ᠬᠤᠨᠢᠨ ᠤ ᠰᠢᠭᠦᠰᠦ ᠳᠡᠪᠰᠢᠭᠦᠯᠬᠦ ᠬᠢᠭᠡᠳ ᠰᠢᠭᠦᠰᠦᠨ ᠤ ᠢᠷᠦᠭᠡᠯ
ᠨᠡᠶᠢᠲᠡᠯᠡᠭᠰᠡᠨ ᠴᠠᠭ᠄
2016-08-24
ᠬᠤᠨᠢᠨ ᠤ ᠰᠢᠭᠦᠰᠦ ᠳᠡᠪᠰᠢᠭᠦᠯᠬᠦ ᠬᠢᠭᠡᠳ ᠰᠢᠭᠦᠰᠦᠨ ᠤ ᠢᠷᠦᠭᠡᠯ       ᠮᠠᠨᠠᠶᠢᠬᠠᠨ ᠪᠥᠬᠦᠯᠢ ᠬᠤᠨᠢᠨ ᠰᠢᠭᠦᠰᠦ ᠶᠢ ᠡᠵᠡᠨ ᠪᠤᠭᠳᠠ ᠶᠢᠨ ᠲᠠᠬᠢᠯᠭ᠎ᠠ᠂ ᠥᠪᠡᠳᠡᠭᠰᠢ ᠶᠡᠭᠡ ᠨᠠᠶᠢᠷ ᠨᠠᠭᠠᠳᠣᠮ᠂   ᠬᠦᠨᠳᠦᠲᠦ ᠵᠤᠴᠢᠨ ᠢ ᠳᠠᠶᠢᠯᠠᠬᠤ ᠳᠠᠭᠠᠨ ᠲᠠᠯᠪᠢᠳᠠᠭ ᠪᠥᠭᠡᠳ ᠴᠥᠮ ᠲᠤᠭᠳᠠᠭᠰᠠᠨ ᠶᠤᠰᠤ ᠵᠢᠷᠣᠮ ᠎ ᠲᠠᠢ ᠪᠠᠶᠢᠳᠠᠭ᠃   ᠰᠢᠭᠦᠰᠦ ᠶᠢ ᠤᠷᠤᠭᠤᠯᠬᠤ ᠦᠶ᠎ᠡ ᠭᠡᠷ ᠤᠨ ᠡᠵᠡᠨ ᠪᠤᠶᠤ ᠠᠬᠠᠯᠠᠭᠴᠢ ᠠᠴᠠ ᠲᠣᠰᠬᠠᠢ ᠰᠢᠭᠦᠰᠦ ᠬᠥᠨᠳᠡᠬᠦ ᠬᠦᠮᠦᠨ   ᠲᠤᠬᠢᠷᠠᠭᠤᠯᠵᠦ ᠬᠠᠰᠢᠳᠠᠭ᠂ ᠡᠭᠦᠨ ᠳᠤ ᠰᠢᠭᠦᠰᠦ ᠠᠴᠠ ᠡᠮᠦᠨ᠎ᠡ ᠭᠡᠷ ᠤᠨ ᠡᠵᠡᠨ ᠪᠤᠶᠤ ᠠᠬᠠᠯᠠᠭᠴᠢ ᠠᠴᠠ ᠳᠠᠶᠠᠭᠠᠷ   ᠤᠯᠠᠨ ᠳᠤ ᠬᠡᠮ ᠰᠡᠷᠭᠦᠭᠡᠨ ᠶᠤᠰᠤ ᠣᠴᠢᠷ ᠭᠦᠢᠴᠡᠳᠬᠡᠵᠦ ᠪᠠᠷᠠᠭᠰᠠᠨ ᠤ ᠳᠠᠷᠠᠭ᠎ᠠ ᠰᠢᠭᠦᠰᠦ ᠡᠬᠢᠯᠡᠵᠦ ᠬᠥᠨᠳᠡᠬᠦ ᠵᠠᠩ   ᠦᠢᠯᠡ ᠶᠢ ᠭᠦᠢᠴᠡᠳᠬᠡᠳᠡᠭ᠂ ᠭᠡᠬᠦ ᠳᠡᠭᠡᠨ ᠲᠣᠰᠬᠠᠢ ᠢᠷᠦᠭᠡᠯᠴᠢ ᠣᠷᠢᠵᠦ ᠭᠡᠷ ᠎ ᠤᠨ ᠡᠵᠡᠨ ᠠᠴᠠ ᠢᠷᠦᠭᠡᠯᠴᠢ ᠳᠤ ᠬᠡᠮ   ᠰᠡᠷᠭᠦᠭᠡᠭᠰᠡᠨ ᠤ ᠳᠠᠷᠠᠭ᠎ᠠ ᠢᠷᠦᠭᠡᠯᠴᠢ ᠠᠴᠠ ᠰᠢᠭᠦᠰᠦᠨ ᠤ ᠢᠷᠦᠭᠡᠯ ᠬᠡᠯᠡᠳᠡᠭ᠃ ᠵᠢᠱᠢᠶᠡᠯᠡᠪᠡᠯ  ᠄     ︽ᠢᠷᠬᠡ ᠶᠢᠨ ᠰᠢᠭᠦᠰᠦ ᠶᠢᠨ ᠢᠷᠦᠭᠡᠯ︾᠎ ᠳᠤ᠄  ……   ᠴᠢᠩᠭᠢᠰ ᠪᠤᠭᠳᠠ ᠶᠢᠨ ᠲᠤᠭᠲᠠᠭᠰᠠᠨ ᠵᠢᠷᠣᠮ   ᠴᠢᠩ ᠵᠤᠷᠢᠭᠲᠦ ᠮᠤᠩᠭᠤᠯᠴᠣᠳ ᠤᠨ ᠵᠠᠩᠰᠢᠯ   ᠴᠢᠭᠴᠦ ᠦᠨᠡᠨ ᠰᠡᠳᠭᠢᠯ ᠤᠨ ᠮᠢᠨᠢ ᠪᠡᠯᠭᠡ   ᠴᠡᠪᠡᠷ ᠠᠷᠢᠭᠤᠨ ᠢᠳᠡᠭᠡᠨ ᠤ ᠮᠢᠨᠢ ᠳᠡᠭᠡᠵᠢ   ᠠᠯᠳᠠᠷ ᠴᠣᠣᠲᠦ ᠮᠤᠩᠭᠤᠯᠴᠣᠳ ᠤᠨ ᠮᠢᠨᠢ ᠵᠠᠩᠰᠢᠯ   ᠠᠮᠠ ᠴᠠᠭᠠᠨ ᠢᠷᠭᠡᠨ ᠤ ᠮᠢᠨᠢ ᠰᠢᠭᠦᠰᠦ   ᠠᠷᠢᠭᠤᠨ ᠣᠯᠠᠭᠠᠨ ᠵᠢᠷᠦᠬᠡᠨ ᠤ ᠪᠡᠯᠭᠡ   ᠠᠮᠰᠠᠨ ᠳᠡᠭᠡᠵᠢᠯᠡᠬᠦ ᠢᠳᠡᠭᠡᠨ ᠤ ᠮᠢᠨᠢ ᠳᠡᠭᠡᠵᠢ   ᠠᠭᠢ ᠲᠠᠭᠠᠨ᠎ᠠ ᠶᠢᠨ ᠢᠳᠡᠰᠢ ᠲᠠᠢ   ᠷᠠᠰᠢᠶᠠᠨ ᠪᠣᠯᠠᠭ ᠤᠨ ᠣᠮᠳᠠ ᠲᠠᠢ   ᠠᠷᠢᠭᠤᠨ ᠢᠳᠡᠭᠡᠨ ᠤ ᠳᠡᠭᠡᠵᠢ   ᠠᠮᠠ ᠴᠠᠭᠠᠨ ᠢᠷᠬᠡ ᠶᠢᠨ ᠰᠢᠭᠦᠰᠦ ᠪᠠᠨ   ᠽᠠᠨᠳᠠᠨ ᠮᠤᠳᠤᠨ ᠳᠡᠪᠰᠢᠨ ᠳᠤ ᠬᠢᠵᠦ   ᠵᠠᠩᠭ᠎ᠠ ᠬᠡᠲᠦ ᠬᠢᠲᠤᠭ᠎ᠠ ᠪᠠᠷ ᠬᠥᠨᠳᠡᠭᠡᠳ   ᠠᠶᠢᠯᠴᠢᠯᠠᠨ ᠢᠷᠡᠭᠰᠡᠨ ᠲᠠ ᠪᠥᠬᠦᠨ ᠳᠡᠭᠡᠨ   