ᠬᠠᠮᠢᠶᠠᠷᠣᠯᠳᠠ ᠶᠢᠨ ᠵᠦᠪᠯᠡᠯ ᠤᠨ ᠲᠡᠳ᠋ ᠡᠷᠬᠢᠯᠡᠭᠴᠢ  ᠷᠧᠨ ᠰᠢ ᠵᠢᠶᠦ᠋ᠨ
ᠨᠡᠶᠢᠲᠡᠯᠡᠭᠰᠡᠨ ᠴᠠᠭ᠄
2016/8/26
ᠬᠠᠮᠢᠶᠠᠷᠣᠯᠳᠠ ᠶᠢᠨ ᠵᠦᠪᠯᠡᠯ ᠤᠨ ᠲᠡᠳ᠋ ᠡᠷᠬᠢᠯᠡᠭᠴᠢ  ᠷᠧᠨ ᠰᠢ ᠵᠢᠶᠦ᠋ᠨ   ᠡᠷᠡᠭᠳᠡᠢ᠂ ᠬᠢᠳᠠᠳ ᠦᠨᠳᠦᠰᠦᠳᠡᠨ᠂1969 ᠣᠨ ᠤ 6 ᠰᠠᠷ᠎ᠠ ᠳᠤ ᠲᠦᠷᠦᠪᠡ᠃ ᠣᠭ ᠨᠣᠳᠤᠭ ᠾᠧᠪᠸᠢ ᠮᠣᠵᠢ ᠶᠢᠨ ᠸᠧᠢ ᠰᠢᠶᠠᠨ᠂ ᠡᠪ ᠬᠠᠮᠳᠣ ᠨᠠᠮ ᠤᠨ ᠬᠡᠰᠢᠬᠦᠨ᠃1991.8-1995.4   ᠣᠯᠠᠭᠠᠢ ᠶᠢᠨ  ᠪᠠᠷᠢᠯᠭ᠎ᠠ ᠶᠢᠨ ᠺᠣᠮᠫᠠᠨᠢ ᠶᠢᠨ ᠮᠡᠷᠭᠡᠵᠢᠯᠳᠡᠨ᠃1995.4-1998.4 ᠣᠯᠠᠭᠠᠢ ᠨᠡᠬᠡᠬᠡᠯᠳᠡ ᠶᠢᠨ ᠣᠷᠣᠨ ᠤ ᠬᠤᠳᠠ ᠬᠦᠳᠡᠭᠡ ᠶᠢᠨ ᠪᠦᠳᠦᠬᠡᠨ ᠪᠠᠶᠢᠭᠤᠯᠣᠯᠳᠠ  ᠭᠠᠵᠠᠷ ᠰᠢᠷᠣᠢ ᠶᠢᠨ ᠬᠠᠮᠢᠶᠠᠷᠣᠯᠳᠠ ᠶᠢᠨ ᠲᠣᠪᠴᠢᠶ᠎ᠠ ᠶᠢᠨ ᠲᠡᠳ᠋ ᠲᠣᠪᠴᠢᠶᠠᠨ ᠲᠠᠷᠤᠭ᠎ᠠ᠃1998.4-2006.1   ᠣᠯᠠᠭᠠᠢ ᠬᠠᠮᠢᠶᠠᠷᠣᠯᠳᠠ ᠶᠢᠨ ᠣᠷᠣᠨ ᠤ ᠪᠦᠳᠦᠬᠡᠨ ᠪᠠᠶᠢᠭᠤᠯᠬᠤ ᠲᠣᠪᠴᠢᠶ᠎ᠠ ᠶᠢᠨ ᠲᠣᠪᠴᠢᠶᠠᠨ ᠲᠠᠷᠤᠭ᠎ᠠ ︵ᠲᠣᠰ ᠬᠤᠭᠤᠴᠠᠭᠠᠨ ᠳᠤ 2000.3-2003.1 ᠦᠪᠦᠷ ᠮᠣᠩᠭᠤᠯ ᠤᠨ ᠨᠠᠮ ᠤᠨ ᠰᠣᠷᠭᠠᠭᠤᠯᠢ ᠶᠢᠨ ᠵᠠᠬᠢᠳᠠᠯ ᠢᠶᠠᠷ ᠰᠣᠷᠣᠯᠴᠠᠬᠤ ᠲᠡᠭᠡᠳᠣ ᠰᠣᠷᠭᠠᠭᠤᠯᠢ ᠳᠤ ᠠᠵᠦ ᠠᠬᠤᠢ ᠶᠢᠨ ᠬᠠᠮᠢᠶᠠᠷᠣᠯᠳᠠ ᠶᠢᠨ ᠲᠣᠰᠬᠠᠢ ᠮᠡᠷᠬᠡᠵᠢᠯ ᠢ ᠰᠣᠷᠣᠯᠴᠠᠪᠠ︶᠃2006.1-2010.4 ᠣᠯᠠᠭᠠᠢ ᠬᠠᠮᠢᠶᠠᠷᠣᠯᠳᠠ ᠶᠢᠨ ᠣᠷᠣᠨ ᠤ ᠡᠳ᠋ ᠤᠨ ᠵᠠᠰᠠᠭ ᠤᠨ ᠲᠣᠪᠴᠢᠶ᠎ᠠ ᠶᠢᠨ ᠲᠣᠪᠴᠢᠶᠠᠨ ᠲᠠᠷᠤᠭ᠎ᠠ᠃2010.4 ᠣᠳᠣ ᠪᠣᠯᠳᠠᠯ᠎ᠠ ᠣᠯᠠᠭᠠᠢ ᠬᠠᠮᠢᠶᠠᠷᠣᠯᠳᠠ ᠶᠢᠨ ᠣᠷᠣᠨ ᠤ ᠬᠠᠮᠢᠶᠠᠷᠣᠯᠳᠠ ᠶᠢᠨ ᠣᠷᠣᠨ ᠤ ᠲᠡᠳ᠋ ᠡᠷᠬᠢᠯᠡᠭᠴᠢ᠃ ᠰᠦᠨ ᠵᠧᠨ ᠵᠢᠶᠠᠩ ᠨᠦᠬᠦᠷ ᠢ ᠬᠠᠮᠵᠢᠵᠦ᠂ ᠬᠤᠳᠠ ᠬᠦᠳᠡᠭᠡ ᠶᠢ ᠲᠦᠯᠦᠪᠯᠡᠨ ᠪᠦᠳᠦᠬᠡᠨ ᠪᠠᠶᠢᠭᠤᠯᠬᠤ ᠲᠣᠪᠴᠢᠶ᠎ᠠ᠂ ᠠᠵᠢᠯᠳᠠᠨ ᠤ ᠶᠠᠪᠣᠳᠠᠯ ᠬᠦᠳᠡᠯᠮᠦᠷᠢ᠂ ᠨᠡᠶᠢᠬᠡᠮ ᠤᠨ ᠪᠠᠳᠣᠯᠭ᠎ᠠ᠂ ᠵᠠᠮ ᠬᠠᠷᠢᠯᠴᠠᠭ᠎ᠠ ᠲᠡᠭᠡᠭᠡᠪᠦᠷᠢ᠂ ᠠᠷᠠᠳ ᠤᠨ ᠵᠠᠰᠠᠭ᠂ ᠠᠷᠠᠳ ᠤᠨ ᠰᠡᠷᠬᠡᠶᠢᠯᠡᠯᠳᠡ ᠵᠡᠷᠭᠡ ᠲᠠᠯ᠎ᠠ ᠶᠢᠨ ᠠᠵᠢᠯ ᠢ ᠬᠠᠷᠢᠭᠤᠴᠠᠨ᠎ᠠ᠃ ᠣᠷᠣᠨ ᠰᠠᠭᠤᠴᠠ ᠪᠣᠯᠣᠨ ᠬᠤᠳᠠ ᠬᠦᠳᠡᠭᠡ ᠶᠢ ᠲᠦᠯᠦᠪᠯᠡᠨ ᠪᠦᠳᠦᠬᠡᠨ ᠪᠠᠶᠢᠭᠤᠯᠬᠤ ᠲᠣᠪᠴᠢᠶ᠎ᠠ᠂ ᠠᠵᠢᠯᠳᠠᠨ ᠤ ᠶᠠᠪᠣᠳᠠᠯ ᠬᠦᠳᠡᠯᠮᠦᠷᠢ ᠪᠣᠯᠣᠨ ᠨᠡᠶᠢᠬᠡᠮ ᠤᠨ ᠪᠠᠳᠣᠯᠭ᠎ᠠ  ᠶᠢᠨ ᠲᠣᠪᠴᠢᠶ᠎ᠠ᠂᠂ᠵᠠᠮ ᠬᠠᠷᠢᠯᠴᠠᠭ᠎ᠠ ᠲᠡᠭᠡᠭᠡᠪᠦᠷᠢ ᠶᠢᠨ ᠲᠣᠪᠴᠢᠶ᠎ᠠ᠂ ᠢᠷᠭᠡᠨ ᠤ ᠬᠡᠷᠡᠭ ᠤᠨ ᠲᠣᠪᠴᠢᠶ᠎ᠠ ︵ᠵᠡᠮᠳᠡᠭᠴᠦᠳ  ᠤᠨ ᠨᠡᠶᠢᠭᠡᠮᠯᠢᠭ ᠤᠨ ᠬᠤᠯᠪᠣᠭ᠎ᠠ︶᠂ ᠠᠷᠠᠳ ᠤᠨ ᠰᠡᠷᠭᠡᠶᠢᠯᠡᠯᠳᠡ ᠶᠢᠨ ᠠᠯᠪᠠᠨ ᠭᠡᠷ ᠢ ᠬᠤᠪᠢᠳᠠᠨ ᠬᠠᠮᠢᠶᠠᠷᠣᠨ᠎ᠠ᠃ᠪᠠᠶᠠᠨᠬᠤᠰᠢᠭᠤ ᠪᠠᠯᠭᠠᠰᠣ᠂ ᠣᠷᠣᠨ ᠰᠠᠭᠤᠴᠠ ᠶᠢᠨ ᠨᠡᠶᠢᠳᠡ ᠶᠢᠨ ᠬᠤᠷᠠᠮᠳᠣᠯ ᠮᠦᠩᠬᠦᠨ ᠤ ᠬᠠᠮᠢᠶᠠᠷᠣᠯᠳᠠ ᠶᠢᠨ ᠲᠦᠪ᠂ ᠪᠠᠶᠠᠨᠬᠤᠰᠢᠭᠤ ᠵᠠᠮ ᠠᠷᠴᠢᠯᠠᠬᠤ  ᠭᠠᠵᠠᠷ᠂  ᠲᠠᠭᠡᠭᠡᠪᠤᠷᠢ ᠶᠢᠨ ᠬᠠᠮᠢᠶᠠᠷᠣᠯᠳᠠ ᠶᠢᠨ ᠭᠠᠵᠠᠷ᠂ 93277 ᠴᠡᠷᠢᠭ ᠠᠩᠬᠢ ᠶᠢᠨ 93 ᠰᠠᠯᠪᠣᠷᠢ ᠠᠩᠬᠢ ᠲᠠᠢ ᠬᠠᠷᠢᠯᠴᠠᠨ᠎ᠠ᠃
 
ᠢᠷᠡᠯᠲᠡ᠄ ᠣᠯᠠᠭᠠᠢ ᠶᠢᠨ ᠬᠢᠳᠠᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号