ᠦᠪᠦᠷ ᠮᠣᠩᠭᠤᠯ ᠠᠴᠠ ᠣᠯᠢᠮᠫᠢᠺ ᠳᠤ ᠵᠣᠳᠣᠭᠯᠠᠭᠰᠠᠨ ᠰᠠᠶᠢᠨᠵᠢᠷᠭᠠᠯ
ᠨᠡᠶᠢᠲᠡᠯᠡᠭᠰᠡᠨ ᠴᠠᠭ᠄
2016-08-25
      ᠪᠡᠭᠡᠵᠢᠩ ᠤᠨ ᠴᠠᠭ ᠢᠶᠠᠷ 8 ᠰᠠᠷ᠎ᠠ ᠶᠢᠨ 9᠎ ᠤ ᠦᠷᠯᠦᠭᠡ᠂ ᠷᠢᠦ᠋ ᠳ᠋ᠢ ᠿᠧᠨ᠋ᠸᠢᠢᠷᠦ᠋ ᠶᠢᠨ ᠤᠯᠢᠮᠫᠢᠺ ᠤᠨ ᠲᠠᠮᠢᠷ ᠤᠨ ᠴᠤᠭᠯᠠᠭᠠᠨ ᠤ ᠡᠷᠡᠭᠲᠠᠢ ᠶᠢᠨ 73 ᠺᠢᠯᠦᠭᠷᠠᠮ ᠲᠡᠰ ᠤᠨ ᠵᠢᠤᠳᠤᠤ ᠪᠦᠭᠡ ᠶᠢᠨ ᠤᠷᠤᠯᠳᠤᠭᠠᠨ ᠦᠨᠳᠦᠷᠯᠡᠪᠡ᠂ ᠲᠤᠮᠳᠠᠳᠦ ᠤᠯᠤᠰ ᠤᠨ ᠲᠦᠯᠦᠭᠡᠯᠡᠭᠴᠢ ᠶᠢᠨ ᠠᠩᠬᠢ ᠶᠢᠨ ᠲᠠᠮᠢᠷᠴᠢᠨ᠂ ᠦᠪᠦᠷ ᠮᠤᠩᠭᠤᠯ ᠨᠤᠲᠤᠭ ᠲᠠᠢ ᠵᠢᠤᠳᠤᠤ ᠪᠦᠭᠡᠴᠢᠨ ᠰᠠᠶᠢᠨᠵᠢᠷᠭᠠᠯ ᠳᠡᠭᠡᠳᠦ 8᠎ ᠳᠤ ᠲᠠᠪᠰᠢᠬᠤ ᠤᠷᠤᠯᠳᠤᠭᠠᠨ ᠳᠤ ᠤᠷᠤᠰ ᠤᠨ ᠲᠠᠮᠢᠷᠴᠢᠨ ᠳᠤ ᠢᠯᠠᠭᠳᠠᠵᠦ᠂ ᠬᠠᠷᠠᠮᠰᠠᠯᠲᠠᠢ ᠪᠠᠷ 8 ᠬᠦᠴᠦᠷᠭᠡᠭ ᠠᠴᠠ ᠭᠤᠭᠤᠵᠢᠭᠳᠠᠯ᠎ᠠ᠃
 
      2014 ᠤᠨ ᠪᠠ 2015 ᠤᠨ ᠤ ᠪᠦᠬᠦ ᠤᠯᠤᠰ ᠤᠨ ᠵᠢᠤᠳᠤᠤ ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠤ ᠮᠠᠩᠯᠠᠢ ᠪᠤᠯᠬᠤ ᠰᠠᠶᠢᠨᠵᠢᠷᠭᠠᠯ ᠠᠩᠬᠠᠨ ᠤ ᠨᠤᠭᠤᠯᠤᠭ᠎ᠠ ᠤᠷᠤᠯᠳᠤᠭᠠᠨ ᠳᠤ ᠬᠤᠭᠤᠰᠤᠨ ᠤᠨᠤᠭ᠎ᠠ ᠰᠤᠭᠤᠯᠵᠦ᠂ ᠬᠤᠶᠠᠳᠤᠭᠠᠷ ᠨᠤᠭᠤᠯᠤᠭ᠎ᠠ ᠤᠷᠤᠯᠳᠤᠭᠠᠨ ᠳᠤ ᠲᠡᠷᠡ ᠪᠤᠸᠧᠮᠪᠥ᠋ · ᠰᠢᠯᠸᠠ ᠲᠠᠢ ᠲᠠᠭᠠᠷᠠᠯᠳᠤᠵᠦ᠂ ᠤᠷᠤᠯᠳᠤᠭᠠᠨ ᠲᠠᠭᠤᠰᠬᠤ ᠠᠴᠠ ᠡᠮᠦᠨᠡᠭᠡᠨ 5 ᠰᠧᠺᠦ᠋ᠨ᠋ᠳ᠋ ᠲᠤ ᠰᠠᠶ᠋ᠢ ᠨᠢᠭᠡ ︽ᠬᠦᠴᠦᠨ ᠲᠠᠢ︾ ᠪᠠᠷᠢᠯᠳᠤᠭᠠᠨ ᠢᠶᠠᠷ ᠲᠡᠭᠦᠨ ᠢ ᠢᠯᠠᠵᠦ᠂ 16 ᠬᠦᠴᠦᠷᠭᠡᠭ ᠲᠤ ᠤᠷᠤᠪᠠ᠃ ᠬᠡᠪᠡᠴᠦ ᠲᠠᠷᠠᠭᠠᠴᠢ ᠪᠠᠷ ᠶᠠᠪᠤᠭᠳᠠᠭᠰᠠᠨ 16᠎ ᠠᠴᠠ 8᠎ ᠳᠤ ᠲᠠᠪᠰᠢᠬᠤ ᠤᠷᠤᠯᠳᠤᠭᠠᠨ ᠳᠤ᠂ ᠰᠠᠶᠢᠨᠵᠢᠷᠭᠠᠯ ᠤᠷᠤᠰ ᠤᠨ ᠲᠠᠮᠢᠷᠴᠢᠨ ᠢᠯᠲ᠋ᠧᠼᠢᠶᠸᠧ ᠲᠤ ᠢᠯᠠᠭᠳᠠᠵᠦ᠂ ᠬᠠᠷᠠᠮᠰᠠᠯᠳᠠᠢ ᠪᠠᠷ ᠳᠡᠭᠡᠳᠦ 8᠎ ᠳᠤ ᠤᠷᠤᠵᠤ ᠴᠢᠳᠠᠭ᠎ᠠ ᠦᠭᠡᠢ ᠪᠢᠯᠠ᠃ ᠤᠷᠤᠯᠳᠤᠭᠠᠨ ᠤ ᠳᠠᠷᠠᠭ᠎ᠠ ᠰᠠᠶᠢᠨᠵᠢᠷᠭᠠᠯ ᠰᠤᠷᠪᠤᠯᠵᠢᠯᠠᠭ᠎ᠠ ᠭᠦᠯᠢᠶᠡᠭᠦ ᠳᠡᠭᠡᠨ᠄ ︽ᠪᠢ ᠠᠩᠬ᠎ᠠ ᠤᠳᠠᠭ᠎ᠠ ᠪᠠᠨ ᠤᠯᠢᠮᠫᠢᠺ ᠲᠤ ᠤᠷᠤᠯᠴᠠᠵᠤ ᠪᠠᠶᠢᠭ᠎ᠠ ᠤᠴᠢᠷ ᠠᠴᠠ ᠳᠠᠯᠠᠪᠠᠢ ᠳᠡᠭᠡᠷ᠎ᠠ ᠰᠠᠨᠳᠤᠷᠴᠤ ᠪᠠᠶᠢᠯ᠎ᠠ᠂ ᠪᠷᠠᠽᠢᠯ ᠤᠨ ᠳᠠᠮᠢᠷᠴᠢᠨ ᠲᠠᠢ ᠪᠠᠷᠢᠯᠳᠤᠬᠤ ᠳᠤ ᠳᠤᠬᠠᠢ ᠶᠢᠨ ᠳᠠᠯᠠᠪᠠᠢ ᠶᠢᠨ ᠪᠷᠠᠽᠢᠯ ᠤᠨ ᠳᠡᠮᠵᠢᠭᠴᠢᠳ ᠮᠠᠰᠢ ᠤᠯᠠᠨ ᠪᠠᠶᠢᠭᠰᠠᠨ᠂ ᠶᠡᠭᠡ ᠱᠤᠤᠭᠢᠶᠠᠨ ᠲᠠᠢ ᠪᠠᠶᠢᠯ᠎ᠠ᠂ ᠳᠠᠶᠢᠮᠦ ᠴᠤ ᠤᠴᠢᠷ ᠠᠴᠠ ᠭᠡᠷᠪᠡ ᠨᠡᠮᠡᠯᠳᠠ ᠴᠠᠭ ᠤᠨ ᠤᠷᠤᠯᠳᠤᠭᠠᠨ ᠳᠤ ᠤᠷᠤᠪᠠᠯ ᠪᠢ ᠤᠯᠠᠮ ᠳᠠᠪᠠᠭᠤᠯᠢᠭ ᠦᠭᠡᠢ ᠪᠤᠯᠬᠤ ᠤᠴᠢᠷ ᠠᠴᠠ ᠪᠦᠭᠦ ᠴᠢᠳᠠᠯ ᠢᠶᠠᠨ ᠰᠢᠪᠬᠠᠵᠤ᠂ ᠳᠤᠭᠳᠠᠭᠰᠠᠨ ᠤᠷᠤᠯᠳᠤᠭᠠᠨ ᠤ ᠴᠠᠭ ᠲᠤ ᠰᠢᠢᠳᠪᠤᠷᠢ ᠭᠠᠷᠭᠠᠬᠤ ᠪᠠᠷ ᠴᠢᠷᠮᠠᠶᠢᠭᠰᠠᠨ ᠶᠤᠮ᠃ ᠤᠷᠤᠰ ᠤᠨ ᠳᠠᠮᠢᠷᠴᠢᠨ ᠲᠠᠢ ᠤᠷᠤᠯᠳᠤᠬᠤ ᠳᠤ ᠪᠢ ᠪᠠᠰᠠᠯᠠ ᠰᠠᠨᠳᠤᠷᠴᠤ ᠪᠠᠴᠢᠮᠳᠠᠬᠤ ᠪᠠᠶᠢᠳᠠᠯ ᠠᠴᠠ ᠪᠠᠨ ᠭᠠᠷᠴᠤ ᠴᠢᠳᠠᠭ᠎ᠠ ᠦᠭᠡᠢ᠂ ᠡᠩ ᠤᠨ ᠴᠠᠭ ᠲᠤ ᠶᠡᠷᠦ ᠠᠴᠠ ᠡᠶᠢᠮᠦ ᠪᠢᠰᠢ ᠪᠠᠶᠢᠭᠰᠠᠨ᠂ ᠤᠯᠢᠮᠫᠢᠺ ᠤᠨ ᠡᠶᠢᠮᠦᠷᠭᠦ ᠳᠤᠮᠤ ᠳᠠᠪᠴᠠᠩ ᠳᠤ ᠪᠠᠷᠢᠯᠳᠤᠵᠤ ᠦᠡᠭᠭᠡᠷᠡᠭᠰᠡᠨ ᠮᠢᠨᠢ ᠮᠢᠨᠦ ᠬᠤᠵᠢᠮ ᠤᠨ ᠮᠡᠷᠭᠡᠵᠢᠯ ᠤᠨ ᠭᠠᠷᠤᠭᠠᠨ ᠳᠤ ᠮᠠᠰᠢ ᠴᠢᠬᠤᠯᠠ ᠳᠤᠷᠰᠢᠯᠭ᠎ᠠ ᠰᠤᠷᠭᠠᠮᠵᠢ ᠪᠤᠯᠬᠤ ᠨᠢ ᠳᠠᠮᠵᠢᠭ ᠦᠭᠡᠢ ᠶᠤᠮ︾ ᠭᠡᠵᠦ ᠪᠠᠶᠢᠯ ᠎ᠠ᠃ ᠰᠠᠶᠢᠨᠵᠢᠷᠭᠠᠯ ᠪᠤᠯ ᠦᠪᠦᠷ ᠮᠤᠩᠭᠤᠯ ᠤᠨ ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠭᠡ ᠬᠤᠰᠢᠭᠤ ᠨᠤᠲᠤᠭ ᠲᠠᠢ᠂ ᠲᠤᠮᠳᠠᠳᠦ ᠤᠯᠤᠰ ᠤᠨ ᠵᠢᠤᠳᠤᠤ ᠪᠦᠭᠡ ᠶᠢᠨ ᠠᠩᠭᠢ ᠶᠢᠨ 73 ᠺᠢᠯᠦᠭᠷᠠᠮ ᠲᠡᠰ ᠤᠨ ᠲᠠᠮᠢᠷᠴᠢᠨ ᠪᠤᠯᠤᠨ᠎ᠠ᠃ ᠭᠡᠳᠦ᠋ᠢᠪᠡᠷ ᠲᠤᠰ ᠤᠷᠤᠯᠳᠤᠭᠠᠨ ᠳᠤ 8 ᠬᠦᠴᠦᠷᠭᠡᠭ ᠲᠤ ᠤᠷᠤᠵᠦ ᠴᠢᠳᠠᠭ᠎ᠠ ᠦᠭᠡᠢ ᠪᠤᠯᠪᠠᠴᠤ ᠤᠯᠢᠮᠫᠢᠺ ᠤᠨ ᠦᠨᠳᠦᠷ ᠳᠦᠪᠰᠢᠨ ᠳᠤ ᠦᠷᠢᠰᠦᠯᠳᠦᠵᠤ ᠶᠠᠪᠤᠭᠰᠠᠨ ᠦᠨᠠᠳᠦ ᠳᠤᠷᠰᠢᠯᠭ᠎ᠠ ᠨᠢ ᠳᠡᠭᠦᠨ ᠤ ᠢᠷᠡᠭᠡᠳᠦᠢ ᠳᠤ ᠭᠡᠷᠡᠯᠳᠦ ᠴᠠᠮᠬᠠᠭ ᠪᠤᠯᠵᠤ᠂ ᠢᠷᠡᠭᠡᠳᠦᠢ ᠨᠢ ᠨᠡᠩ ᠰᠠᠷᠠᠭᠤᠯᠬᠠᠨ ᠪᠤᠯᠬᠤ ᠨᠢ ᠯᠠᠪᠳᠠᠢ ᠪᠠᠶᠢᠬ᠎ᠠ᠃
 
ᠢᠷᠡᠯᠲᠡ᠄ ᠰᠢᠯᠣᠭᠤᠨ ᠬᠦᠬᠡ ᠶᠢᠨ ᠮᠣᠩᠭᠤᠯ ᠵᠠᠰᠠᠭ ᠤᠨ ᠶᠠᠪᠣᠳᠠᠯ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃   ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ : 010098    蒙ICP备05000248号