠭᠦᠢᠴᠡᠳᠬᠡᠬᠦ ᠰᠠᠯᠠᠭ᠎ᠠ ᠮᠦᠴᠢᠷ ᠲᠤ ᠰᠢᠶᠠᠩᠭᠠᠩ | ᠤᠤᠮᠧᠨ ᠢᠶᠠᠷ ᠣᠴᠢᠵᠦ ᠢᠷᠡᠬᠦ ᠠᠳᠠᠯᠢ ᠨᠢᠭᠡ ᠨᠡᠪᠲᠡᠷᠡᠬᠦ ᠦᠨᠡᠮᠯᠡᠯ ᠢᠶᠠᠷ ᠳᠠᠬᠢᠭᠠᠳ ᠭᠤᠶᠤᠴᠢᠯᠠᠨ ᠰᠢᠶᠠᠩᠭᠠᠩ | ᠣᠣᠮᠧᠨ ᠳᠤ ᠣᠬᠤᠷ ᠬᠤᠭᠤᠴᠠᠭ᠎ᠠ ᠪᠠᠷ ᠣᠴᠢᠵᠦ ᠢᠷᠡᠬᠦ ᠪᠦᠯᠬᠦᠮ ᠨᠡᠶᠢᠲᠡ ᠶᠢᠨ ᠵᠢᠭᠤᠯᠴᠢᠯᠠᠬᠤ ᠶᠢᠨ | ᠴᠤᠬᠤᠯᠠᠪᠥᠷᠢᠯᠠᠭᠤᠯᠬᠤ ᠪᠣᠯ ᠴᠦᠮ ᠨᠠᠶᠢᠳᠠᠭᠴᠢ ᠠᠴᠠ ᠡᠷᠦᠭᠡ ᠠᠮᠠ ᠶᠢᠨ ᠬᠠᠷᠢᠶ᠎ᠠ ᠶᠢᠨ ᠭᠠᠵᠠᠷ ᠠᠯᠤᠰᠯᠠᠨ | ᠭᠤᠶᠤᠴᠢᠯᠠᠵᠤ ᠪᠣᠯᠣᠨ᠎ᠠ᠃ | ᠳᠥᠷᠪᠡ᠂ ᠡᠬᠡ ᠬᠠᠭᠤᠷᠠᠢ ᠶᠢᠨ ᠰᠠᠭᠤᠭᠠᠯᠢ ᠠᠷᠠᠳ ᠤᠨ ᠲᠠᠶᠢᠸᠠᠨ ᠳᠤ ᠣᠴᠢᠵᠦ ᠢᠷᠡᠬᠦ ᠨᠡᠪᠲᠡᠷᠡᠬᠦ | ᠦᠨᠡᠮᠯᠡᠯ ᠬᠢᠭᠡᠳ ᠴᠣᠬᠤᠯᠠᠪᠥᠷᠢᠯᠠᠭᠤᠯᠬᠤ ᠲᠠᠶᠢᠸᠠᠨ ᠳᠤ ᠣᠴᠢᠵᠤ ᠲᠦᠷᠦᠯ ᠰᠠᠲᠤᠨ ᠢᠶᠠᠨ ᠡᠷᠬᠢᠵᠦ ᠦᠵᠡᠬᠦ᠂ | ᠰᠠᠭᠤᠷᠢᠰᠢᠬᠤ᠂ ᠨᠠᠶᠢᠵᠠ ᠶᠢᠨ ᠳᠠᠭᠠᠨ ᠠᠶᠢᠯᠴᠢᠯᠠᠬᠤ᠂ ᠵᠢᠭᠤᠯᠴᠢᠯᠠᠬᠤ᠂ ᠡᠳ᠋ ᠭᠦᠷᠦᠩᠭᠡ ᠬᠦᠯᠢᠶᠠᠨ ᠠᠪᠬᠤ ᠪᠠ | ᠰᠢᠢᠳᠪᠦᠷᠢᠯᠡᠬᠦ᠂ ᠬᠤᠷᠢᠮ ᠪᠠᠯᠪᠠᠰᠤᠷᠠᠯ ᠤᠨ ᠶᠠᠪᠤᠳᠠᠯ ᠢ ᠰᠢᠢᠳᠪᠦᠷᠢᠯᠡᠬᠦ ᠪᠤᠶᠤ ᠠᠵᠤ ᠠᠬᠤᠢ᠂ ᠰᠤᠶᠤᠯ᠂ ᠰᠢᠨᠵᠢᠯᠡᠬᠦ | ᠤᠬᠠᠭᠠᠨ ᠮᠡᠷᠭᠡᠵᠢᠯ᠂ ᠪᠡᠶ᠎ᠡ ᠶᠢᠨ ᠲᠠᠮᠢᠷ᠂ ᠡᠷᠳᠡᠮ ᠰᠢᠨᠵᠢᠯᠡᠭᠡᠨ ᠤ ᠠᠵᠢᠯᠯᠠᠭ᠎ᠠ ᠬᠢᠬᠦ ᠪᠠ ᠬᠤᠷᠠᠯ ᠳᠤ ᠣᠷᠤᠯᠴᠠᠬᠤ | ᠵᠡᠷᠭᠡ ᠬᠡᠷᠡᠭ ᠶᠠᠪᠤᠳᠠᠯ ᠳᠤ ᠣᠷᠣᠯᠴᠠᠬᠤ ᠪᠠᠷ ᠭᠤᠶᠤᠴᠢᠯᠠᠪᠠᠯ᠂ ᠴᠦᠮ ᠰᠠᠭᠤᠭ᠎ᠠ ᠭᠠᠵᠠᠷ ᠤᠨ ᠢᠶᠠᠨ ᠣᠶᠢᠷ᠎ᠠ | ᠬᠠᠪᠢ ᠳᠤ ︽ᠡᠬᠡ ᠬᠠᠭᠤᠷᠠᠢ ᠶᠢᠨ ᠰᠠᠭᠤᠭᠠᠯᠢ ᠠᠷᠠᠳ ᠤᠨ ᠲᠠᠶᠢᠸᠠᠨ ᠳᠤ ᠣᠴᠢᠵᠦ ᠢᠷᠡᠬᠦ ᠨᠡᠪᠲᠡᠷᠡᠬᠦ ᠦᠨᠡᠮᠯᠡᠯ︾ | ᠭᠦᠢᠴᠡᠳᠬᠡᠬᠦ ᠪᠠ ᠵᠣᠬᠢᠴᠠᠩᠭᠤᠢ ᠴᠤᠬᠤᠯᠠᠪᠥᠷᠢᠯᠠᠭᠤᠯᠵᠦ ᠪᠣᠯᠤᠨ᠎ᠠ᠃ ᠴᠤᠬᠤᠯᠠᠪᠦᠷᠢᠯᠠᠭᠤᠯᠬᠤ ᠬᠡᠪᠴᠢᠶᠡᠨ ᠳᠤ | ᠪᠠᠭᠲᠠᠬᠤ ᠨᠢ᠄ D ᠨᠤᠲᠤᠭᠰᠢᠬᠤ᠂ J ᠣᠷᠣᠰᠢᠨ ᠰᠠᠭᠤᠬᠤ᠂ T ᠲᠦᠷᠦᠯ ᠰᠠᠲᠤᠨ ᠢᠶᠠᠨ ᠡᠷᠭᠢᠵᠦ ᠦᠵᠡᠡᠬᠦ᠂ L | ᠵᠢᠭᠤᠯᠴᠢᠯᠠᠬᠤ᠂ Q ᠪᠤᠰᠤᠳ᠂ Y ᠤᠷᠢᠭᠳᠠᠬᠤ᠂ F ᠠᠯᠪᠠᠨ ᠠᠵᠢᠯ ᠤᠨ ᠪᠤᠰᠤ ᠪᠠᠷ ᠤᠷᠢᠭᠳᠠᠬᠤ ᠪᠠ C | ᠠᠭᠠᠷ ᠤᠨ ᠲᠡᠭᠡᠭᠡᠪᠦᠷᠢ ᠵᠡᠷᠭᠡ 8 ᠲᠦᠷᠦᠯ ᠤᠨ ᠴᠤᠬᠤᠯᠠᠪᠥᠷᠢᠯᠠᠭᠤᠯᠬᠤ ᠪᠣᠯᠤᠨ᠎ᠠ᠃ ᠪᠦᠬᠦᠯᠢ 16 ᠨᠠᠰᠦ | ᠬᠦᠷᠦᠭᠡᠳᠦᠢ ᠪᠤᠶᠤ ᠪᠦᠬᠦᠯᠢ 70 ᠨᠠᠰᠤ ᠬᠥᠷᠦᠭᠰᠡᠨ ᠮᠠᠨ ᠤ ᠣᠷᠣᠨ ᠤ ᠰᠠᠭᠤᠭᠠᠯᠢ ᠠᠷᠠᠳ ᠬᠤᠪᠢ ᠶᠢᠨ | ᠤᠴᠢᠷ ᠢᠶᠠᠷ ᠲᠠᠶᠢᠸᠠᠨ ᠳᠤ ᠤᠴᠢᠬᠤ ᠪᠠᠷ ᠭᠤᠶᠤᠴᠢᠯᠠᠬᠤ ᠳᠤ᠂ ᠰᠢᠭᠤᠳ ᠴᠢᠰᠦᠨ ᠲᠦᠷᠦᠯ ᠪᠤᠶᠤ ᠪᠤᠰᠤᠳ | ᠬᠠᠷᠠᠭᠠᠯᠵᠠᠨ ᠬᠠᠮᠠᠭᠠᠯᠠᠭᠴᠢ ᠨᠢ ᠣᠷᠣᠯᠠᠨ ᠭᠦᠢᠴᠡᠳᠬᠡᠵᠦ ᠪᠣᠯᠣᠨ᠎ᠠ᠃ | ᠲᠠᠪᠤ᠂ ᠭᠤᠶᠤᠴᠢᠯᠠᠯ ᠤᠨ ᠮᠠᠲ᠋ᠧᠷᠢᠶᠠᠯ ︵ᠨᠢᠭᠡ︶ ᠦᠨᠡᠮᠯᠡᠯ ᠬᠢᠬᠦ ᠭᠡᠷᠡᠯ ᠵᠢᠷᠤᠭ᠃ ᠭᠡᠷᠡᠯ ᠵᠢᠷᠤᠭ ᠨᠢ ︽ | ᠬᠢᠯᠢ ᠪᠠᠷ ᠣᠷᠤᠵᠤ ᠭᠠᠷᠬᠤ ᠦᠨᠡᠮᠯᠡᠯ ᠤᠨ ᠭᠡᠷᠡᠯ ᠵᠢᠷᠤᠭ ᠤᠨ ᠰᠡᠭᠦᠳᠡᠷᠯᠡᠬᠦ ᠵᠢᠯᠣᠭᠤᠳᠤᠮᠵᠢ︾ ᠳᠤ ᠨᠡᠶᠢᠴᠡᠭᠰᠡᠨ | ᠪᠠᠶᠢᠬᠤ ᠬᠡᠷᠡᠭᠲᠡᠢ᠃ ︵ᠬᠤᠶᠠᠷ︶ ᠪᠦᠷᠢᠨ ᠭᠦᠢᠴᠡᠳ ᠲᠠᠭᠯᠠᠭᠰᠠᠨ ᠮᠦᠷᠲᠡᠭᠡᠨ ᠭᠤᠶᠤᠴᠢᠯᠠᠭᠴᠢ ᠶᠢᠨ ᠤᠶᠢᠷ᠎ᠠ ᠶᠢᠨ | ᠬᠤᠭᠤᠴᠠᠭᠠᠨ ᠤ ᠭᠡᠷᠡᠯ ᠵᠢᠷᠤᠭ ︵ᠲᠤᠰ ᠭᠡᠷᠡᠯ ᠵᠢᠷᠤᠭ ᠨᠢ ᠦᠨᠡᠮᠡᠯᠡᠯ ᠬᠢᠬᠦ ᠭᠡᠷᠡᠯ ᠵᠢᠷᠤᠭ ᠪᠢᠰᠢ ᠪᠠᠶᠢᠵᠦ ᠪᠣᠯᠣᠨ᠎ᠠ︶ | ᠲᠠᠢ ︽ᠳᠤᠮᠳᠠᠳᠤ ᠤᠯᠤᠰ ᠤᠨ ᠠᠷᠠᠳ ᠢᠷᠭᠡᠳ ᠤᠨ ᠬᠢᠯᠢ ᠪᠠᠷ ᠣᠷᠣᠵᠣ ᠭᠠᠷᠬᠤ ᠭᠤᠶᠤᠴᠢᠯᠠᠯ ᠤᠨ ᠬᠦᠰᠦᠨᠦᠭᠲᠦ | ︾ ︵ᠳᠣᠷᠣᠭᠰᠢ ᠭᠤᠶᠤᠴᠢᠯᠠᠯ ᠤᠨ ᠬᠦᠰᠦᠨᠦᠭᠲᠦ ᠭᠡᠵᠦ ᠲᠣᠪᠴᠢᠯᠠᠨ ᠨᠡᠷᠡᠯᠡᠨ᠎ᠡ︶︔ ︵ᠭᠤᠷᠪᠠ︶ ᠰᠠᠭᠤᠭᠠᠯᠢ | ᠠᠷᠠᠳ ᠤᠨ ᠪᠡᠶ᠎ᠡ ᠶᠢᠨ ᠦᠨᠡᠮᠡᠯᠡᠯ ᠪᠠ ᠡᠷᠦᠭᠡ ᠠᠮᠠ ᠶᠢᠨ ᠳᠡᠪᠲᠡᠷ ᠬᠢᠭᠡᠳ ᠬᠠᠭᠤᠯᠪᠤᠷᠢ︔ ᠰᠠᠭᠤᠭᠠᠯᠢ ᠠᠷᠠᠳ ᠤᠨ | ᠪᠡᠶ᠎ᠡ ᠶᠢᠨ ᠦᠨᠡᠮᠯᠡᠯ ᠢᠶᠠᠨ ᠠᠪᠬᠤ᠂ ᠰᠤᠯᠢᠵᠤ ᠠᠪᠬᠤ᠂ ᠨᠥᠬᠦᠵᠦ ᠠᠪᠬᠤ ᠬᠤᠭᠤᠴᠠᠭᠠᠨ ᠳᠤ᠂ ᠲᠦᠷ ᠴᠠᠭ ᠤᠨ | ᠪᠡᠶ᠎ᠡ ᠶᠢᠨ ᠦᠨᠡᠮᠯᠡᠯ ᠪᠠ ᠡᠷᠦᠭᠡ ᠠᠮᠠ ᠶᠢᠨ ᠳᠡᠪᠲᠡᠷ ᠬᠢᠭᠡᠳ ᠬᠠᠭᠤᠯᠪᠤᠷᠢ ᠶᠢ ᠲᠤᠰᠢᠶᠠᠵᠤ ᠪᠣᠯᠣᠨ᠎ᠠ︔ ︵ᠳᠥᠷᠪᠡ︶ | ᠪᠦᠬᠦᠯᠢ 16 ᠨᠠᠰᠤ ᠬᠦᠷᠦᠭᠡᠳᠦᠢ ᠠᠷᠠᠳ ᠢᠷᠭᠡᠨ ᠪᠣᠯ ᠬᠠᠷᠠᠭᠠᠯᠵᠠᠨ ᠬᠠᠮᠠᠭᠠᠯᠠᠭᠴᠢ ᠪᠠᠷ ᠢᠶᠠᠨ ᠪᠠᠷ᠎ᠠ | ᠪᠣᠯᠭᠠᠬᠤ ᠶᠢᠨ ᠬᠠᠮᠲᠤ ᠬᠠᠷᠠᠭᠠᠯᠵᠠᠨ ᠬᠠᠮᠠᠭᠠᠯᠠᠭᠴᠢ ᠳᠤᠨᠢ ᠬᠢᠵᠦ ᠥᠭᠭᠦᠭᠰᠡᠨ ᠬᠢᠯᠢ ᠪᠠᠷ ᠭᠠᠷᠬᠤ ᠶᠢ ᠵᠥᠪᠰᠢᠶᠡᠷᠡᠭᠰᠡᠨ | ᠰᠠᠨᠠᠯ᠂ ᠬᠠᠷᠠᠭᠠᠯᠵᠠᠨ ᠬᠠᠮᠠᠭᠠᠯᠠᠭᠴᠢ ᠶᠢᠨ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠪᠤᠶᠤ ᠡᠷᠦᠭᠡ ᠠᠮᠠ ᠶᠢᠨ | ᠳᠡᠪᠲᠡᠷ᠂ ᠫᠠᠰᠫᠣᠷᠲ ᠬᠢᠭᠡᠳ ᠬᠠᠭᠤᠯᠪᠤᠷᠢ ᠶᠢ ᠲᠤᠰᠢᠶᠠᠨ᠎ᠠ︔ ︵ᠲᠠᠪᠤ︶ ᠪᠦᠷᠢᠳᠬᠡᠯᠭᠡᠨ ᠳᠠᠩᠰᠠᠯᠠᠭᠤᠯᠤᠭᠰᠠᠨ | ᠤᠯᠤᠰ ᠤᠨ ᠠᠵᠢᠯᠳᠠᠨ ᠪᠣᠯ ᠲᠤᠰ ᠬᠥᠮᠥᠨ ᠤ ᠬᠠᠷᠢᠶ᠎ᠠ ᠪᠦᠬᠦᠢ ᠠᠵᠢᠯᠯᠠᠵᠤ ᠪᠠᠶᠢᠭ᠎ᠠ ᠨᠢᠭᠡᠴᠡ ᠪᠤᠶᠤ ᠳᠡᠭᠡᠳᠦ | ᠱᠠᠲᠤᠨ ᠤ ᠭᠤᠣᠯᠴᠢᠯᠠᠨ ᠬᠠᠮᠢᠶᠠᠷᠬᠤ ᠨᠢᠭᠡᠴᠡ ᠠᠴᠠ ᠨᠢ ᠠᠵᠢᠯᠳᠠᠨ ᠤ ᠬᠠᠮᠢᠶᠠᠷᠤᠯᠲᠠ ᠶᠢᠨ ᠡᠷᠬᠡ ᠮᠡᠳᠡᠯ ᠤᠨ | ᠶᠣᠰᠤᠭᠠᠷ ᠬᠢᠨᠠᠨ ᠵᠥᠪᠰᠢᠶᠡᠷᠡᠭᠰᠡᠨ ᠤ ᠳᠠᠷᠠᠭ᠎ᠠ ᠬᠢᠯᠢ ᠪᠠᠷ ᠭᠠᠷᠬᠤ ᠶᠢ ᠵᠥᠪᠰᠢᠶᠡᠷᠡᠭᠰᠡᠨ ᠰᠠᠨᠠᠯ ᠬᠢᠵᠦ ᠥᠭᠭᠦᠨ᠎ᠡ᠃ | ︵ᠵᠢᠷᠭᠤᠭ᠎ᠠ︶ ᠮᠤᠵᠢ ᠶᠢᠨ ᠱᠠᠲᠤᠨ ᠤ ᠲᠣᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠬᠢᠯᠢ ᠪᠠᠷ ᠣᠷᠣᠵᠤ | ᠭᠠᠷᠬᠤ ᠶᠢ ᠬᠠᠮᠢᠶᠠᠷᠬᠤ ᠪᠠᠶᠢᠭᠤᠯᠤᠮᠵᠢ ᠨᠢ ᠲᠣᠳᠤᠭᠠᠳᠤ ᠶᠢ ᠬᠠᠮᠠᠭᠠᠯᠠᠬᠤ ᠶᠠᠮᠤᠨ ᠤ ᠬᠢᠯᠢ ᠪᠠᠷ ᠣᠷᠤᠵᠤ ᠭᠠᠷᠬᠤ ᠶᠢ | ᠬᠠᠮᠢᠶᠠᠷᠬᠤ ᠪᠠᠶᠢᠭᠤᠯᠤᠮᠵᠢ ᠳᠤ ᠮᠡᠳᠡᠭᠦᠯᠥᠨ ᠵᠥᠪᠰᠢᠶᠡᠷᠡᠭᠦᠯᠥᠭᠡᠳ᠂ ᠪᠤᠰᠤᠳ ᠮᠠᠲ᠋ᠧᠷᠢᠶᠠᠯ ᠲᠤᠰᠢᠶᠠᠬᠤ ᠶᠢ | ᠱᠠᠭᠠᠷᠳᠠᠨ᠎ᠠ᠃ ᠠᠯᠪᠠ ᠬᠠᠭᠠᠵᠦ ᠪᠠᠶᠢᠭ᠎ᠠ ᠴᠡᠷᠢᠭ ᠡᠩ ᠤᠨ ᠫᠠᠰᠫᠣᠷᠲ ᠭᠤᠶᠤᠴᠢᠯᠠᠬᠤ ᠳᠤ᠂ ᠬᠠᠮᠢᠶᠠᠷᠤᠯᠲᠠ ᠶᠢᠨ | ᠡᠷᠬᠡ ᠮᠡᠳᠡᠯ ᠤᠨ ᠶᠣᠰᠣᠭᠠᠷ ᠭᠠᠷᠳᠠᠮ ᠢᠶᠠᠨ ᠮᠡᠳᠡᠭᠦᠯᠦᠨ ᠵᠥᠪᠰᠢᠶᠡᠷᠡᠭᠦᠯᠦᠭᠰᠡᠨ ᠤ ᠳᠠᠷᠠᠭ᠎ᠠ᠂ ᠲᠤᠰ ᠬᠥᠮᠥᠨ ᠨᠢ | ᠬᠠᠷᠢᠶ᠎ᠠ ᠪᠦᠬᠦᠢ ᠴᠡᠷᠢᠭ ᠠᠩᠭᠢ ᠶᠢᠨ ᠰᠠᠭᠤᠭ᠎ᠠ ᠭᠠᠵᠠᠷ ᠤᠨ ᠰᠢᠶᠠᠨ ᠤ ᠱᠠᠲᠤᠨ ᠠᠴᠠ ᠳᠡᠭᠡᠭᠰᠢᠬᠢ ᠣᠷᠣᠨ | ᠨᠤᠲᠤᠭ ᠤᠨ ᠠᠷᠠᠳ ᠤᠨ ᠵᠠᠰᠠᠭ ᠤᠨ ᠣᠷᠳᠣᠨ ᠤ ᠲᠣᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠬᠢᠯᠢ ᠪᠠᠷ | ᠣᠷᠣᠵᠣ ᠭᠠᠷᠬᠤ ᠶᠢ ᠬᠠᠮᠢᠶᠠᠷᠬᠤ ᠪᠠᠶᠢᠭᠤᠯᠤᠮᠵᠢ ᠳᠤ ᠳᠤᠷᠠᠳᠤᠨ᠎ᠠ᠃ | | |