ᠠᠩᠬ᠎ᠠ ᠶᠢᠨ ᠶᠤᠰᠤᠭᠠᠷ ᠡᠷᠭᠦᠨ ᠪᠠᠷᠢᠵᠦ ᠪᠠᠶᠢᠨ᠎ᠠ ……   ᠪᠥᠭᠦᠳᠡᠭᠡᠷ ᠪᠠᠶᠠᠰᠣᠨ ᠵᠤᠭᠤᠭᠯᠠᠨ ᠵᠢᠷᠭᠠᠲᠣᠭᠠᠢ︕     ︽ᠵᠤᠮ᠎ᠠ ᠶᠢᠨ ᠢᠷᠦᠭᠡᠯ︾᠎ ᠳᠤ᠄  ……   ᠵᠣᠮ᠎ᠠ ᠭᠡᠭᠴᠢ ᠢᠳᠡᠭᠡᠨ ᠪᠤᠯ   ᠪᠥᠬᠦᠯᠢ ᠰᠢᠭᠦᠰᠦᠨ ᠠᠴᠠ ᠬᠦᠨᠳᠦᠲᠡᠢ ᠢᠳᠡᠭᠡᠨ   ᠪᠥᠭᠦᠳᠡ ᠶᠢᠨ ᠪᠣᠶᠠᠨ ᠢ ᠪᠡᠯᠭᠡᠳᠡᠳᠡᠭ ᠢᠳᠡᠭᠡᠨ   ᠪᠣᠶᠠᠨ ᠬᠡᠰᠢᠭ ᠳᠡᠯᠭᠡᠷᠡᠭᠰᠡᠨ ᠢᠳᠡᠭᠡᠨ   ᠪᠥᠷᠢᠨ ᠰᠠᠶᠢᠨ ᠤ ᠣᠴᠢᠷᠠᠯ ᠲᠠᠢ ᠢᠳᠡᠭᠡᠨ   ᠡᠷᠳᠡᠨᠢ ᠪᠡᠶ᠎ᠡ ᠨᠢ ᠪᠥᠲᠦᠨ ᠢᠳᠡᠭᠡᠨ   ᠡᠪᠡᠷ ᠲᠣᠭᠤᠷᠠᠢ ᠨᠢ ᠬᠥᠨᠳᠡᠭᠳᠡᠭᠡ ᠦᠭᠡᠢ ᠢᠳᠡᠭᠡᠨ   ᠡᠷᠲᠡᠨ ᠤ ᠣᠯᠠᠮᠵᠢᠯᠠᠯ ᠢ ᠵᠠᠯᠭᠠᠭᠰᠠᠨ ᠢᠳᠡᠭᠡᠨ   ᠡᠷᠡᠨ ᠴᠠᠭ ᠤᠨ ᠬᠦᠨᠳᠦᠳᠬᠡᠯ ᠢᠳᠡᠭᠡᠨ ᠪᠢᠯᠡ ……   ᠬᠡᠭᠦ ᠮᠡᠲᠦ ᠪᠠᠷ ᠢᠷᠦᠭᠡᠯᠴᠢ ᠢᠷᠦᠭᠡᠯ ᠲᠠᠯᠪᠢᠵᠦ ᠪᠠᠷᠠᠭᠰᠠᠨ ᠤ ᠳᠠᠷᠠᠭ᠎ᠠ ᠲᠣᠰᠬᠠᠢ ᠲᠤᠮᠢᠯᠠᠭᠰᠠᠨ ᠰᠢᠭᠦᠰᠦ ᠬᠥᠨᠳᠡᠭᠴᠢ  ᠎ ᠠᠴᠠ ᠡᠬᠢᠯᠡᠵᠦ ᠬᠥᠨᠳᠡᠨ᠎ᠡ᠂ ᠬᠥᠨᠳᠡᠬᠦ ᠳᠡᠭᠡᠨ ᠴᠥᠮ ᠮᠥᠩᠭᠦᠨ ᠬᠤᠢ ᠲᠠᠢ ᠮᠤᠩᠭᠤᠯ ᠬᠢᠲᠤᠭ᠎ᠠ ᠬᠡᠷᠡᠭᠯᠡᠨ᠎ᠡ᠃ ᠰᠢᠭᠦᠰᠦ ᠬᠥᠨᠳᠡᠬᠦ ᠠᠷᠭ᠎ᠠ ᠮᠠᠶ᠋ᠢᠭ ᠨᠢ ᠡᠯ᠎ᠡ ᠭᠠᠵᠠᠷ ᠤᠷᠤᠨ ᠤ ᠬᠠᠷᠢᠯᠴᠠᠨ ᠵᠥᠷᠢᠶᠡᠨ ᠲᠠᠢ ᠪᠠᠶᠢᠳᠠᠭ᠂ ᠴᠠᠬᠠᠷ ᠤᠨ ᠨᠡᠶᠢᠳᠡᠯᠢᠭ   ᠰᠢᠨᠵᠢ ᠪᠥᠬᠦᠢ ᠰᠢᠭᠦᠰᠦ ᠬᠥᠨᠳᠡᠬᠦ ᠶᠠᠪᠣᠴᠠ ᠪᠠᠷ ᠵᠢᠱᠢᠶᠡᠯᠡᠪᠡᠯ᠄ ᠰᠢᠷᠡᠭᠡᠨ ᠳᠤ ᠰᠠᠭᠤᠭᠰᠠᠨ ᠭᠤᠤᠯ ᠡᠵᠡᠨ ᠠᠴᠠ   ᠬᠢᠲᠤᠭ᠎ᠠ ᠶᠢ ᠠᠪᠴᠦ᠂ ᠰᠢᠭᠦᠰᠦᠨ ᠳᠡᠭᠡᠷ᠎ᠡ ᠲᠠᠯᠪᠢᠭ᠎ᠠ ᠬᠤᠨᠢᠨ ᠲᠤᠯᠤᠭᠠᠢ ᠎ ᠶᠢᠨ ᠮᠠᠩᠨᠠᠢ ᠳᠤ ᠲᠤᠨᠤᠯᠵᠢᠨ ᠲᠡᠮᠳᠡᠭ   ᠵᠢᠷᠣᠵᠦ ᠭᠠᠷᠭᠠᠭᠠᠳ ᠬᠢᠲᠤᠭ᠎ᠠ ᠪᠠᠨ ᠲᠣᠰᠬᠠᠢ ᠰᠢᠭᠦᠰᠦ ᠬᠥᠨᠳᠡᠭᠴᠢ ᠳᠤ ᠥᠭᠭᠦᠨ᠎ᠡ᠂ ᠰᠢᠭᠦᠰᠦ ᠬᠥᠨᠳᠡᠭᠴᠢ ᠨᠢ   ᠣᠷᠢᠳᠠᠪᠡᠷ ᠲᠤᠯᠤᠭᠠᠢ ᠶᠢ ᠠᠪᠴᠦ ᠰᠡᠭᠦᠯ ᠤᠨ ᠬᠡᠰᠡᠭ ᠠᠴᠠ ᠣᠭᠤᠷᠠᠭ ᠰᠡᠭᠦᠯ ᠢ ᠤᠭᠲᠤᠯᠠᠵᠦ ᠠᠪᠣᠭᠠᠳ ᠪᠢᠴᠢᠬᠠᠨ   ᠲᠠᠪᠠᠭ ᠲᠤ ᠬᠢᠵᠦ᠂ ᠡᠵᠡᠨ ᠠᠶᠢᠯ ᠤᠨ ᠪᠣᠷᠬᠠᠨ ᠳᠤ ᠡᠷᠭᠦᠵᠦ ᠳᠡᠪᠰᠢᠭᠦᠯᠦᠭᠰᠡᠨ ᠬᠤᠶᠢᠨ᠎ᠠ ᠵᠥᠪ ᠭᠠᠷ ᠲᠠᠯ᠎ᠠ ᠳᠠᠷᠣᠢ   ᠣᠭᠤᠴᠠᠨ ᠤ ᠪᠠᠷᠠᠭᠤᠨ ᠬᠠᠵᠠᠭᠤ ᠰᠡᠭᠦᠯ ᠡᠲᠡᠭᠡᠳ ᠠᠴᠠ ᠭᠠᠳᠠᠭᠰᠢ ᠪᠠᠨ ᠵᠦᠰᠦᠵᠦ ︵ᠳᠥᠷᠪᠡᠨ ᠬᠤᠷᠣᠭᠤ ᠬᠢᠷᠢᠲᠡᠢ ᠥᠷᠭᠡᠨ︶ ᠳᠠᠷᠠᠭ᠎ᠠ ᠨᠢ ᠵᠡᠭᠦᠨ ᠲᠠᠯ᠎ᠠ ᠠᠴᠠ ᠨᠢ ᠠᠳᠠᠯᠢ ᠎ ᠪᠠᠷ ᠵᠦᠰᠦᠨ᠎ᠡ᠂   ᠡᠭᠦᠨ ᠢ ᠣᠭᠤᠴᠠ ᠬᠠᠰᠢᠬᠤ ᠭᠡᠳᠡᠭ᠂ ᠢᠩᠭᠢᠵᠦ ᠬᠠᠰᠢᠵᠦ ᠠᠪᠣᠭᠰᠠᠨ ᠬᠡᠰᠡᠭ ᠢᠶᠠᠨ ᠵᠡᠭᠦᠨ ᠲᠠᠯ᠎ᠠ ᠶᠢᠨ ᠬᠢ ᠨᠢ ᠪᠠᠷᠠᠭᠤᠨ ᠲᠠᠯ᠎ᠠ ᠳᠤ᠂ ᠪᠠᠷᠠᠭᠤᠨ ᠲᠠᠯ᠎ᠠ ᠶᠢᠨ  ᠎ ᠬᠢ ᠨᠢ ᠵᠡᠭᠦᠨ ᠲᠠᠯ ᠳᠤ ᠲᠠᠯᠪᠢᠭᠰᠠᠨ ᠤ ᠳᠠᠷᠠᠭ᠎ᠠ ᠬᠢᠲᠤᠭ᠎ᠠ ᠶᠢᠨ ᠡᠰᠢ ᠶᠢ ᠵᠤᠴᠢᠨ ᠵᠦᠭ ᠬᠠᠨᠳᠣᠭᠤᠯᠣᠨ ᠲᠠᠯᠪᠢᠬᠤ ᠳᠤ ᠭᠤᠤᠯ ᠵᠤᠴᠢᠨ ᠨᠢ ᠬᠢᠲᠤᠭ᠎ᠠ ᠶᠢ ᠠᠪᠴᠦ ᠣᠭᠤᠴᠠ ᠶᠢᠨ ᠲᠦᠷᠦᠭᠦᠦ ᠡᠲᠡᠭᠡᠳ ᠠᠴᠠ ᠨᠢᠭᠡ ᠭᠡᠰᠡᠭ ᠢ ᠤᠭᠲᠣᠯᠣᠨ ᠭᠠᠯ ᠳᠤ ᠡᠷᠭᠦᠭᠰᠡᠨ ᠤ ᠳᠠᠷᠠᠭ᠎ᠠ ᠰᠠᠶ᠋ᠢ ᠭᠤᠤᠯ ᠵᠤᠴᠢᠨ ᠠᠴᠠ ᠲᠦᠷᠦᠭᠦᠯᠡᠨ ᠪᠥᠭᠦᠳᠡᠭᠡᠷ ᠢᠶᠠᠨ ᠢᠳᠡᠵᠦ ᠡᠬᠢᠯᠡᠳᠡᠭ᠂ ᠡᠭᠦᠨ  ᠎ ᠠᠴᠠ ᠭᠠᠳᠠᠨ᠎ᠠ ᠴᠠᠬᠠᠷ ᠲᠤ ᠲᠥᠭᠡᠨ᠎ᠡ ᠠᠮᠰᠠᠭᠤᠯᠬᠤ ᠦᠵᠡᠭᠳᠡᠯ ᠲᠥᠭᠡᠮᠡᠯ ᠬᠠᠷᠠᠭᠳᠠᠳᠠᠭ᠂ ᠳᠠᠷᠣᠢ   ᠰᠢᠭᠦᠰᠦᠨ ᠤ ᠢᠷᠦᠭᠡᠯ ᠤᠨ ᠳᠠᠷᠠᠭ᠎ᠠ ᠲᠣᠰᠬᠠᠢ ᠬᠥᠨᠳᠡᠭᠴᠢ ᠨᠢ ᠬᠢᠲᠤᠭ᠎ᠠ ᠶᠢ ᠠᠪᠴᠦ ᠬᠤᠨᠢᠨ ᠲᠤᠯᠤᠭᠠᠢ ᠶᠢᠨ ᠮᠠᠩᠨᠠᠢ ᠳᠤ ᠲᠤᠨᠤᠯᠵᠢᠨ   ᠵᠢᠷᠣᠭᠠᠰᠦ ᠵᠢᠷᠣᠭᠰᠠᠨ ᠤ ᠬᠤᠶᠢᠨ᠎ᠠ ᠰᠡᠭᠦᠯ ᠤᠨ ᠬᠡᠰᠡᠭ ᠠᠴᠠ ᠨᠠᠷᠢᠨ ᠵᠦᠰᠦᠵᠦ ᠵᠢᠵᠢᠭᠯᠡᠨ ᠬᠡᠰᠡᠭᠯᠡᠭᠡᠳ ᠮᠠᠩᠨᠠᠢ   ᠳᠡᠭᠡᠷ᠎ᠡ ᠨᠢ ᠲᠠᠯᠪᠢᠵᠦ᠂ ᠲᠡᠭᠷᠢ ᠭᠠᠵᠠᠷ ᠲᠤ ᠡᠷᠭᠦᠭᠰᠡᠨ ᠤ ᠳᠠᠷᠠᠭ᠎ᠠ ᠬᠤᠨᠢᠨ ᠲᠤᠯᠤᠭᠠᠢ ᠪᠠᠨ ᠲᠣᠰᠬᠠᠢ ᠲᠠᠪᠠᠭ   ᠳᠡᠭᠡᠷ᠎ᠡ ᠲᠠᠯᠪᠢᠵᠦ᠂ ︽ᠲᠥᠭᠡᠨ᠎ᠡ ᠶᠢ ᠲᠥᠮᠡᠨ ᠢᠶᠠᠷ︾ ᠭᠡᠵᠦ ᠭᠤᠤᠯ ᠵᠤᠴᠢᠨ ᠪᠠ ᠠᠬᠠᠮᠠᠳ ᠤᠨ ᠰᠢᠷᠡᠭᠡᠨ ᠠᠴᠠ   ᠡᠬᠢᠯᠡᠨ ᠰᠢᠷᠡᠭᠡ ᠲᠤᠭᠤᠷᠢᠵᠦ ᠪᠥᠭᠦᠳᠡ ᠳᠤ ᠠᠮᠰᠠᠭᠤᠯᠳᠠᠭ᠃     ᠤᠳᠤ ᠤᠯᠠᠩᠬᠢ ᠭᠠᠵᠠᠷ ᠲᠤ ᠵᠣᠮ᠎ᠠ ᠭᠠᠷᠭᠠᠭᠰᠠᠨ ᠪᠠᠶᠢᠲᠠᠯ᠎ᠠ ᠵᠣᠮ᠎ᠠ ᠶᠢᠨ ᠢᠷᠦᠭᠡᠯ ᠬᠡᠯᠡᠬᠦ ᠦᠭᠡᠢ ᠪᠥᠷ ᠢᠷᠬᠡ  ᠎ ᠶᠢᠨ ᠰᠢᠭᠦᠰᠦᠨ ᠤ ᠢᠷᠦᠭᠡᠯ ᠳᠠᠯᠪᠢᠵᠦ ᠪᠠᠶᠢᠬᠤ ᠪᠥᠭᠡᠳ ᠬᠡᠳᠦ ᠬᠡᠳᠦᠨ ᠬᠦᠮᠦᠨ ᠢᠶᠠᠷ ᠬᠠᠮᠢᠶ᠎ᠠ ᠨᠠᠮᠢᠶ᠎ᠠ ᠦᠭᠡᠢ ᠬᠥᠨᠳᠡᠭᠦᠯᠵᠦ ᠪᠠᠶᠢᠨ᠎ᠠ᠂ ᠡᠨᠡ ᠪᠤᠯ ᠪᠣᠷᠣᠭᠤ ᠶᠣᠮ᠃
 
ᠢᠷᠡᠯᠲᠡ᠄ ᠬᠤᠯᠪᠣᠭ᠎ᠠ ᠠᠶᠠᠯᠠᠭᠤᠨ ᠤ ᠪᠦᠷᠬᠡ ᠠᠴᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃   ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ : 010098    蒙ICP备05000248号