ᠨᠢᠭᠡ᠂ ᠲᠣᠬᠠᠶᠢᠯᠠᠭᠰᠠᠨ ᠠᠵᠢᠯ ᠤᠨ ᠬᠡᠪᠴᠢᠶ᠎ᠡ᠄ ᠡᠷᠦᠬᠡ ᠠᠮᠠ ᠪᠤᠶᠤ ᠰᠠᠭᠤᠭ᠎ᠠ ᠭᠠᠵᠠᠷ ᠢᠶᠠᠨ | ᠬᠤᠪᠢᠷᠠᠭᠤᠯᠬᠤ ᠳᠤ᠂ ᠮᠠᠰᠢᠨ ᠲᠡᠷᠭᠡᠨ ᠤ ᠵᠢᠯᠣᠭᠤᠴᠢ ᠶᠢᠨ ᠦᠨᠡᠮᠯᠡᠯ ᠢᠶᠠᠨ ᠰᠢᠯᠵᠢᠭᠦᠯᠦᠨ ᠣᠷᠣᠭᠤᠯᠵᠤ ᠦᠨᠡᠮᠯᠡᠯ | ᠰᠣᠯᠢᠬᠤ ᠪᠠᠷ ᠭᠤᠶᠤᠴᠢᠯᠠᠨ᠎ᠠ᠃ ᠬᠤᠶᠠᠷ᠂ ᠬᠡᠷᠡᠭᠴᠡᠭᠡ ᠪᠦᠬᠦᠢ ᠮᠠᠲ᠋ᠧᠷᠢᠶᠠᠯ 1. ᠭᠠᠷ ᠤᠨ ᠦᠰᠦᠭ ᠢᠶᠠᠨ | ᠵᠢᠷᠤᠭᠰᠠᠨ ︽ᠮᠠᠰᠢᠨ ᠲᠡᠷᠭᠡᠨ ᠤ ᠵᠢᠯᠣᠭᠤᠴᠢ ᠶᠢᠨ ᠦᠨᠡᠮᠯᠡᠯ ᠤᠨ ᠭᠤᠶᠤᠴᠢᠯᠠᠯ ᠤᠨ ᠬᠦᠰᠦᠨᠦᠭᠲᠦ︾ 2. | ᠵᠢᠯᠣᠭᠤᠴᠢ ᠶᠢᠨ ᠪᠡᠶ᠎ᠡ ᠶᠢᠨ ᠭᠡᠷᠡᠴᠢ ︵ᠳᠠᠷᠣᠢ ︽ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ︾ ᠪᠤᠶᠤ ︽ᠲᠦᠷ | ᠴᠠᠭ ᠤᠨ ᠪᠡᠶ᠎ᠡ ᠶᠢᠨ ᠦᠨᠡᠮᠯᠡᠯ︾︶ ᠤᠨ ᠤᠭ ᠵᠦᠢᠯ ᠵᠢᠴᠢ ᠬᠠᠭᠤᠯᠪᠤᠷᠢ᠃ 3. ᠰᠢᠶᠠᠨ ᠪᠤᠶᠤ ᠴᠡᠷᠢᠭ ᠠᠩᠭᠢ ᠶᠢᠨ | ᠬᠤᠷᠢᠶᠠᠨ ᠤ ᠱᠠᠳᠤᠨ ᠠᠴᠠ ᠳᠡᠭᠡᠭᠰᠢᠬᠢ ᠡᠮᠴᠢᠯᠡᠭᠡ ᠶᠢᠨ ᠪᠠᠶᠢᠭᠤᠯᠤᠮᠵᠢ ᠶᠢᠨ ᠬᠢᠵᠦ ᠥᠭᠭᠦᠭᠰᠡᠨ ᠪᠡᠶ᠎ᠡ | ᠮᠠᠬᠠᠪᠤᠳ ᠤᠨ ᠨᠥᠬᠦᠴᠡᠯ ᠤᠨ ᠲᠣᠬᠠᠢ ᠭᠡᠷᠡᠴᠢ᠃ 4. ᠳᠥᠷᠪᠡᠨ ᠬᠤᠪᠢ ᠣᠶᠢᠷ᠎ᠡ ᠶᠢᠨ ᠬᠤᠭᠤᠴᠠᠭᠠᠨ ᠤ ᠴᠠᠭᠠᠨ | ᠳᠡᠪᠢᠰᠭᠡᠷ ᠲᠠᠢ ᠨᠢᠭᠡ ᠢᠮᠠᠬᠤ ᠶᠢᠨ ᠮᠠᠯᠠᠭᠠᠢ ᠦᠭᠡᠢ ᠪᠤᠳᠤᠭᠲᠤ ᠭᠡᠷᠡᠯ ᠵᠢᠷᠤᠭ᠃ 5 . ᠤᠭ ᠮᠠᠰᠢᠨ ᠲᠡᠷᠭᠡᠨ ᠤ | ᠵᠢᠯᠣᠭᠤᠴᠢ ᠶᠢᠨ ᠦᠨᠡᠮᠯᠡᠯ᠃ ᠭᠤᠷᠪᠠ᠂ ᠣᠷᠣᠯᠠᠨ ᠭᠦᠢᠴᠡᠳᠬᠡᠭᠴᠢ ᠳᠤ ᠨᠠᠶᠢᠳᠠᠨ ᠭᠦᠢᠴᠡᠳᠬᠡᠯᠭᠡᠵᠦ ᠪᠣᠯᠣᠨ᠎ᠠ 