| ᠤᠯᠠᠭᠠᠢ ᠬᠠᠮᠢᠶᠠᠷᠤᠯᠳᠠ ᠶᠢᠨ ᠤᠷᠤᠨ ︽ᠠᠷᠪᠠ ᠶᠢ ᠪᠥᠷᠭᠦᠭᠦᠯᠭᠦ︾ ᠢᠨᠵᠧᠨᠧᠷᠢᠩ ᠤᠨ ᠠᠬᠢᠴᠨ ᠶᠢ | ᠲᠥᠷᠭᠡᠳᠭᠡᠭᠦ ᠪᠠᠷ ᠭᠠᠷᠳᠡᠵᠦ᠂ ᠶᠡᠭᠡ ᠬᠥᠴᠤᠨ ᠢᠶᠠᠷ ᠶᠠᠳᠠᠭᠤ ᠶᠢ ᠲᠡᠳᠭᠦᠭᠦ ᠨᠡᠭᠡᠭᠡᠯᠳᠠ ᠶᠢᠨ ᠠᠵᠢᠯ ᠢ | ᠲᠥᠯᠬᠢᠨ ᠣᠷᠣᠭᠰᠢᠯᠠᠭᠤᠯᠪᠠ᠃ 2014 ᠤᠨ᠂ ᠨᠤᠷᠠᠬᠤ ᠠᠶᠤᠯᠳᠠᠢ ᠭᠡᠷ ᠶᠢ ᠵᠠᠰᠠᠨ ᠰᠡᠯᠪᠢᠬᠦ ᠲᠡᠳᠬᠦᠮᠵᠢ ᠢ | ᠬᠡᠷᠡᠭᠵᠢᠬᠦᠯᠦᠭᠰᠡᠨ ᠡᠷᠦᠬᠡ 9᠂ ᠵᠡᠭᠡᠯᠢ ᠭᠤᠳᠤᠮᠵᠢ 16.3 ᠺᠢᠯᠤᠮᠧᠲ᠋ᠧᠷ ᠬᠠᠳᠠᠭᠤᠷᠠᠭᠤᠯᠪᠠ ᠂ 24 ᠲᠡᠳᠬᠦᠮᠵᠢ | ᠬᠦᠷᠳᠡᠬᠦ ᠡᠷᠤᠬᠡ ᠶᠢᠨ ᠵᠠᠮ ᠬᠠᠷᠢᠯᠴᠠᠭ᠎ᠠ ᠶᠢ ᠰᠠᠶᠢᠵᠢᠷᠠᠭᠤᠯᠪᠠ᠂ 40 ᠲᠡᠳᠬᠦᠮᠵᠢ ᠬᠦᠷᠳᠡᠬᠦ ᠡᠷᠤᠭᠡ ᠳᠤ | ᠴᠠᠬᠢᠯᠭᠠᠨ᠂ ᠷᠠᠳᠢᠤ᠋ ᠲᠧᠯᠸᠢᠰ ᠴᠢᠮᠡᠭᠡ ᠨᠡᠪᠳᠡᠷᠡᠭᠦᠯᠭᠡ ᠨᠡᠪᠳᠡᠷᠡᠭᠦᠯᠵᠠᠢ ᠂ ᠡᠷᠡᠭᠦᠯ ᠬᠠᠮᠠᠭᠠᠯᠠᠯ ᠤᠨ ᠲᠠᠰᠤᠭ 2᠂ | ᠰᠤᠶᠤᠯ ᠤᠨ ᠬᠥᠳᠡᠯᠭᠡᠭᠡᠨ ᠤ ᠭᠡᠷ 4᠂ ᠠᠷᠠᠳ ᠳᠤ ᠲᠥᠭᠦᠮ ᠥᠵᠡᠭᠦᠯᠭᠦ ᠬᠡᠳᠤ ᠲᠡᠯᠭᠡᠭᠦᠷ 4 ᠪᠠᠶᠢᠭᠤᠯᠵᠦ᠂ | 9 ᠭᠠᠴᠠᠭ᠎ᠠ ᠲᠣᠰᠬᠤᠨ᠂ ᠬᠤᠪᠢᠶᠠᠷᠢ ᠲᠠᠯᠠᠪᠠᠢ ᠶᠢᠨ ᠲᠡᠳᠬᠦᠮᠵᠢ ᠣᠯᠬᠤ ᠡᠷᠤᠬᠡ ᠠᠰᠢᠭ ᠬᠦᠷᠳᠡᠪᠡ᠃ 2015 | ᠤᠨ ᠳᠤ᠂ ᠨᠤᠷᠠᠬᠤ ᠠᠶᠤᠯᠳᠠᠢ ᠭᠡᠷ ᠶᠢ ᠵᠠᠰᠠᠨ ᠰᠡᠯᠪᠢᠬᠦ ᠲᠡᠳᠬᠦᠮᠵᠢ ᠢ ᠬᠡᠷᠡᠭᠵᠢᠬᠦᠯᠦᠭᠰᠡᠨ ᠡᠷᠦᠬᠡ 15᠂ ᠵᠡᠭᠡᠯᠢ | ᠭᠤᠳᠤᠮᠵᠢ ᠬᠠᠳᠠᠭᠤᠷᠠᠭᠤᠯᠣᠭᠰᠠᠨ ᠨᠢ ᠲᠡᠳᠭᠦᠮᠵᠢ ᠬᠦᠷᠳᠡᠬᠦ ᠡᠷᠦᠬᠡ ᠶᠢ ᠪᠦᠷᠬᠦᠭᠰᠡᠨ ᠨᠤᠷᠮ᠎ᠠ 2014 ᠤᠨ ᠠᠴᠠ | 25% ᠢᠶᠠᠷ ᠲᠡᠭᠡᠭᠰᠢᠯᠡᠵᠠᠢ᠃ ᠨᠡᠶᠢᠳᠡ 12 ᠲᠡᠳᠬᠦᠮᠵᠢ ᠬᠦᠷᠳᠡᠬᠦ ᠡᠷᠤᠭᠡ ᠳᠤ ᠴᠠᠬᠢᠯᠭᠠᠨ᠂ ᠷᠠᠳᠢᠤ᠋ ᠲᠧᠯᠸᠢᠰ | ᠴᠢᠮᠡᠭᠡ ᠨᠡᠪᠳᠡᠷᠡᠭᠦᠯᠭᠡ ᠤᠨ ᠢᠨᠵᠧᠨᠧᠷᠢᠩ ᠢ ᠪᠡᠶᠠᠯᠠᠬᠦᠯᠪᠠ᠃ 1 ᠬᠡᠦᠬᠡᠳ ᠤᠨ ᠴᠡᠴᠡᠷᠯᠢᠭ ᠂ 5 ᠡᠷᠡᠭᠦᠯ | ᠬᠠᠮᠠᠭᠠᠯᠠᠯ ᠤᠨ ᠲᠠᠰᠤᠭ᠂ 2 ᠰᠤᠶᠤᠯ ᠤᠨ ᠬᠥᠳᠡᠯᠭᠡᠭᠡᠨ ᠤ ᠭᠡᠷ᠂ 10 ᠠᠷᠠᠳ ᠳᠤ ᠲᠥᠭᠦᠮ ᠥᠵᠡᠭᠦᠯᠭᠦ ᠬᠡᠳᠤ | ᠲᠡᠯᠭᠡᠭᠦᠷ ᠪᠠᠶᠢᠭᠤᠯᠵᠦ ᠲᠡᠳᠬᠦᠮᠵᠢ ᠬᠦᠷᠳᠡᠬᠦ 48 ᠡᠷᠤᠭᠡ ᠶᠢ ᠪᠦᠷᠬᠦᠪᠡ᠃ 2016 ᠤᠨ ᠳᠤ ᠣᠯᠠᠭᠠᠢ | ᠬᠠᠮᠢᠶᠠᠷᠣᠯᠳᠠ ᠶᠢᠨ ᠣᠷᠣᠨ ᠠᠴᠠ ︽ ᠠᠷᠪᠠ ᠶᠢ ᠪᠥᠷᠭᠦᠭᠦᠯᠭᠦ︾ ᠢᠨᠵᠧᠨᠧᠷᠢᠩ ᠪᠠ ᠶᠠᠳᠠᠭᠤ ᠶᠢ ᠲᠡᠳᠭᠦᠭᠦ | ᠪᠠᠶᠢᠯᠳᠣᠭᠠᠨ ᠢ ᠨᠢᠬᠳᠠ ᠣᠶᠠᠯᠳᠣᠭᠤᠯᠣᠨ᠂ ᠶᠡᠭᠡ ᠭᠥᠴᠤᠨ ᠢᠶᠠᠷ ᠥᠷᠭᠦᠯᠵᠢᠯᠠᠨ ᠲᠥᠯᠭᠢᠨ ᠠᠭᠢᠭᠤᠯᠵᠤ᠂ ᠪᠥᠬᠦ | ᠶᠠᠳᠠᠭᠤ ᠶᠢ ᠲᠡᠳᠭᠦᠭᠦ ᠡᠷᠤᠭᠡ ᠶᠢ ᠪᠥᠭᠦᠨ ᠶᠢ ᠪᠥᠷᠭᠦᠭᠦᠯᠭᠦ ᠶᠢ ᠪᠠᠳᠣᠯᠠᠬᠤ ᠪᠣᠯᠣᠨ᠎ᠠ᠃ |