ᠵᠠᠯᠠᠶᠢᠷ ᠠᠶᠢᠮᠠᠭ ᠤᠨ ᠲᠡᠷᠬᠡᠳᠣ ᠪᠠᠶᠠᠨ ᠤ ᠠᠬᠠᠮᠠᠳ ᠬᠦᠪᠡᠬᠦᠨ ᠭᠦᠨ ᠭᠤᠸ᠎ᠠ ᠶᠢᠨ ᠭᠤᠷᠪᠠᠳᠤᠭᠠᠷ | ᠬᠦᠪᠡᠬᠦᠨ᠂ 1169 ᠣᠨ ᠳᠤ ᠲᠦᠷᠦᠵᠠᠢ᠃ | ᠮᠤᠬᠤᠯᠠᠢ ᠶᠢ ᠡᠰᠡᠨᠢᠬᠦ ᠶᠢᠨ ᠦᠶ᠎ᠡ ᠳᠤ ᠴᠠᠭᠠᠨ ᠠᠭᠤᠷ ᠲᠤᠭᠤᠨᠤ ᠪᠠᠷ ᠨᠢ ᠰᠤᠭᠤᠨᠠᠭᠯᠠᠨ ᠭᠠᠷᠬᠤ | ᠬᠠᠷᠠᠭᠳᠠᠪᠠ᠃ ᠪᠦᠬᠡ ᠢᠳᠤᠭᠠᠨ ᠡᠭᠦᠨ ᠤ ᠦᠵᠡᠬᠡᠳ ᠶᠡᠬᠡᠯ᠎ᠡ ᠭᠠᠶᠢᠬᠠᠯᠳᠤᠵᠤ᠂ ᠡᠨᠡ ᠪᠣᠯ ᠶᠡᠷᠤ ᠪᠤᠰᠤ ᠶᠢᠨ | ᠬᠦᠪᠡᠬᠦᠨ ᠬᠡᠵᠡᠬᠡᠪᠡ᠃ ᠮᠤᠬᠤᠯᠠᠢ ᠦᠰᠴᠤ ᠡᠷ᠎ᠡ ᠶᠢᠨ ᠴᠡᠭᠡᠯ ᠳᠤ ᠬᠦᠷᠦᠬᠡᠳ ᠦᠨᠡᠬᠡᠷ ᠤᠯᠠᠨ ᠠᠴᠠ | ᠬᠡᠳᠦᠶᠢᠳᠦᠭᠰᠡᠨ ᠤᠶᠤᠨ ᠪᠢᠯᠢᠭᠳᠦ᠂ ᠬᠠᠳᠠᠨ ᠵᠤᠷᠢᠭᠳᠤ᠂ ᠬᠠᠷᠪᠤᠵᠤ ᠨᠠᠮᠨᠠᠬᠤ ᠳᠠᠭᠠᠨ ᠮᠡᠷᠬᠡᠨ ᠪᠠᠭᠠᠳᠤᠷ ᠪᠣᠯᠵᠤ᠂ | ᠴᠢᠩᠭᠢᠰ ᠬᠠᠭᠠᠨ ᠤ ᠲᠦᠷᠪᠡᠨ ᠬᠦᠯᠦᠭ ᠢ ᠬᠢᠨᠢ ᠨᠢᠭᠡ ᠨᠢ ᠬᠡᠮᠡᠨ ᠠᠯᠳᠠᠷᠰᠢᠪᠡ᠃ | 1197 ᠣᠨ ᠳᠤ ᠴᠢᠩᠭᠢᠰ ᠬᠠᠭᠠᠨ ᠵᠦᠷᠬᠢᠨ ᠠᠶᠢᠮᠠᠭ ᠤᠨ ᠨᠡᠬᠡᠨ ᠪᠠᠶᠢᠯᠳᠤᠵᠤ᠂ ᠲᠠᠯᠠᠰᠳᠤ ᠶᠢᠨ ᠠᠮᠠᠰᠠᠷ | ︵ᠤᠳᠣᠬᠢ ᠮᠤᠩᠭᠤᠯ ᠤᠯᠤᠰ ᠲᠤ ᠪᠤᠢ︶ ᠭᠡᠳᠡᠭ ᠭᠠᠵᠠᠷ ᠬᠦᠷᠴᠤ ᠪᠠᠭᠤᠳᠠᠯᠯᠠᠭᠰᠠᠨ᠎ᠠ ᠲᠡᠷᠬᠡᠳᠣ ᠪᠠᠶᠠᠨ᠂ ᠮᠤᠬᠤᠯᠠᠢ | ᠵᠡᠷᠬᠡ ᠬᠦᠪᠡᠬᠦᠨ ᠠᠴᠢᠨᠠᠷ ᠢᠶᠠᠨ ᠠᠪᠴᠤ ᠲᠠᠭᠠᠨ ᠢᠷᠡᠪᠡ᠃ ᠴᠢᠩᠭᠢᠰ ᠬᠠᠭᠠᠨ ᠲᠡᠲ᠋ᠠᠷ ᠠᠶᠢᠮᠠᠭ ᠤᠨ ᠪᠠᠶᠢᠯᠳᠤᠵᠤ | ᠂ ᠲᠠᠯᠠᠨ ᠨᠦᠮᠦᠷᠬᠡᠰ ᠭᠡᠳᠡᠭ ᠭᠠᠵᠠᠷ ᠶᠡᠭᠡ ᠴᠠᠰᠤ ᠰᠢᠭᠤᠷᠭᠠᠨ᠎ᠠ ᠲᠠᠭᠠᠷᠢᠭᠳᠠᠵᠤ᠂ ᠬᠦᠳᠡᠭᠡ ᠬᠡᠭᠡᠷ᠎ᠡ ᠬᠤᠨᠤᠭᠯᠠᠬᠤ | ᠪᠣᠯᠣᠭᠰᠠᠨ ᠳᠤ ᠮᠤᠬᠤᠯᠠᠢ ᠪᠤᠭᠤᠷᠴᠢ ᠬᠤᠶᠠᠷ ᠴᠢᠩᠭᠢᠰ ᠬᠠᠭᠠᠨ ᠤ ᠲᠡᠭᠡᠷ᠎ᠡ ᠰᠦᠨᠢᠵᠢᠨ ᠢᠰᠡᠬᠡᠢ ᠬᠠᠯᠬᠠᠪᠴᠢ ᠪᠠᠷᠢᠨ | ᠵᠤᠭᠰᠤᠵᠤ᠂ ᠬᠠᠭᠠᠨ ᠶᠤᠭᠠᠨ ᠴᠠᠰᠤ ᠰᠢᠭᠤᠷᠭᠠᠨ ᠳᠤ ᠴᠣᠬᠢᠭᠤᠯᠤᠯ ᠦᠭᠡᠢ ᠦᠩᠭᠡᠷᠡᠬᠡᠵᠡᠢ᠃ ᠨᠢᠭᠡᠨ ᠡᠳᠦᠷ | ᠴᠢᠩᠭᠢᠰ ᠬᠠᠭᠠᠨ ᠪᠡᠷᠬᠡ ᠪᠠᠷᠳᠠᠭᠠᠳᠣ ᠠᠭᠤᠯᠠᠨ ᠵᠡᠪᠡ ᠪᠠᠷ ᠭᠤᠴᠢᠭᠠᠳ ᠬᠦᠮᠦᠨ ᠲᠠᠢ ᠠᠶᠠᠯᠠᠵᠤ ᠪᠠᠶᠢᠬᠤ ᠳᠠᠭᠠᠨ | ᠮᠤᠬᠤᠯᠠᠢ ᠠᠴᠠ ᠬᠡᠷᠪᠡ ᠡᠶᠢᠮᠤ ᠭᠠᠵᠠᠷ ᠲᠠᠶᠢᠰᠤᠨ ᠲᠠᠢ ᠲᠠᠭᠠᠷᠢᠯᠳᠤᠬᠤ ᠳᠤ ᠬᠦᠷᠪᠡᠯ ᠶᠠᠭᠠᠬᠢᠳᠠᠭ ᠪᠢᠯᠡ︖︾ | ᠬᠡᠵᠤ ᠠᠰᠠᠭᠤᠭᠰᠠᠨ ᠳᠤ ᠮᠤᠬᠤᠯᠠᠢ ︽ᠪᠢ ᠪᠡᠶ᠎ᠡ ᠪᠠᠷ ᠢᠶᠠᠨ ᠡᠵᠡᠨ ᠢ ᠬᠠᠯᠬᠠᠯᠠᠨ ᠬᠠᠮᠠᠭᠠᠯᠠᠨ᠎ᠠ︾ ᠭᠡᠪᠡ᠃ ᠴᠢᠪᠬᠡᠮᠡᠨ | ᠢᠩᠭᠢᠵᠤ ᠶᠠᠷᠢᠯᠴᠠᠨ ᠶᠠᠪᠤᠵᠤ ᠪᠠᠶᠢᠳᠠᠯ᠎ᠠ ᠦᠨᠡᠬᠡᠷ ᠤᠢ ᠲᠤᠳᠤᠷ᠎ᠠ ᠠᠴᠠ ᠨᠢᠭᠡᠨ ᠪᠦᠯᠦᠭ ᠲᠠᠶᠢᠰᠤᠨ ᠭᠠᠷᠴᠤ | ᠢᠷᠡᠭᠡᠳ ᠬᠤᠷ᠎ᠠ ᠪᠤᠷᠤᠭᠠᠨ ᠴᠢᠳᠬᠤᠯᠠᠬᠤ ᠮᠡᠳᠣ ᠰᠤᠮᠤ ᠬᠠᠷᠪᠤᠵᠣ ᠡᠬᠢᠯᠡᠪᠡ᠃ ᠮᠤᠬᠤᠯᠠᠢ ᠵᠡᠪᠡ ᠣᠨᠢᠯᠠᠨ | ᠭᠤᠷᠪᠠᠨᠳᠠ ᠬᠠᠷᠪᠤᠭᠠᠳ ᠭᠤᠷᠪᠡᠨ ᠲᠡᠭᠡᠷᠡᠮ ᠢ ᠤᠨᠠᠭᠠᠪᠠ᠃ ᠲᠡᠭᠡᠷᠡᠮ ᠢ ᠲᠦᠷᠦᠬᠦᠦ ᠶᠡᠬᠡᠯ᠎ᠡ ᠰᠤᠴᠢᠵᠤ᠄ ︽ᠬᠡᠨ | ᠬᠠᠷᠪᠤᠭᠰᠠᠨ ᠪᠤᠢ︖︾ ᠬᠡᠵᠤ ᠠᠰᠠᠭᠤᠭᠰᠠᠨ ᠳᠤ᠂ ᠮᠤᠬᠤᠯᠠᠢ ᠶᠢᠨ ᠨᠡᠷ᠎ᠡ ᠶᠢ ᠰᠤᠨᠤᠰᠤᠭᠠᠳ ᠴᠦᠮ ᠠᠶᠤᠨ | ᠡᠮᠢᠶᠡᠵᠤ ᠲᠤᠳᠠᠭᠠᠨ ᠶᠠᠪᠣᠪᠠ᠃ | 1206 ᠣᠨ ᠳᠤ ᠴᠢᠩᠭᠢᠰ ᠬᠠᠭᠠᠨ ᠭᠠᠪᠢᠶᠠᠳᠠᠨ ᠰᠠᠶᠢᠳ ᠨᠠᠷ ᠢᠶᠠᠨ ᠶᠡᠬᠡᠪᠡᠷ ᠱᠠᠩᠨᠠᠬᠤ ᠦᠶ᠎ᠡ ᠳᠤ | ᠮᠤᠬᠤᠯᠠᠢ ᠶᠢ ᠵᠡᠬᠦᠨ ᠭᠠᠷᠤᠨ ᠲᠦᠮᠡᠨ ᠤ ᠨᠤᠶᠠᠨ ᠡᠷᠬᠦᠮᠵᠢᠯᠡᠭᠰᠡᠨ ᠪᠠᠶᠢᠨ᠎ᠠ᠃ 1211 ᠣᠨ ᠳᠤ ᠮᠤᠬᠤᠯᠠᠢ | ᠴᠢᠩᠭᠢᠰ ᠬᠠᠭᠠᠨ ᠢ ᠲᠠᠭᠠᠵᠤ ᠡᠮᠦᠨ᠎ᠡ ᠵᠦᠭ ᠲᠠᠶᠢᠯᠠᠷ᠎ᠠ ᠮᠤᠷᠳᠠᠪᠠ᠃ ᠮᠤᠬᠤᠯᠠᠢ ᠠᠯᠳᠠᠨ ᠤᠯᠤᠰ ᠢ ᠶᠦᠨ ᠨᠧᠢ᠂ | ᠳ᠋ᠦᠩᠱᠧᠩ᠂ ᠹᠧᠩᠵᠧᠩ ᠵᠡᠷᠬᠡ ᠵᠧᠣ ᠳᠤ ᠤᠷᠤᠵᠤ ᠹᠦ᠋ ᠵᠧᠤ ᠪᠠᠯᠭᠠᠰᠤ ᠶᠢ ᠪᠦᠰᠡᠯᠡᠬᠦ ᠳᠤ᠂ ᠠᠯᠳᠠᠨ ᠤᠯᠤᠰ 30 | ᠲᠦᠮᠡᠨ ᠶᠡᠭᠡ ᠴᠡᠷᠢᠭ ᠤᠨ ᠤᠭᠳᠤᠨ ᠪᠠᠶᠢᠯᠳᠤᠪᠠ᠃ ᠲᠡᠬᠡᠬᠡᠳ ᠦᠨᠡᠬᠡᠨ ᠳᠠᠪᠠᠭ᠎ᠠ ᠳᠤ ᠮᠤᠬᠤᠯᠠᠢ ᠮᠠᠩᠯᠠᠶᠢᠯᠠᠨ | ᠪᠠᠶᠢᠯᠳᠤᠵᠤ ᠶᠡᠬᠡᠯ᠎ᠡ ᠢᠯᠡᠭᠠᠳ᠂ ᠠᠯᠳᠠᠨ ᠤᠯᠤᠰ ᠤᠨ ᠴᠡᠷᠢᠭ ᠢ ᠺᠤᠸᠠᠢ ᠡᠾᠧ ᠭᠤᠣᠯ ᠬᠦᠷᠳᠡᠯ᠎ᠡ ᠨᠡᠬᠡᠮᠵᠢᠯᠡᠨ | ᠪᠠᠶᠢᠯᠳᠤᠵᠤ ᠵᠠᠭᠤᠨ ᠭᠠᠵᠠᠷ ᠤᠨ ᠲᠤᠳᠤᠷ᠎ᠠ ᠦᠬᠦᠳᠡᠯ ᠬᠡᠬᠦᠷ ᠢᠶᠠᠷ ᠲᠦᠬᠦᠷᠬᠡᠵᠡᠢ᠃ ᠲᠡᠨᠳᠡ ᠠᠴᠠ ᠴᠢᠨᠠᠭᠰᠢ | ᠤᠷᠤᠵᠤ ᠰᠢᠤᠸᠠᠨ ᠡᠾᠧ ᠪᠠᠯᠭᠠᠰᠤ ︵ᠤᠳᠤᠬᠢ ᠡᠾᠧᠪᠧᠢ ᠮᠤᠵᠢ ᠳᠤ ᠪᠤᠢ︶ ᠶᠢ ᠡᠵᠡᠯᠡᠨ ᠲᠠᠷᠠᠭ᠎ᠠ ᠪᠡᠷ᠎ᠡ | ᠳ᠋ᠧᠰᠢᠸ᠋ᠩ ᠪᠣᠤ ᠪᠠᠯᠭᠠᠰᠤ ︵ᠤᠳᠤᠬᠢ ᠡᠾᠧᠪᠧᠢ ᠮᠤᠵᠢ ᠳᠤ ᠪᠤᠢ︶ ᠶᠢ ᠪᠠᠭᠤᠯᠭᠠᠨ ᠠᠪᠤᠪᠠ᠃ | 1214 ᠣᠨ ᠳᠤ ᠮᠤᠬᠤᠯᠠᠢ ᠴᠢᠩᠭᠢᠰ ᠬᠠᠭᠠᠨ ᠤ ᠲᠠᠭᠠᠵᠤ ᠲᠤᠮᠳᠠᠳᠣ ᠨᠡᠶᠢᠰᠯᠡᠯ ᠵᠦᠩᠳᠤ ᠶᠢ | ᠪᠦᠰᠡᠯᠡᠭᠰᠡᠨ᠎ᠡ ᠠᠯᠳᠠᠨ ᠤᠯᠤᠰ ᠤᠨ ᠬᠠᠭᠠᠨ ᠨᠠᠶᠢᠷᠠᠮᠳᠠᠬᠤ ᠶᠢ ᠭᠤᠶᠤᠴᠢᠯᠠᠵᠠᠢ᠃ ᠴᠢᠩᠭᠢᠰ ᠬᠠᠭᠠᠨ ᠬᠦᠯᠢᠶᠡᠨ | ᠠᠪᠴᠤ ᠤᠮᠠᠷᠠᠰᠢ ᠪᠤᠴᠠᠭᠰᠠᠨ ᠪᠦᠬᠡᠳ ᠮᠤᠬᠤᠯᠠᠢ ᠪᠠᠷ ᠤᠯᠠᠨ ᠵᠠᠮ ᠤᠨ ᠴᠡᠷᠢᠭ ᠢ ᠶᠡᠷᠦᠩᠭᠡᠶᠢᠯᠡᠨ ᠵᠠᠬᠢᠷᠤᠭᠤᠯᠵᠤ | ᠯᠢᠶᠤᠤᠰᠢ ᠪᠤᠶᠤ ᠰᠢᠷ᠎ᠠ ᠮᠦᠷᠡᠨ ︵ᠤᠳᠤᠬᠢ ᠯᠢᠶᠤᠤ ᠡᠾᠧ ᠭᠤᠣᠯ︶ ᠠᠴᠠ ᠪᠠᠷᠠᠭᠤᠨᠰᠢ ᠭᠠᠵᠠᠷ ᠤᠷᠤᠨ ᠤ | ᠪᠠᠶᠢᠯᠳᠤᠭᠤᠯᠪᠠ᠃ | 1215 ᠣᠨ ᠳᠤ ᠮᠤᠬᠤᠯᠠᠢ ᠠᠯᠳᠠᠨ ᠤᠯᠤᠰ ᠤᠨ ᠤᠮᠠᠷᠠᠳᠣ ᠨᠠᠶᠢᠰᠯᠠᠯ ᠪᠧᠶᠢᠵᠢᠩ ᠢ ᠲᠤᠪᠳᠤᠯᠪᠠ᠃ | ᠡᠨᠡ ᠬᠤᠳᠠ ᠶᠢ ᠰᠠᠬᠢᠨ ᠰᠠᠭᠤᠭᠰᠠᠨ ᠠᠯᠳᠠᠨ ᠤᠯᠤᠰ ᠤᠨ ᠵᠠᠩᠵᠤᠨ ᠤᠤᠳᠠᠨ ᠰᠢᠶᠠᠩ ᠬᠠᠷᠢᠶᠠᠳᠤ ᠤᠯᠠᠨ ᠢᠶᠠᠨ | ᠠᠪᠴᠤ ᠬᠤᠸᠠᠳᠣᠣ ︵ᠤᠳᠤᠬᠢ ᠤᠯᠠᠭᠠᠨᠬᠠᠳᠠ ᠬᠤᠳᠠ ᠳᠤ ᠪᠤᠢ︶ ᠭᠡᠳᠡᠭ ᠭᠠᠵᠠᠷ ᠤᠭᠳᠤᠨ ᠪᠠᠶᠢᠯᠳᠤᠭᠠᠳ | ᠢᠯᠠᠬᠰᠠᠨ ᠪᠣᠯᠪᠠᠴᠤ ᠬᠤᠳᠠ ᠶᠢᠨ ᠲᠤᠳᠤᠷ᠎ᠠ ᠠᠮᠤ ᠬᠦᠨᠡᠰᠦ ᠲᠠᠭᠤᠰᠤᠭᠰᠠᠨ ᠲᠤᠯᠠ ᠭᠢᠳᠡᠨ ᠴᠡᠷᠢᠭ ᠨᠤᠶᠠᠨ ᠢᠶᠠᠨ | ᠠᠯᠠᠵᠤ ᠲᠠᠭᠠᠨ ᠢᠷᠡᠭᠰᠡᠨ ᠪᠠᠶᠢᠨ᠎ᠠ᠃ ᠠᠯᠳᠠᠨ ᠣᠯᠣᠰ ᠤᠨ ᠰᠢᠩᠵᠦ᠋ᠩ ︵ᠤᠳᠤᠬᠢ ᠴᠤᠤᠶᠠᠩ ᠤᠨ ᠭᠤᠷᠪᠡᠨ | ᠰᠣᠪᠣᠷᠭ᠎ᠠ ᠬᠤᠳᠠ︶ ᠤᠨ ᠮᠡᠳᠡᠭᠴᠢ ᠲᠦᠰᠢᠮᠡᠯ ᠦᠷᠢᠪ ᠢ ᠪᠠᠭᠤᠵᠤ ᠦᠭ ᠬᠡᠵᠤ ᠮᠤᠬᠤᠯᠠᠢ ᠬᠤᠶᠠᠷ ᠡᠯᠴᠢ | ᠲᠤᠮᠢᠯᠠᠭᠰᠠᠨ ᠳᠤ ᠨᠢᠭᠡ ᠨᠢ ᠠᠯᠠᠭᠳᠠᠵᠤ ᠨᠦᠬᠦᠬᠡ ᠨᠢ ᠲᠤᠳᠠᠭᠠᠨ ᠭᠠᠷᠴᠣ ᠢᠷᠡᠪᠡ᠃ ᠡᠭᠦᠨ ᠳᠤ ᠬᠤᠳᠠ ᠶᠢᠨ | ᠢᠷᠭᠡᠳ ᠮᠤᠬᠤᠯᠠᠢ ᠶᠢᠨ ᠴᠡᠷᠢᠭ ᠢᠷᠡᠵᠤ ᠬᠢᠳᠤᠬᠤ ᠠᠴᠠ ᠠᠶᠤᠭᠠᠳ ᠦᠷᠢᠪ ᠢ ᠴᠠᠪᠴᠢᠨ ᠠᠯᠠᠵᠤ᠂ ᠨᠤᠲᠤᠭ ᠤᠨ | ᠡᠷᠬᠡᠳᠡᠨ ᠱᠢ ᠲᠢᠶᠠᠨ ᠢᠩ ᠢ ᠵᠠᠬᠢᠷᠤᠭᠴᠢ ᠪᠤᠯᠭᠠᠪᠠ᠃ ᠡᠨᠡ ᠦᠶ᠎ᠡ ᠳᠤ ᠵᠢᠨᠵᠧᠤ ᠬᠤᠳᠠ ︵ᠤᠳᠤᠬᠢ ᠯᠢᠶᠤᠤᠨᠢᠩ | ᠮᠤᠵᠢ ᠶᠢᠨ ᠵᠢᠨᠵᠧᠤ ᠬᠤᠳᠠ︶ ᠶᠢᠨ ᠵᠠᠩ ᠵᠢᠩ ᠭᠡᠳᠡᠭ ᠬᠦᠮᠦᠨ 10 ᠲᠦᠮᠡ ᠭᠠᠷᠤᠢ ᠬᠦᠮᠦᠨ ᠢ ᠴᠤᠭᠯᠠᠭᠤᠯᠵᠤ | ᠠᠯᠳᠠᠨ ᠤᠯᠤᠰ ᠤᠨ ᠤᠷᠤᠨ ᠨᠤᠲᠤᠭ ᠤᠨ ᠵᠠᠬᠢᠷᠤᠭᠴᠢ ᠲᠦᠰᠢᠮᠡᠯ ᠢ ᠠᠯᠠᠵᠤ᠂ ᠦᠪᠡᠷ ᠢ ᠪᠠᠨ ᠯᠢᠨ ᠬᠠᠢ ᠸᠠᠩ | ᠡᠷᠭᠦᠮᠵᠢᠯᠡᠭᠡᠳ ᠪᠠᠰᠠ ᠲᠠᠭᠠᠵᠤ ᠢᠷᠡᠪᠡ᠃ ᠰᠡᠭᠦᠯᠡᠷ ᠨᠢ ᠵᠠᠩ ᠵᠢᠩ ᠤᠷᠪᠠᠭ᠋ᠤ ᠰᠠᠨᠠᠭ᠎ᠠ ᠡᠪᠤᠷᠯᠡᠭᠰᠡᠨ ᠢ ᠮᠡᠳᠡᠭᠡᠳ | ᠮᠤᠬᠤᠯᠠᠢ᠂ ᠴᠢᠩᠭᠢᠰ ᠬᠠᠭᠠᠨ ᠤ ᠪᠠᠭᠤᠴᠠ ᠶᠢᠨ ᠦᠷᠦᠭᠡᠨ ᠳᠤ ᠭᠦᠷᠭᠡᠵᠤ ᠠᠯᠠᠭᠤᠯᠵᠠᠢ᠃ ᠵᠠᠩ ᠵᠢᠩ ᠤᠨ ᠲᠡᠬᠦᠦ | ᠵᠠᠩ ᡁᠢ ᠠᠬ᠎ᠠ ᠪᠠᠨ ᠠᠯᠳᠠᠭᠰᠠᠨ ᠶᠠᠪᠤᠳᠠᠯ ᠳᠤ ᠬᠤᠷᠤᠰᠴᠤ ᠵᠢᠨᠵᠧᠤ ᠬᠤᠳᠠ ᠶᠢ ᠡᠵᠡᠯᠡᠵᠤ ᠤᠷᠪᠠᠭᠠᠳ ᠤᠳᠤᠬᠢ | ᠯᠢᠶᠤᠤᠨᠢᠩ ᠮᠤᠵᠢ ᠶᠢᠨ ᠪᠠᠷᠠᠭᠤᠨ ᠭᠡᠰᠡᠭ ᠪᠤᠯᠤᠨ ᠡᠾᠧᠪᠧᠢ ᠮᠤᠵᠢ ᠶᠢᠨ ᠵᠡᠬᠦᠨ ᠬᠡᠰᠡᠭ ᠲᠠᠬᠢ ᠤᠯᠠᠨ ᠵᠧᠣ | ᠰᠢᠶᠠᠨ ᠤ ᠤᠤᠯᠭᠠᠯᠠᠵᠠᠢ᠃ | 1216 ᠣᠨ ᠳᠤ ᠵᠠᠩ ᡁᠢ ᠰᠢᠩᠵᠦ᠋ᠩ ᠬᠤᠳᠠ ᠶᠢ ᠡᠵᠡᠯᠡᠪᠡ᠃ ᠮᠦᠨ ᠵᠢᠯ ᠤᠨ 7 ᠰᠠᠷ᠎ᠠ ᠳᠤ | ᠮᠤᠬᠤᠯᠠᠢ ᠪᠡᠶ᠎ᠡ ᠪᠠᠷ ᠴᠡᠷᠢᠭ ᠵᠢᠯᠣᠭᠤᠳᠴᠤ ᠰᠢᠨᠵᠦ᠋ᠩ ᠬᠤᠳᠠ ᠶᠢᠨ ᠲᠡᠷᠭᠡᠳᠡ ᠬᠦᠷᠦᠭᠡᠳ ᠯᠢᠤ ᠱᠢ ᠠᠭᠤᠯᠠᠨ᠎ᠠ ︵ | ᠣᠳᠣᠭᠢ ᠯᠢᠶᠤᠤᠨᠢᠩ ᠮᠤᠵᠢ ᠶᠢᠨ ᠴᠤᠤᠶᠠᠩ ᠣᠷᠴᠢᠮ ᠪᠤᠢ︶ ᠪᠠᠶᠢᠯᠳᠤᠵᠤ ᠵᠠᠩ ᠵᠢᠩ ᠤᠨ ᠬᠦᠪᠡᠬᠦᠨ ᠵᠠᠩ ᠳ᠋ᠦᠩ | ᠫᠢᠩ ᠤᠨ ᠵᠠᠬᠢᠷᠤᠭᠰᠠᠨ 4 ᠲᠦᠮᠡ ᠰᠢᠬᠠᠮ ᠮᠤᠷᠢᠳᠤ ᠶᠠᠪᠠᠭᠠᠨ ᠴᠡᠷᠢᠭ ᠢ ᠰᠦᠨᠦᠭᠡᠭᠰᠡᠨ ᠪᠠᠶᠢᠨ᠎ᠠ᠃ ᠮᠤᠬᠤᠯᠠᠢ | ᠲᠡᠨᠳᠡ ᠠᠴᠠ ᠤᠷᠤᠭᠰᠢ ᠲᠠᠪᠰᠢᠵᠤ ᠵᠢᠨᠵᠧᠣ ᠬᠤᠳᠠ ᠶᠢ ᠪᠦᠰᠡᠯᠡᠨ ᠠᠪᠤᠭᠠᠳ ᠰᠠᠷ᠎ᠠ ᠭᠠᠷᠤᠢ ᠬᠦᠴᠦᠯᠡᠨ | ᠪᠠᠶᠢᠯᠳᠤᠪᠠ᠃ ᠬᠤᠳᠠᠨ ᠲᠤᠳᠤᠷᠠᠬᠢ ᠴᠡᠷᠢᠭ ᠬᠡᠳᠣ ᠤᠳᠠᠭ᠎ᠠ ᠪᠠᠶᠢᠯᠳᠤᠭᠠᠳ ᠴᠦᠮ ᠮᠤᠬᠤᠯᠠᠢ ᠶᠢᠨ ᠴᠡᠷᠢᠭ ᠲᠤ | ᠲᠡᠶᠢᠯᠦᠭᠳᠡᠭᠡᠳ ᠪᠤᠴᠠᠭᠰᠠᠨ ᠪᠤᠯᠬᠤᠷ ᠵᠠᠩ ᡁᠢ ᠲᠤᠤᠷᠠᠬᠢ ᠬᠦᠮᠦᠰ ᠢᠶᠠᠨ ᠬᠦᠴᠦ ᠬᠠᠮᠳᠤᠳᠬᠠᠵᠤ ᠴᠢᠳᠠᠬᠤ ᠦᠭᠡᠢ | ᠪᠠᠶᠢᠨ᠎ᠠ ᠭᠡᠵᠤ ᠠᠭᠤᠷᠯᠠᠭᠠᠳ ᠬᠤᠷᠢ ᠭᠠᠷᠤᠢ ᠵᠠᠩᠵᠤᠨ ᠢᠶᠠᠨ ᠠᠯᠠᠵᠠᠢ᠃ ᠲᠡᠶᠢᠨ ᠬᠦ ᠲᠤᠤᠷᠠᠬᠢ ᠵᠠᠩᠵᠤᠨ ᠨᠠᠷ ᠨᠢ | ᠠᠶᠤᠵᠤ ᠵᠠᠩ ᡁᠢ ᠶᠢ ᠪᠠᠷᠢᠵᠤ ᠬᠦᠯᠢᠭᠡᠳ ᠬᠤᠳᠠᠨ ᠠᠴᠠ ᠭᠠᠷᠴᠤ ᠪᠠᠭᠤᠵᠤ ᠥᠭᠪᠡ᠃ ᠲᠡᠨᠳᠡ ᠠᠴᠠ ᠮᠤᠬᠤᠯᠠᠢ | ᠰᠢᠷᠠᠮᠦ᠋ᠷᠡᠨ ᠢ ᠭᠠᠳᠤᠯᠵᠤ ᠯᠢᠶᠤᠤᠨᠢᠩ ᠮᠤᠵᠢ ᠶᠢᠨ ᠵᠡᠬᠦᠨ ᠬᠡᠰᠡᠭ ᠪᠠ ᠬᠢᠷᠢᠨ ᠮᠤᠵᠢ ᠶᠢᠨ ᠡᠮᠦᠨ᠎ᠡ ᠬᠡᠰᠡᠭ ᠲᠠᠬᠢ | ᠤᠯᠠᠨ ᠬᠤᠳᠠ ᠪᠠᠯᠭᠠᠰᠤ ᠶᠢ ᠪᠠᠶᠢᠯᠳᠤᠨ ᠠᠪᠤᠭᠰᠠᠨ ᠳᠤ ᠲᠤᠰ ᠭᠠᠵᠠᠷ ᠤᠷᠤᠨ ᠢ ᠵᠠᠬᠢᠷᠴᠤ ᠪᠠᠶᠢᠭᠰᠠᠨ ᠹᠦ᠋ ᠰᠢᠶᠠᠨ | ᠸᠠᠨ ᠨᠦ ᠠᠷᠪᠠ ᠭᠠᠷᠤᠢ ᠬᠦᠮᠦᠨ ᠢᠶᠠᠨ ᠲᠠᠭᠠᠭᠤᠯᠵᠤ ᠲᠠᠯᠠᠢ ᠶᠢᠨ ᠠᠷᠠᠯ ᠳᠤ ᠵᠢᠭᠤᠳᠠᠨ ᠶᠠᠪᠤᠵᠠᠢ᠃ | 1217 ᠣᠨ ᠳᠤ ᠴᠢᠩᠭᠢᠰ ᠬᠠᠭᠠᠨ ᠰᠠᠷᠳᠠᠭᠤᠯ ᠤᠯᠤᠰ ᠢ ᠲᠠᠶᠢᠯᠠᠬᠤ ᠪᠠᠷ ᠮᠤᠷᠳᠠᠬᠤ ᠳᠠᠭᠠᠨ ᠠᠯᠳᠠᠨ | ᠤᠯᠤᠰ ᠢ ᠲᠠᠶᠢᠯᠠᠬᠤ ᠬᠡᠷᠡᠭ ᠢ ᠲᠤᠰᠬᠠᠶᠢᠯᠠᠨ ᠮᠤᠬᠤᠯᠠᠢ ᠳᠤ ᠲᠤᠰᠢᠶᠠᠪᠡ᠃ ᠲᠡᠭᠡᠭᠡᠳ ᠲᠡᠯᠡᠬᠡᠢ ᠳ᠋ᠠᠬᠢᠨ ᠤ ᠴᠡᠷᠢᠭ | ᠮᠣᠷᠢ ᠶᠢ ᠶᠡᠷᠦᠩᠭᠡᠶᠢᠯᠡᠨ ᠵᠠᠬᠢᠷᠬᠤ ᠲᠡᠶᠢᠱᠢ ᠬᠦᠸᠧ ᠸᠠᠩ ᠡᠷᠭᠦᠮᠵᠢᠯᠡᠵᠤ᠂ ᠴᠡᠭᠡᠷ ᠡᠪᠬᠡᠮᠡᠯ᠂ ᠠᠯᠳᠠᠨ ᠲᠠᠮᠠᠭ᠎ᠠ | ᠱᠠᠩᠨᠠᠭᠠᠳ᠄ ︽ᠦᠶ᠎ᠡ ᠤᠯᠠᠷᠢᠨ ᠲᠠᠰᠤᠯᠳᠠᠭᠤᠯᠬᠤ ᠦᠭᠡᠢ ᠦᠷ᠎ᠡ ᠶᠢᠨ ᠦᠷ᠎ᠡ᠂ ᠤᠷᠤᠭ ᠤᠨ ᠤᠷᠤᠭ | ᠵᠠᠯᠭᠠᠮᠵᠢᠯᠠᠳᠤᠭᠠᠢ︕︾ ᠭᠡᠪᠡ᠃ ᠤᠷᠢᠳᠠ ᠮᠤᠬᠤᠯᠠᠢ ᠠᠯᠳᠠᠨ ᠤᠯᠤᠰ ᠢ ᠲᠠᠶᠢᠯᠠᠵᠤ ᠪᠠᠶᠢᠬᠤ ᠳᠤ᠂ ᠠᠯᠳᠠᠨ | ᠤᠯᠤᠰ ᠲᠡᠬᠦᠨ ᠢ ᠭᠦᠸᠧ ᠸᠠᠩ ᠭᠡᠵᠤ ᠡᠷᠬᠦᠮᠵᠢᠯᠡᠨ ᠲᠠᠭᠤᠳᠠᠳᠠᠭ ᠪᠠᠶᠢᠵᠠᠢ᠃ ᠴᠢᠩᠭᠢᠰ ᠬᠠᠭᠠᠨ ᠡᠭᠦᠨ ᠢ | ᠰᠤᠨᠤᠰᠤᠭᠠᠳ᠄ ︽ᠰᠠᠶᠢᠨ ᠪᠡᠯᠭᠡ︾ ᠭᠡᠳ ᠮᠤᠬᠤᠯᠠᠢ ᠶᠢ ᠭᠦᠸᠧ ᠸᠠᠩ ᠡᠷᠭᠦᠮᠵᠢᠯᠡᠭᠰᠡᠨ ᠠᠵᠢ᠃ ᠲᠡᠷᠡ ᠲᠤᠬᠠᠢ | ᠴᠢᠩᠭᠢᠰ ᠬᠠᠭᠠᠨ ᠬᠤᠩᠭᠢᠷᠠᠳ᠂ ᠢᠬᠢᠷᠠᠰ᠂ ᠤᠷᠤᠭᠤᠳ ᠵᠡᠷᠬᠡ ᠲᠤᠯᠤᠭᠠᠨ ᠠᠶᠢᠮᠠᠭ ᠤᠨ ᠴᠡᠷᠢᠭ ᠪᠠ ᠦᠶᠡᠷ ᠤᠨ | ᠵᠠᠬᠢᠷᠤᠭᠰᠠᠨ ᠬᠢᠳᠠᠨ᠂ ᠵᠦᠷᠴᠢᠨ᠂ ᠨᠠᠩᠭᠢᠶᠠᠳ ᠵᠡᠷᠭᠡ ᠦᠨᠳᠦᠰᠦᠳᠡᠨ ᠤ ᠴᠡᠷᠢᠭ ᠢ ᠴᠦᠮ ᠮᠤᠬᠤᠯᠠᠢ ᠳᠤ ᠥᠭᠴᠦ | ᠵᠠᠬᠢᠷᠤᠭᠤᠯᠤᠭᠠᠳ᠄ ︽ᠲᠠᠶᠢᠬᠠᠩᠱᠠᠨ ᠨᠢᠷᠤᠭᠤ ᠠᠴᠠ ᠤᠮᠠᠷᠠᠰᠢᠬᠢ ᠶᠢ ᠪᠢ ᠮᠡᠳᠡᠰᠦᠭᠡᠢ᠂ ᠲᠡᠭᠦᠨ ᠠᠴᠠ | ᠡᠮᠦᠨᠡᠰᠢᠬᠢ ᠶᠢ ᠰᠠᠶᠢᠳ ᠴᠢ ᠬᠢᠴᠢᠶᠡᠰᠦᠬᠡᠢ︾ ᠭᠡᠪᠡ᠃ ᠮᠤᠬᠤᠯᠠᠢ ᠳᠤ ᠪᠠᠰᠠ ᠬᠠᠭᠠᠨ ᠤ ᠮᠠᠨᠳᠤᠭᠤᠯᠬᠤ ᠶᠡᠭᠡ | ᠬᠦᠭᠦᠯᠳᠤ ᠲᠤᠮᠤ ᠴᠠᠭᠠᠨ ᠲᠤᠭ ᠱᠠᠩᠨᠠᠵᠤ᠂ ᠣᠯᠠᠨ ᠵᠠᠩᠵᠤᠨ ᠨᠠᠷ ᠲᠤ᠄ ︽ᠮᠤᠬᠤᠯᠠᠢ ᠡᠨᠡ ᠲᠤᠭ ᠢ ᠮᠠᠨᠳᠤᠭᠤᠯᠵᠤ | ᠵᠠᠷᠯᠢᠭ ᠪᠠᠭᠤᠯᠭᠠᠬᠤ ᠶᠢ ᠮᠢᠨᠤ ᠵᠠᠷᠯᠢᠭ ᠲᠠᠢ ᠠᠳᠠᠯᠢ ᠪᠠᠷ ᠦᠵᠡᠬᠦ ᠬᠡᠷᠡᠭᠳᠡᠢ︾ ᠭᠡᠪᠡ᠃ | 1218 ᠣᠨ ᠳᠤ ᠮᠤᠬᠤᠯᠠᠢ ᠠᠯᠳᠠᠨ ᠤᠯᠤᠰ ᠤᠨ ᠰᠢᠴᠢᠩ ᠠᠴᠠ ᠮᠤᠷᠳᠠᠵᠤ᠂ ᠲᠠᠢ ᠡᠾᠧ ᠯᠢᠩ | ᠳᠠᠪᠠᠭ᠎ᠠ ︵ᠤᠳᠤᠬᠢ ᠱᠠᠨ ᠰᠢ ᠮᠤᠵᠢ ᠳᠤ ᠪᠤᠢ︶ ᠶᠢ ᠲᠠᠪᠠᠵᠤ᠂ ᠬᠠᠳᠤᠨ ᠭᠤᠤᠯ ᠢ ᠲᠠᠭᠠᠵᠤ ᠤᠷᠤᠭᠰᠢᠯᠠᠭᠠᠳ᠂ | ᠤᠳᠤᠬᠢ ᠱᠠᠨ ᠰᠢ ᠮᠤᠵᠢ ᠶᠢᠨ ᠲᠠᠶᠢᠶᠤᠸᠠᠨ ᠵᠡᠷᠭᠡ ᠤᠯᠠᠨ ᠬᠤᠳᠠ ᠪᠠᠯᠭᠠᠰᠤ ᠶᠢ ᠪᠠᠶᠢᠯᠳᠤᠨ ᠡᠵᠡᠯᠡᠭᠡᠳ ᠫᠢᠩᠶᠠᠩ | ᠵᠦᠭ ᠲᠠᠪᠰᠢᠪᠡ᠃ | 1220 ᠣᠨ ᠳᠤ᠂ ᠮᠤᠬᠤᠯᠠᠢ ᠡᠾᠧᠪᠧᠢ ᠮᠤᠵᠢ ᠳᠤ ᠴᠦᠮᠦᠷᠡᠨ ᠤᠷᠤᠵᠤ ᠤᠳᠤᠬᠢ ᠪᠣᠤ ᠳ᠋ᠢᠩ | ᠬᠦᠷᠦᠭᠰᠡᠨ᠎ᠡ ᠬᠤᠳᠠ ᠶᠢ ᠰᠠᠬᠢᠭᠰᠠᠨ ᠵᠠᠩᠵᠤᠨ ᠪᠠᠭᠤᠵᠤ ᠦᠭᠭᠦᠭᠰᠡᠨ ᠪᠠᠶᠢᠨ᠎ᠠ᠃ ᠴᠢᠨᠠᠭᠰᠢ ᠲᠠᠪᠰᠢᠵᠤ ᠲᠠᠶᠠᠨᠫᠢᠩ | ᠴᠠᠶᠢᠳ ︵ᠣᠳᠣᠭᠢ ᠡᠾᠧᠪᠧᠢ ᠮᠤᠵᠢ ᠳᠤ ᠪᠤᠢ︶ ᠶᠢ ᠪᠠᠶᠢᠯᠳᠤᠨ ᠢᠯᠠᠭᠠᠳ᠂ ᠮᠤᠩᠭᠤᠯ ᠪᠤᠬ᠎ᠠ ᠶᠢ ᠲᠤᠮᠢᠯᠠᠵᠤ᠂ | ᠴᠡᠷᠢᠭ ᠬᠤᠪᠢᠶᠠᠨ ᠡᠾᠧᠪᠧᠢ ᠮᠤᠵᠢ ᠶᠢᠨ ᠡᠮᠦᠨᠡᠳᠣ ᠭᠡᠰᠡᠭ ᠪᠠ ᠡᠾᠧᠨᠠᠨ ᠮᠤᠵᠢ ᠶᠢᠨ ᠤᠮᠠᠷᠠᠳᠣ ᠭᠡᠰᠡᠭ ᠤᠨ ᠤᠯᠠᠨ | ᠵᠧᠤ ᠰᠢᠶᠠᠨ ᠢ ᠪᠠᠶᠢᠯᠳᠤᠨ ᠡᠵᠡᠯᠡᠭᠦᠯᠦᠭᠡᠳ᠂ 30 ᠲᠦᠮᠡᠨ ᠡᠷᠦᠬᠡ ᠢᠷᠭᠡᠨ ᠢ ᠣᠯᠵᠠᠯᠠᠵᠤ ᠵᠢᠨᠠᠨ ᠵᠦᠭ | ᠤᠷᠤᠭᠰᠢᠯᠠᠪᠠ᠃ ᠲᠡᠷᠡ ᠦᠶ᠎ᠡ ᠳᠤ ᠬᠠᠳᠤᠨ ᠭᠤᠤᠯ ᠤᠨ ᠰᠠᠯᠪᠤᠷᠢ ᠤᠷᠤᠰᠬᠠᠯ ᠡᠮᠦᠨᠡᠰᠢ ᠰᠢᠯᠵᠢᠭᠰᠡᠨ ᠤᠴᠢᠷ | ᠱᠠᠨᠳᠦ᠋ᠩ ᠤᠨ ᠭᠠᠵᠠᠷ ᠬᠤᠷᠢᠭᠯᠠᠯᠳᠠ ᠪᠠᠨ ᠠᠯᠳᠠᠵᠤ ᠠᠯᠳᠠᠨ ᠤᠯᠤᠰ ᠤᠨ ᠬᠠᠭᠠᠨ ᠠᠷᠭ᠎ᠠ ᠪᠤᠰᠤ ᠬᠤᠸᠠᠩᠯᠢᠩ ︵ | ᠤᠳᠤᠬᠢ ᠱᠠᠨᠳᠦ᠋ᠩ ᠮᠤᠵᠢ ᠶᠢᠨ ᠼᠤᠤ ᠰᠢᠶᠠᠨ ᠳᠤ ᠪᠤᠢ︶ ᠭᠠᠵᠠᠷ ᠡᠷᠬᠢᠯᠡᠭᠴᠢ ᠶᠢᠨ ᠶᠠᠮᠤᠨ ᠪᠠᠶᠢᠭᠤᠯᠤᠨ᠂ | ᠦᠭᠦᠯᠡᠩ ᠰᠢᠭᠦ ᠳᠤ 20 ᠲᠦᠮᠡᠨ ᠴᠡᠷᠢᠭ ᠥᠭᠴᠦ ᠴᠢᠬᠤᠯᠠ ᠬᠡᠷᠡᠮ ᠢ ᠰᠠᠬᠢᠭᠤᠯᠤᠭᠠᠳ᠂ ᠮᠤᠩᠭᠤᠯ ᠤᠨ ᠴᠡᠷᠢᠭ | ᠪᠠᠷᠠᠭᠤᠨᠰᠢ ᠭᠠᠷᠬᠤ ᠶᠢ ᠬᠤᠷᠢᠭᠯᠠᠭᠤᠯᠵᠤ ᠪᠠᠶᠢᠭᠰᠠᠨ ᠶᠤᠮ᠃ ᠲᠡᠨᠳᠡ ᠠᠴᠠ ᠮᠤᠬᠤᠯᠠᠢ ᠶᠡᠭᠡ ᠴᠡᠷᠢᠭ ᠠᠪᠴᠤ | ᠬᠤᠸᠠᠩᠯᠢᠩ ᠢ ᠪᠠᠶᠢᠯᠳᠤᠷ᠎ᠠ ᠢᠷᠡᠭᠰᠡᠨ ᠳᠤ ᠠᠯᠳᠠᠨ ᠤᠯᠤᠰ ᠤᠨ ᠴᠡᠷᠢᠭ ᠬᠠᠳᠤᠨ ᠭᠤᠤᠯ ᠤᠨ ᠡᠮᠦᠨ᠎ᠡ ᠦᠬᠦᠨ | ᠪᠠᠶᠢᠯᠳᠤᠬᠤ ᠪᠠᠷ ᠪᠡᠯᠡᠳᠭᠡᠪᠡ᠃ ᠮᠣᠬᠤᠯᠠᠢ᠄ ︽ᠡᠭᠦᠨ ᠢ ᠮᠤᠷᠢᠳᠤ ᠴᠡᠷᠢᠭ ᠢᠶᠠᠷ ᠪᠠᠶᠢᠯᠳᠤᠵᠤ ᠲᠡᠶᠢᠯᠬᠦ ᠦᠭᠡᠢ︾ | ᠭᠡᠳ ᠴᠡᠷᠢᠭ ᠢᠶᠠᠨ ᠴᠦᠮ ᠮᠤᠷᠢᠨ ᠠᠴᠠ ᠪᠠᠭᠤᠯᠭᠠᠵᠤ ᠶᠠᠪᠠᠭᠠᠯᠠᠠ ᠪᠠᠶᠢᠯᠳᠤᠭᠤᠯᠤᠭᠠᠳ ᠶᠡᠬᠡᠯ᠎ᠡ ᠲᠠᠶᠢᠯᠵᠠᠢ᠃ | ᠲᠡᠭᠡᠭᠡᠳ ᠱᠠᠨᠳᠦ᠋ᠩ ᠮᠤᠵᠢ ᠶᠢᠨ ᠤᠯᠠᠨ ᠵᠧᠤ ᠰᠢᠶᠠᠨ ᠢ ᠪᠠᠶᠢᠯᠳᠤᠨ ᠡᠵᠡᠯᠡᠬᠡᠳ ᠮᠦᠨ ᠵᠢᠯ ᠤᠨ 5 ᠰᠠᠷ᠎ᠠ ᠳᠤ | ᠮᠤᠬᠤᠯᠠᠢ ᠶᠢᠨ ᠴᠡᠷᠢᠭ ᠦᠨᠡᠬᠡᠨ ᠳᠠᠪᠠᠭᠠᠨ ᠳᠤ ᠪᠤᠴᠠᠵᠤ ᠢᠷᠡᠭᠰᠡᠨ ᠪᠠᠶᠢᠨ᠎ᠠ᠃ ᠮᠤᠬᠤᠯᠠᠢ ᠱᠠᠨᠳᠦ᠋ᠩ᠂ | ᠡᠾᠧᠪᠧᠢ ᠶᠢᠨ ᠭᠠᠵᠠᠷ ᠢ ᠪᠦᠷ ᠲᠣᠭᠳᠠᠭᠠᠴᠢᠬᠠᠭᠰᠠᠨ ᠪᠤᠯᠬᠤᠷ ᠲᠠᠩᠭᠤᠳ ᠢᠶᠠᠷ ᠦᠩᠭᠡᠷᠡᠵᠤ ᠤᠳᠤᠬᠢ ᠱᠠᠨᠰᠢ | ᠮᠤᠵᠢ ᠶᠢ ᠪᠠᠶᠢᠯᠳᠤᠬᠤ ᠪᠠᠷ ᠪᠣᠯᠪᠠ᠃ ᠲᠡᠭᠡᠭᠡᠳ ᠲᠤᠰ ᠵᠢᠯ ᠤᠨ 8 ᠰᠠᠷ᠎ᠠ ᠳᠤ ᠬᠦᠳᠡᠯᠵᠤ᠂ ᠤᠳᠤᠬᠢ ᠬᠦᠬᠡᠬᠤᠳᠠ | ᠪᠠᠷ ᠲᠠᠮᠵᠢᠵᠤ᠂ ᠲᠣᠭᠲᠠᠬᠤ ᠰᠢᠶᠠᠨ ᠤ ᠭᠠᠵᠠᠷ ᠢᠶᠠᠷ ᠬᠠᠳᠤᠨ ᠭᠤᠤᠯ ᠢ ᠭᠠᠲᠤᠯᠤᠭᠠᠳ᠂ ᠳ᠋ᠠᠲ᠋ᠦ᠋ᠩ ᠢ ᠦᠩᠭᠡᠷᠡᠵᠤ᠂ | ᠢᠦᠢ ᠯᠢᠨ ᠳᠤ ᠤᠷᠤᠭᠠᠳ᠂ ᠶᠠᠨ ᠠᠨ ᠬᠤᠳᠠᠨ ᠠᠴᠠ 30 ᠭᠠᠵᠠᠷ ᠤᠶᠢᠷᠠᠳᠣᠵᠣ ᠪᠠᠭᠤᠪᠠ᠃ ᠠᠯᠳᠠᠨ | ᠤᠯᠤᠰ ᠤᠨ ᠮᠤᠵᠢ ᠶᠢᠨ ᠡᠵᠡᠨ ᠸᠠᠩᠭᠢᠩ ᠬᠠᠳᠠ 3 ᠲᠦᠮᠡᠨ ᠴᠡᠷᠢᠭ ᠭᠠᠷᠭᠠᠵᠤ ᠪᠠᠶᠢᠯᠳᠤᠭᠤᠯᠤᠭᠰᠠᠨᠠ᠂ ᠮᠤᠬᠤᠯᠠᠢ | ᠪᠦᠭᠭᠦᠭᠰᠡᠨ ᠴᠡᠷᠢᠭ ᠢᠶᠠᠷ ᠶᠡᠬᠡᠯ᠎ᠡ ᠲᠠᠶᠢᠯᠵᠤ᠂ 7 ᠮᠢᠩᠭᠠᠨ ᠲᠠᠶᠢᠰᠦᠨ ᠢ ᠤᠰᠠᠳᠬᠠᠨ᠂ 8 ᠵᠠᠭᠤᠨ ᠠᠬᠳᠠ | ᠣᠯᠵᠠᠯᠠᠭᠰᠠᠨ ᠪᠣᠯᠪᠠᠴᠤ ᠬᠤᠳᠠ ᠶᠢ ᠡᠪᠳᠡᠵᠤ ᠡᠰᠡ ᠴᠢᠳᠠᠭᠠᠳ᠂ ᠡᠮᠦᠨᠡᠰᠢ ᠲᠠᠶᠢᠯᠠᠭᠠᠳ ᠱᠠᠨᠰᠢ ᠮᠤᠵᠢ ᠶᠢᠨ | ᠤᠮᠠᠷᠠᠳᠣ ᠬᠡᠰᠡᠭ ᠤᠨ ᠤᠯᠠᠨ ᠬᠤᠳᠠ ᠪᠠᠯᠭᠠᠰᠤ ᠶᠢ ᠪᠠᠶᠢᠯᠳᠤᠨ ᠡᠵᠡᠯᠡᠵᠡᠢ᠃ | 1222 ᠣᠨ ᠤ 7 ᠰᠠᠷ᠎ᠠ ᠳᠤ ᠮᠤᠬᠤᠯᠠᠢ ᠶᠡᠭᠡ ᠴᠡᠷᠢᠭ ᠢᠶᠠᠨ ᠲᠠᠶᠢᠴᠢᠯᠠᠵᠤ᠂ ᠱᠠᠨᠰᠢ ᠮᠤᠵᠢ ᠶᠢᠨ ᠪᠠᠷᠠᠭᠤᠨ | ᠬᠡᠰᠡᠭ ᠪᠠ ᠭᠠᠨᠰᠤ ᠵᠦᠭ ᠮᠤᠷᠳᠠᠪᠠ᠃ ᠲᠡᠷᠡᠴᠢᠯᠡᠨ ᠠᠯᠳᠠᠨ ᠤᠯᠤᠰ ᠤᠨ ᠪᠠᠷᠠᠭᠤᠨ ᠨᠡᠶᠢᠰᠯᠡᠯ ᠰᠢᠵᠢᠩ ᠢᠶᠠᠷ | ᠦᠩᠭᠡᠷᠡᠵᠤ᠂ ᠢᠦᠢ ᠵᠧᠣ ︵ᠤᠳᠤᠬᠢ ᠱᠠᠨ ᠰᠢ ᠮᠤᠵᠢ ᠳᠤ ᠪᠤᠢ︶ ᠪᠠᠷ ᠲᠠᠮᠵᠢᠨ᠂ ᠢ ᠡᠾᠧ ᠴᠠᠶᠢᠵᠠ ︵ | ᠤᠳᠤᠬᠢ ᠱᠠᠨ ᠰᠢ ᠮᠤᠵᠢ ᠳᠤ ᠪᠤᠢ︶ ᠶᠢ ᠪᠠᠶᠢᠯᠳᠤᠨ ᠡᠵᠡᠯᠡᠬᠡᠳ᠂ ᠴᠢᠨᠠᠭᠰᠢ ᠰᠠᠨ ᠴᠢᠩ ᠤᠷᠬᠢᠯ ︵ᠤᠳᠤᠬᠢ | ᠱᠠᠨ ᠰᠢ ᠮᠤᠵᠢ ᠳᠤ ᠪᠤᠢ︶ ᠢ ᠠᠪᠴᠤ᠂ ᠴᠢᠩ ᠯᠦᠩ ︵ᠤᠳᠤᠬᠢ ᠱᠠᠨ ᠰᠢ ᠮᠤᠵᠢ ᠳᠤ ᠪᠤᠢ︶ ᠪᠠᠬᠢᠯᠡᠯᠳᠡ | ᠤᠶᠢᠷᠠᠳᠤᠭᠰᠠᠨ ᠳᠤ ᠫᠢᠩᠶᠠᠩ ᠬᠤᠳᠠ ᠶᠢ ᠰᠠᠬᠢᠭᠰᠠᠨ ᠵᠠᠩᠵᠤᠨ ᠬᠤᠤ ᠲᠢᠶᠠᠨ ᠼᠦᠸᠧ ᠪᠠᠶᠢᠯᠳᠤᠷ᠎ᠠ ᠢᠷᠡᠭᠡᠳ | ᠶᠡᠬᠡᠳᠡ ᠲᠠᠷᠤᠭᠳᠠᠵᠤ ᠠᠷᠭ᠎ᠠ ᠪᠤᠰᠤ ᠪᠠᠭᠤᠵᠤ ᠥᠭᠪᠡ᠃ 8 ᠰᠠᠷ᠎ᠠ ᠳᠤ ᠬᠡᠭᠡᠨ ᠡᠳᠦᠷ ᠢᠶᠠᠷ ᠤᠳᠤᠨ | ᠬᠠᠷᠠᠭᠳᠠᠭᠰᠠᠨᠠ ᠨᠢᠭᠤᠵᠤ ᠰᠠᠭᠤᠭᠰᠠᠨ ᠡᠷᠳᠡᠮᠳᠡᠨ ᠴᠢᠶᠤᠤ ᠵᠢᠩ ᠶᠢᠨ ᠮᠤᠷᠳᠠᠵᠤ ᠤᠷᠤᠭᠰᠢᠯᠠᠬᠤ ᠳᠤ ᠠᠰᠢᠭ | ᠦᠭᠡᠢ ᠬᠡᠵᠤ ᠰᠠᠨᠠᠭᠤᠯᠤᠭᠰᠠᠨ ᠪᠠᠶᠢᠨ᠎ᠠ᠃ ᠡᠬᠦᠨ ᠳᠤ ᠮᠤᠬᠤᠯᠠᠢ᠄ ︽ᠡᠵᠡᠨ ᠬᠠᠭᠠᠨ ᠨᠠᠮᠠᠢᠢ ᠲᠤᠮᠳᠠᠳᠣ ᠣᠷᠤᠨ ᠢ | ᠲᠣᠭᠳᠠᠭ᠎ᠠ ᠬᠡᠰᠡᠨ ᠶᠤᠮ᠃ ᠡᠳᠦᠭᠡ ᠬᠠᠳᠤᠨ ᠭᠤᠤᠯ ᠤᠨ ᠤᠮᠠᠷᠠᠳᠣ ᠬᠡᠰᠡᠭ ᠢ ᠲᠣᠭᠳᠠᠭᠠᠭᠰᠠᠨ ᠪᠤᠯᠪᠠᠴᠤ ᠱᠠᠨᠰᠢ᠂ | ᠡᠾᠧᠨᠡᠨ᠂ ᠭᠠᠨᠰᠤ ᠵᠡᠷᠬᠡ ᠬᠠᠳᠣᠨ ᠭᠤᠤᠯ ᠤᠨ ᠡᠮᠦᠨᠡᠬᠢ ᠤᠯᠠᠨ ᠭᠠᠵᠠᠷ ᠢ ᠲᠣᠭᠳᠠᠭᠠᠳᠣᠢ ᠪᠠᠶᠢᠭᠰᠠᠭᠠᠷ ᠶᠤᠮ᠃ | ᠬᠡᠷᠪᠡ ᠲᠡᠭᠷᠢ ᠶᠢᠨ ᠪᠠᠶᠢᠳᠠᠯ ᠠᠴᠠ ᠴᠡᠷᠢᠭ ᠮᠤᠷᠳᠠᠬᠤ ᠦᠭᠡᠢ ᠪᠣᠯ ᠬᠠᠭᠠᠨ ᠤ ᠵᠠᠷᠯᠢᠭ ᠢ ᠬᠡᠵᠢᠶ᠎ᠡ ᠪᠡᠶᠡᠯᠡᠬᠦᠯᠬᠦ ᠪᠣᠢ︖ | ︾ ᠭᠡᠪᠡ᠃ ᠲᠡᠭᠡᠭᠡᠳ ᠱᠢ ᠲᠢᠶᠠᠨ ᠢᠩ ᠢᠶᠠᠷ ᠬᠦᠪᠪᠦᠬᠦ ᠬᠦᠬᠦᠷᠭᠡ ᠲᠠᠯᠪᠢᠭᠤᠯᠵᠤ᠂ ᠬᠠᠳᠤᠨ ᠭᠤᠤᠯ ᠢ | ᠭᠠᠳᠤᠯᠤᠭᠠᠳ᠂ ᠲᠦᠩᠵᠧᠤ ᠬᠤᠳᠠ ︵ᠤᠳᠤᠬᠢ ᠱᠠᠨᠰᠢ ᠮᠤᠵᠢ ᠳᠤ ᠪᠤᠢ︶ ᠶᠢ ᠪᠠᠶᠢᠯᠳᠤᠨ ᠠᠪᠴᠤ᠂ ᠴᠠᠩ ᠠᠨ ︵ | ᠤᠳᠤᠬᠢ ᠰᠢ ᠠᠨ︶ ᠵᠦᠭ ᠴᠢᠭᠯᠡᠪᠡ᠃ ᠠᠯᠳᠠᠨ ᠤᠯᠤᠰ ᠤᠨ ᠵᠠᠩᠵᠤᠨ ᠸᠠᠩᠭᠢᠩ ᠬᠠᠳᠠ 20 ᠲᠦᠮᠡᠨ ᠶᠡᠭᠡ | ᠴᠡᠷᠢᠭ ᠠᠪᠴᠤ ᠤᠭᠳᠤᠨ ᠪᠠᠶᠢᠯᠳᠤᠭᠰᠠᠨ ᠪᠤᠯᠪᠠᠴᠤ ᠶᠡᠬᠡᠯ᠎ᠡ ᠲᠡᠶᠢᠯᠥᠭᠳᠡᠵᠤ ᠪᠤᠷᠤᠭᠤᠯᠠᠨ ᠲᠤᠲᠠᠭᠠᠭᠰᠠᠨ ᠪᠠᠶᠢᠨ᠎ᠠ᠃ | ᠡᠭᠦᠨ ᠳᠤ ᠮᠤᠬᠤᠯᠠᠢ᠃ ᠠᠯᠴᠢ ᠨᠤᠶᠠᠨ ᠳᠤ ᠬᠤᠩᠭᠢᠷᠠᠳ ᠠᠶᠢᠮᠠᠭ ᠤᠨ 3 ᠮᠢᠩᠭᠠᠨ ᠮᠤᠷᠢᠳᠤ ᠴᠡᠷᠢᠭ ᠢ ᠦᠭᠴᠤ᠂ | ᠲᠦᠩᠭᠤᠸᠠᠨ ᠪᠤᠭᠤᠮᠳᠠ ︵ᠤᠳᠤᠬᠢ ᠱᠠᠨᠰᠢ ᠮᠤᠵᠢ ᠳᠤ ᠪᠤᠢ︶ ᠳᠤ ᠨᠡᠪᠳᠡᠷᠡᠬᠦ ᠵᠠᠮ ᠢ ᠲᠠᠰᠤᠯᠤᠭᠤᠯᠤᠭᠰᠠᠨ | ᠪᠦᠬᠡᠳ ᠪᠤᠰᠤᠳ ᠵᠠᠩᠵᠤᠨ ᠨᠠᠷ ᠢᠶᠠᠷ ᠱᠠᠨᠰᠢ ᠶᠢᠨ ᠪᠠᠷᠠᠭᠤᠨ ᠬᠤᠶᠢᠳᠤᠬᠢ ᠤᠯᠠᠨ ᠬᠤᠳᠠ ᠪᠠᠯᠭᠠᠰᠤ ᠶᠢ | ᠡᠵᠡᠯᠡᠬᠦᠯᠦᠨ᠂ ᠦᠪᠡᠷ ᠢᠶᠠᠨ ᠶᠡᠭᠡ ᠴᠡᠷᠢᠭ ᠢ ᠵᠠᠬᠢᠷᠴᠤ ᠪᠠᠷᠠᠭᠤᠨᠰᠢ ᠹᠧᠩᠰᠢᠶᠠᠩ ᠢ ᠪᠠᠶᠢᠯᠳᠤᠬᠤ ᠪᠠᠷ ᠮᠤᠷᠳᠠᠵᠠᠢ᠃ | ᠮᠤᠬᠤᠯᠠᠢ ᠲᠤᠰ ᠬᠤᠳᠠ ᠶᠢ ᠪᠦᠰᠡᠯᠡᠨ ᠠᠪᠤᠭᠠᠳ ᠰᠠᠷ᠎ᠠ ᠭᠠᠷᠤᠢ ᠬᠦᠴᠦᠯᠡᠨ ᠪᠠᠶᠢᠯᠳᠤᠭᠰᠠᠨ ᠪᠤᠯᠪᠠᠴᠤ ᠡᠵᠡᠯᠡᠨ | ᠴᠢᠳᠠᠭᠰᠠᠨ ᠦᠭᠡᠢ ᠪᠤᠯᠬᠤᠷ ᠲᠤᠤᠷᠠᠬᠢ ᠵᠠᠩᠵᠤᠨ ᠨᠠᠷ ᠲᠠᠭᠠᠨ᠄ ︽ᠮᠢᠨᠤ ᠪᠡᠶ᠎ᠡ ᠲᠤᠰᠬᠠᠶᠢᠯᠠᠨ ᠲᠠᠶᠢᠯᠠᠬᠤ ᠵᠠᠷᠯᠢᠭ ᠢ | ᠬᠦᠯᠶᠡᠵᠤ᠂ ᠬᠡᠳᠦᠨ ᠵᠢᠯ ᠤᠨ ᠲᠤᠳᠤᠷ᠎ᠠ ᠯᠢᠶᠤᠤᠳᠦ᠋ᠩ᠂ ᠯᠢᠶᠤᠤᠰᠢ᠂ ᠱᠠᠨᠳᠦ᠋ᠩ᠂ ᠡᠾᠧᠪᠧᠢ ᠶᠢ ᠬᠢᠯᠪᠠᠷᠬᠠᠨ ᠢᠶᠠᠷ | ᠤᠷᠤᠭᠤᠯᠤᠨ ᠠᠪᠤᠭᠰᠠᠨ ᠪᠤᠯᠪᠠᠴᠤ᠂ ᠠᠩᠬ᠎ᠠ ᠲᠢᠶᠠᠨᠫᠢᠩ᠂ ᠶᠠᠨ ᠠᠨ ᠢ ᠪᠠᠶᠢᠯᠳᠤᠵᠤ᠂ ᠡᠳᠦᠶᠢᠬᠡᠨ ᠹᠧᠩᠰᠢᠶᠠᠩ ᠢ | ᠪᠦᠰᠡᠯᠡᠬᠡᠳ ᠪᠦᠷ ᠡᠰᠡ ᠡᠪᠳᠡᠵᠤ ᠴᠢᠳᠠᠭᠰᠠᠨ ᠲᠤᠯᠠ ᠠᠮᠢ ᠨᠠᠰᠤ ᠮᠢᠨᠢ ᠡᠴᠦᠰᠯᠡᠬᠦ ᠤᠶᠢᠷᠠᠳᠤᠭᠰᠠᠨ ᠪᠤᠯᠪᠠᠤ︖︾ | ᠬᠡᠳ ᠸᠧᠢ ᠱᠦᠢ ᠮᠦᠷᠡᠨ ᠤ ᠬᠦᠪᠡᠭᠡ ᠳᠤ ᠪᠠᠭᠤᠳᠠᠯᠯᠠᠪᠠ᠃ ᠮᠤᠩᠭᠤᠯ ᠪᠤᠬ᠎ᠠ ᠮᠤᠬᠤᠯᠠᠢ ᠶᠢᠨ ᠵᠠᠷᠯᠢᠭ ᠢᠶᠠᠷ | ᠡᠮᠦᠨᠡᠰᠢᠯᠡᠵᠤ᠂ ᠡᠮᠦᠨᠡᠳᠣ ᠰᠦᠩ ᠣᠯᠣᠰ ᠤᠨ ᠬᠢᠯᠢ ᠳᠤ ᠬᠦᠷᠦᠭᠡᠳ ᠪᠤᠴᠠᠵᠤ ᠢᠷᠡᠵᠡᠢ᠃ | 1233 ᠣᠨ ᠳᠤ ᠴᠠᠭᠠᠨ ᠰᠠᠷ᠎ᠠ ᠳᠤ ᠮᠤᠬᠤᠯᠠᠢ ᠶᠡᠭᠡ ᠴᠡᠷᠢᠭ ᠢᠶᠠᠨ ᠬᠤᠷᠢᠶᠠᠨ ᠬᠠᠳᠤᠨ ᠭᠤᠤᠯ ᠤᠨ | ᠬᠦᠪᠡᠬᠡᠨ᠎ᠡ ᠬᠦᠷᠴᠤ ᠢᠷᠡᠬᠡᠳ ᠠᠷᠪᠠ ᠭᠠᠷᠤᠢ ᠪᠠᠬᠢᠯᠡᠯᠳᠡ ᠴᠠᠶᠢᠵᠠ ᠶᠢ ᠪᠠᠶᠢᠯᠳᠤᠨ ᠡᠵᠡᠯᠡᠪᠡ᠃ 3 ᠰᠠᠷ᠎ᠠ ᠳᠤᠨᠢ | ᠮᠤᠬᠤᠯᠠᠢ ᠬᠠᠳᠤᠨ ᠭᠤᠤᠯ ᠢ ᠬᠡᠳᠦᠯᠵᠤ᠂ ᠤᠳᠤᠬᠢ ᠱᠠᠨᠰᠢ ᠮᠤᠵᠢ ᠶᠢᠨ ᠸᠧᠨᠰᠢ ᠰᠢᠶᠠᠨ ᠤ ᠰᠢᠶᠠᠮᠠ ᠲᠤᠰᠬᠤᠨ ᠳᠤ | ᠢᠷᠡᠬᠡᠳ ᠬᠦᠨᠳᠤ ᠡᠪᠡᠳᠴᠢᠯᠡᠨ᠂ ᠲᠡᠭᠦᠦ ᠲᠠᠶᠢᠰᠦ᠋ᠩ ᠢᠶᠠᠨ ᠲᠠᠭᠤᠳᠠᠵᠤ᠄ ︽ᠪᠢ ᠤᠯᠤᠰ ᠬᠦᠷᠦᠨ ᠤ ᠲᠦᠯᠦᠬᠡ | ᠬᠤᠶᠠᠭᠯᠠᠨ ᠴᠡᠷᠢᠭ᠌ᠯᠡᠵᠤ᠂ 40 ᠵᠢᠯ ᠵᠡᠬᠦᠨᠰᠢ ᠪᠠᠶᠢᠯᠳᠤᠨ ᠪᠠᠷᠠᠭᠤᠨᠰᠢ ᠲᠠᠶᠢᠯᠠᠭᠠᠳ᠂ ᠶᠡᠭᠡ ᠦᠢᠯᠡᠰ ᠢ ᠲᠤᠰᠠᠯᠠᠨ | ᠪᠦᠳᠦᠬᠡᠪᠡ᠃ ᠭᠠᠭᠴᠠ ᠬᠦ ᠠᠯᠳᠠᠨ ᠤᠯᠤᠰ ᠤᠨ ᠨᠡᠶᠢᠰᠯᠡᠯ ᠪᠢᠶᠠᠨᠵᠢᠩ ᠬᠤᠳᠠ ︵ᠤᠳᠤᠬᠢ ᠡᠾᠧᠨᠠᠨ ᠮᠤᠵᠢ ᠶᠢᠨ | ᠺᠠᠶᠢᠹᠧᠩ ᠬᠤᠳᠠ︶ ᠶᠢ ᠡᠪᠳᠡᠵᠤ ᠡᠰᠡ ᠴᠢᠳᠠᠭᠰᠠᠨ ᠳᠠᠭᠠᠨ ᠬᠠᠷᠠᠮᠰᠠᠨᠠᠮ᠃ ᠴᠢ ᠪᠠᠶᠢᠯᠳᠤᠨ ᠠᠪᠬᠤ ᠶᠢ | ᠬᠢᠴᠢᠶᠡᠭᠳᠦᠨ︕︾ ᠬᠡᠵᠤ ᠬᠡᠷᠢᠶᠡᠰᠦᠯᠡᠬᠡᠳ 54 ᠲᠠᠢ ᠳᠡᠭᠡᠨ ᠨᠠᠰᠤ ᠨᠦᠭᠴᠢᠵᠠᠢ᠃ ᠮᠤᠬᠤᠯᠠᠢ ᠪᠣᠯ | ᠴᠢᠩᠭᠢᠰ ᠬᠠᠭᠠᠨ ᠤ ᠬᠠᠮᠤᠭ ᠤᠨ ᠢᠳᠡᠬᠡᠯᠳᠣ ᠵᠠᠩᠵᠤᠨ ᠪᠤᠯᠬᠤ ᠶᠤᠮ᠃ ᠡᠶᠢᠮᠤ ᠠᠴᠠ ᠲᠡᠬᠦᠨ ᠢ ᠨᠠᠰᠤ | ᠨᠦᠭᠴᠢᠭᠰᠡᠨ ᠤ ᠲᠠᠷᠠᠭ᠎ᠠ᠂ ᠴᠢᠩᠭᠢᠰ ᠬᠠᠭᠠᠨ ᠦᠪᠡᠷᠦᠨ ᠪᠡᠶ᠎ᠡ ᠪᠠᠷ ᠹᠧᠩ ᠯᠢᠩ ︵ᠤᠳᠤᠬᠢ ᠭᠠᠨᠰᠤ ᠮᠤᠵᠢ ᠳᠤ | ᠪᠤᠢ︶ ᠢ ᠪᠠᠶᠢᠯᠳᠤᠷ᠎ᠠ ᠢᠷᠡᠬᠡᠳ᠄ ︽ᠮᠤᠬᠤᠯᠠᠢ ᠪᠠᠶᠢᠭᠰᠠᠨ ᠪᠣᠯ ᠪᠢ ᠠᠳᠡ ᠶᠠᠭᠤ ᠬᠢᠬᠦ ᠪᠠᠷ ᠢᠷᠡᠬᠦ ᠪᠢᠯᠡ︖︾ | ᠬᠡᠵᠤ ᠰᠡᠭᠦᠷᠡᠰᠦ ᠠᠯᠳᠠᠨ ᠬᠡᠯᠡᠭᠰᠡᠨ ᠪᠠᠶᠢᠵᠠᠢ᠃ | |