1. | ᠣᠷᠣᠯᠠᠨ ᠭᠦᠢᠴᠡᠳᠬᠡᠭᠴᠢ ᠨᠢ ᠬᠤᠪᠢ ᠬᠥᠮᠥᠨ ᠪᠣᠯ᠂ ᠠᠯᠪᠠᠨ ᠭᠡᠷᠡᠴᠢᠯᠡᠯᠭᠡ ᠬᠢᠯᠭᠡᠭᠰᠡᠨ ᠨᠠᠶᠢᠳᠠᠯᠭ᠎ᠠ ᠶᠢᠨ ᠪᠢᠴᠢᠭ | ᠪᠠ ︽ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ︾ ᠤᠨ ᠤᠭ ᠵᠦᠢᠯ ᠪᠠ ᠬᠠᠭᠤᠯᠪᠤᠷᠢ ᠶᠢ ᠲᠤᠰᠢᠶᠠᠨ᠎ᠠ᠃ 2. | ᠣᠷᠣᠯᠠᠨ ᠭᠦᠢᠴᠡᠳᠬᠡᠭᠴᠢ ᠨᠢ ᠨᠢᠭᠡᠴᠡ ᠪᠣᠯ᠂ ᠲᠣᠰ ᠨᠢᠭᠡᠴᠡ ᠶᠢᠨ ᠲᠠᠨᠢᠯᠴᠠᠭᠤᠯᠭ᠎ᠠ ᠶᠢᠨ ᠪᠢᠴᠢᠭ ᠵᠢᠴᠢ ᠠᠯᠪᠠᠨ | ᠲᠠᠮᠠᠭ᠎ᠠ ᠳᠠᠷᠤᠭᠰᠠᠨ ᠪᠠᠶᠢᠭᠤᠯᠤᠮᠵᠢ ᠶᠢᠨ ᠣᠷᠣᠯᠠᠬᠤ ᠨᠣᠮᠧᠷ ᠤᠨ ᠦᠨᠡᠮᠯᠡᠯ᠂ ︽ᠰᠠᠭᠤᠭᠠᠯᠢ ᠠᠷᠠᠳ ᠤᠨ ᠪᠡᠶ᠎ᠡ ᠶᠢᠨ | ᠦᠨᠡᠮᠯᠡᠯ︾ ᠤᠨ ᠤᠭ ᠵᠦᠢᠯ ᠪᠠ ᠬᠠᠭᠤᠯᠪᠤᠷᠢ ᠶᠢ ᠲᠤᠰᠢᠶᠠᠨ᠎ᠠ᠃ 3. ᠣᠷᠣᠯᠠᠨ ᠭᠦᠢᠴᠡᠳᠬᠡᠭᠴᠢ ᠨᠢ ᠬᠠᠨᠢ | ᠨᠥᠬᠦᠷ ᠤᠨ ᠬᠠᠷᠢᠴᠠᠭ᠎ᠠ ᠲᠠᠢ ᠪᠣᠯ᠂ ︽ᠤᠷᠤᠭ ᠤᠨ ᠦᠨᠡᠮᠯᠡᠯ︾ ᠪᠠ ︽ᠰᠠᠭᠤᠭᠠᠯᠢ ᠠᠷᠠᠳ ᠤᠨ ᠪᠡᠶ᠎ᠡ ᠶᠢᠨ | ᠦᠨᠡᠮᠯᠡᠯ︾ ᠤᠨ ᠤᠭ ᠵᠦᠢᠯ ᠪᠠ ᠬᠠᠭᠤᠯᠪᠤᠷᠢ ᠶᠢ ᠲᠤᠰᠢᠶᠠᠨ᠎ᠠ᠃ 4. ᠣᠷᠣᠯᠠᠨ ᠭᠦᠢᠴᠡᠳᠬᠡᠭᠴᠢ ᠨᠢ ᠡᠴᠢᠭᠡ ᠡᠬᠡ | ᠦᠷ᠎ᠡ ᠬᠡᠦᠬᠡᠳ ᠵᠡᠷᠭᠡ ᠰᠠᠳᠤᠨ ᠲᠦᠷᠦᠯ ᠤᠨ ᠬᠠᠷᠢᠴᠠᠭ᠎ᠠ ᠲᠠᠢ ᠪᠣᠯ᠂ ᠰᠠᠳᠤᠨ ᠲᠦᠷᠦᠯ ᠤᠨ ᠬᠠᠷᠢᠴᠠᠭ᠎ᠠ ᠶᠢ | ᠬᠡᠷᠡᠴᠢᠯᠡᠭᠰᠡᠨ ᠡᠷᠦᠬᠡ ᠠᠮᠠ ᠶᠢᠨ ᠳᠠᠩᠰᠠ ᠪᠠ ︽ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ︾ ᠤᠨ ᠤᠭ ᠵᠦᠢᠯ | ᠪᠠ ᠬᠠᠭᠤᠯᠪᠤᠷᠢ ᠶᠢ ᠲᠤᠰᠢᠶᠠᠨ᠎ᠠ᠃ | | |