ᠬᠠᠮᠢᠶᠠᠷᠤᠯᠳᠠ ᠶᠢᠨ ᠤᠷᠤᠨ  ᠵᠢᠷᠭᠤᠭᠠᠨ ᠥᠰᠤᠭ᠌ ᠤᠨ ᠥᠡᠭᠰᠢᠯᠭ᠎ᠠ ᠪᠠᠷ ︽  ᠠᠷᠪᠠ ᠶᠢ ᠪᠥᠷᠭᠦᠭᠦᠯᠭᠦ︾ ᠢᠨᠵᠧᠨᠧᠷᠢᠩ ᠳᠤ ᠢᠳᠡᠭᠬᠢᠳᠠᠢ ᠪᠡᠯᠡᠳᠭᠡᠯ ᠬᠢᠪᠡ
ᠨᠡᠶᠢᠲᠡᠯᠡᠭᠰᠡᠨ ᠴᠠᠭ᠄
2016/9/2
ᠬᠠᠮᠢᠶᠠᠷᠤᠯᠳᠠ ᠶᠢᠨ ᠤᠷᠤᠨ  ᠵᠢᠷᠭᠤᠭᠠᠨ ᠥᠰᠤᠭ᠌ ᠤᠨ ᠥᠡᠭᠰᠢᠯᠭ᠎ᠠ ᠪᠠᠷ ︽ ᠠᠷᠪᠠ ᠶᠢ ᠪᠥᠷᠭᠦᠭᠦᠯᠭᠦ︾ ᠢᠨᠵᠧᠨᠧᠷᠢᠩ ᠳᠤ ᠢᠳᠡᠭᠬᠢᠳᠠᠢ ᠪᠡᠯᠡᠳᠭᠡᠯ ᠬᠢᠪᠡ        2016 ᠤᠨ ᠪᠤᠯ ︽ ᠠᠷᠪᠠ ᠶᠢ ᠪᠥᠷᠭᠦᠭᠦᠯᠭᠦ︾  ᠢᠨᠵᠧᠨᠧᠷᠢᠩ ᠤᠨ ᠰᠢᠢᠳᠪᠦᠷᠢᠯᠡᠭᠴᠢ  ᠨᠢᠭᠡᠨ ᠵᠢᠯ ᠪᠤᠯᠤᠨ᠎ᠠ  ᠂ ᠬᠠᠮᠢᠶᠠᠷᠤᠯᠳᠠ ᠶᠢᠨ ᠤᠷᠤᠨ ᠤ ᠺᠠᠳ᠋ᠷ ᠠᠷᠠᠳ ᠰᠢᠨ᠎ᠠ ᠵᠢᠯ ᠢᠶᠠᠨ ᠥᠡᠭᠭᠡᠷᠡᠭᠦᠯᠤᠮᠠᠭᠴᠨ᠂ ᠪᠥᠭᠦ ᠰᠡᠳᠭᠢᠯ ᠎ ᠢᠶᠠᠨ ︽ ᠠᠷᠪᠠ ᠶᠢ ᠪᠥᠷᠭᠦᠭᠦᠯᠭᠦ︾ ᠢᠨᠵᠧᠨᠧᠷᠢᠩ ᠤᠨ ᠪᠥᠳᠤᠭᠡᠨ ᠪᠠᠶᠢᠭᠤᠯᠤᠯᠳᠠ ᠳᠤ ᠲᠥᠪᠯᠡᠷᠡᠭᠦᠯᠳ  ᠂ ᠲᠦᠰᠦᠪ ᠵᠤᠬᠢᠶᠠᠵᠤ᠂  ᠲᠥᠯᠤᠪᠯᠡᠭᠡ ᠲᠤᠬᠳᠠᠭᠠᠵᠤ᠂  ᠲᠤᠭᠳᠠᠯᠴᠠᠭ᠎ᠠ ᠪᠠᠶᠢᠭᠤᠯᠵᠤ᠂ ᠬᠠᠷᠢᠭᠤᠴᠠᠯᠭ᠎ᠠ ᠬᠤᠪᠢᠶᠠᠵᠦ᠂ ︽ ᠤᠯᠠᠭᠠᠢ  ᠬᠠᠮᠢᠶᠠᠷᠤᠯᠳᠠ ᠶᠢᠨ  ᠣᠷᠣᠨ ᠤ 2016 ᠤᠨ ᠤ ᠠᠷᠪᠠ ᠶᠢ ᠪᠥᠷᠭᠦᠭᠦᠯᠭᠦ ᠢᠨᠵᠧᠨᠧᠷᠢᠩ ᠤᠨ ᠲᠥᠰᠤᠯ ᠤᠨ ᠪᠠᠬᠢᠯᠠᠯᠳᠠ ᠶᠢᠨ  ᠲᠥᠯᠬᠢᠨ ᠠᠬᠢᠭᠤᠯᠬᠤ  ᠫᠷᠦᠭᠷᠡᠮ︾᠎ ᠶᠢ ᠨᠡᠶᠢᠳᠡᠯᠡᠵᠤ᠂  ᠤᠯᠠᠮ ᠨᠢᠭᠡ ᠠᠯᠬᠤᠮ ᠢᠨᠵᠧᠨ᠋ᠷᠡᠭ  ᠎ ᠤᠨ ᠪᠥᠷᠬᠦᠭᠦᠯᠭᠦ ᠪᠠᠷᠢᠮᠵᠢᠶ᠎ᠠ ᠪᠠ ᠰᠠᠯᠪᠤᠷᠢ ᠶᠢᠨ ᠡᠭᠦᠷᠭᠡ ᠬᠠᠷᠢᠭᠤᠴᠠᠯᠭ᠎ᠠ ᠶᠢ ᠲᠤᠳᠤᠷᠬᠠᠶᠢᠯᠠᠵᠤ᠂ ︽ ᠠᠷᠪᠠ ᠶᠢ ᠪᠥᠷᠭᠦᠭᠦᠯᠭᠦ︾  ᠡᠭᠦᠷᠭᠡ ᠶᠢ  ᠴᠠᠭ ᠲᠣᠬᠠᠢ ᠳᠤᠨᠢ ᠪᠡᠶᠡᠯᠡᠬᠦᠯᠬᠦ ᠳᠤ ᠪᠠᠳᠤ ᠪᠡᠭᠡ ᠰᠠᠭᠤᠷᠢ ᠶᠢ ᠲᠠᠯᠪᠢᠵᠠᠢ        ᠨᠢᠭᠡ᠂ ᠬᠠᠷᠢᠭᠤᠴᠠᠯᠭ᠎ᠠ ᠶᠢᠨ ᠲᠠᠯ᠎ᠠ ᠪᠠᠷ ᠠᠷᠭ᠎ᠠ ᠬᠡᠮᠵᠢᠶ᠎ᠠ ᠶᠢ ᠴᠢᠩᠭᠠᠳᠭᠠᠨ᠎ᠠ᠃  ᠬᠠᠷᠢᠭᠤᠴᠠᠯᠭ᠎ᠠ ᠶᠢ ᠴᠢᠩᠭᠠᠳᠬᠠᠬᠤ ᠠᠴᠠ ᠭᠠᠷᠳᠠᠵᠤ᠂ ︽ ᠠᠷᠪᠠ ᠶᠢ ᠪᠥᠷᠭᠦᠭᠦᠯᠭᠦ︾ ᠢᠨᠵᠧᠨᠧᠷᠢᠩ ᠢ ᠰᠠᠯᠪᠤᠷᠢ ᠶᠢᠨ ᠤᠳᠤᠷᠢᠳᠤᠯᠭ᠎ᠠ ᠎ ᠶᠢᠨ ᠪᠠᠭ ᠪᠠ ᠤᠳᠤᠷᠢᠳᠤᠯᠭ᠎ᠠ ᠺᠠᠳ᠋ᠷᠴᠤᠳ ᠤᠨ ᠶᠡᠷᠤᠩᠬᠡᠶᠢᠯᠡᠭᠰᠠᠨ  ᠰᠢᠯᠭᠠᠨ ᠪᠠᠶᠢᠴᠠᠭᠠᠬᠤ ᠴᠢᠬᠤᠯᠠ ᠠᠭᠤᠯᠭ᠎ᠠ ᠳᠤ  ᠪᠠᠭᠳᠠᠭᠠᠨ᠎ᠠ᠃  ᠡᠭᠦᠷᠭᠡ ᠶᠢ ᠰᠠᠯᠪᠤᠷᠢ  ᠎ ᠳᠤ ᠰᠠᠯᠭᠠᠵᠤ  ᠭᠥᠮᠤᠨ ᠳᠤ ᠨᠠᠶᠢᠳᠠᠪᠣᠷᠢᠵᠢᠭᠤᠯᠣᠨ᠎ᠠ᠃ ᠰᠢᠯᠭᠠᠨ ᠪᠠᠶᠢᠴᠠᠭᠠᠬᠤ  ᠠᠷᠭ᠎ᠠ ᠶᠢ ᠨᠠᠷᠢᠪᠴᠢᠯᠠᠨ᠂ ᠢᠨᠵᠧᠨᠧᠷᠢᠩ ᠤᠨ ᠪᠥᠳᠤᠭᠡᠨ ᠪᠠᠶᠢᠭᠤᠯᠤᠯᠳᠠ ᠶᠢᠨ ᠭᠢᠨᠠᠨ ᠪᠠᠶᠢᠴᠠᠭᠠᠯᠳᠠ  ᠪᠠ ᠡᠭᠦᠷᠭᠡ  ᠎ ᠶᠢ ᠪᠠᠶᠡᠯᠡᠬᠦᠯᠦᠭᠰᠡᠨ ᠪᠠᠶᠢᠳᠠᠯ ᠢ ᠤᠷᠭᠠᠨᠢᠭ ᠪᠠᠷ ᠤᠶᠠᠯᠳᠤᠭᠤᠯᠤᠨ᠎ᠠ᠃  ᠬᠤᠪᠢ ᠤᠯᠭᠤᠬᠤ ᠲᠤᠬᠳᠡᠯᠴᠠᠭ᠎ᠠ ᠶᠢ ᠲᠤᠭᠳᠠᠭᠠᠵᠤ  ᠂ ᠲᠠᠯᠠᠪᠠᠢ ᠪᠠᠯᠭᠠᠰᠤ᠂ ᠰᠠᠯᠪᠤᠷᠢ ᠶᠢᠨ ᠺᠠᠳ᠋ᠷᠴᠤᠳ ᠤᠨ ᠠᠵᠢᠯ ᠤᠨ ᠢᠳᠡᠪᠬᠢᠵᠢᠯ ᠪᠠ ᠬᠠᠯᠠᠭᠤᠨ ᠰᠠᠳᠭᠢᠯᠭᠡ ᠶᠢ ᠨᠢ ᠤᠷᠮᠠᠰᠢᠭᠤᠯᠵᠤ᠂  ᠡᠯ᠎ᠠ ᠪᠥᠷᠭᠦᠭᠦᠯᠭᠦ ᠠᠵᠢᠯ ᠢ ᠬᠥᠴᠤᠳᠠᠢ  ᠱᠠᠭᠠᠷᠳᠠᠵᠤ  ᠪᠤᠳᠡᠳᠠᠢ ᠳᠤ ᠬᠡᠷᠡᠭᠵᠢᠭᠦᠯᠤᠨ᠎ᠠ᠃       ᠬᠤᠶᠠᠷ᠂  ᠥᠳᠭᠡᠨ ᠭᠡᠳᠡᠭ ᠦᠬᠡ ᠶᠢᠨ ᠤᠬᠠᠭᠤᠯᠭ᠎ᠠ ᠶᠢ ᠴᠢᠩᠭᠠᠳᠭᠠᠨ᠎ᠠ᠃  ︽ ᠪᠠᠶᠢᠭᠤᠯᠭ᠎ᠠ ᠳᠤ ᠣᠬᠤᠷ ᠮᠡᠳᠡᠭᠡ  ᠎ ᠲᠠᠢ᠂  ᠵᠡᠭᠡᠯᠢ ᠳᠤ  ᠵᠠᠷ ᠮᠠᠳᠡᠭᠡ ᠲᠠᠢ᠂   ᠲᠧᠯᠸᠢᠰ ᠲᠤ ᠲᠥᠷᠭᠦ ᠵᠢᠷᠤᠭ ᠲᠠᠢ᠂  ᠰᠤᠨᠢᠨ ᠳᠤ ᠵᠤᠬᠢᠶᠠᠯ ᠲᠠᠢ︾  ᠤᠬᠠᠭᠤᠯᠬᠤ ᠱᠠᠭᠠᠷᠳᠠᠯᠭ᠎ᠠ ᠪᠠᠷ᠂ ᠲᠧᠯᠸᠢᠰ ᠬᠤᠷᠢᠶ᠎ᠠ᠂ ᠷᠢᠳᠢᠤ᠋ ᠨᠡᠪᠳᠡᠷᠡᠭᠦᠯᠭᠡ ᠶᠢᠨ ᠬᠤᠷᠢᠶ᠎ᠠ᠂ ᠰᠤᠨᠢᠨ ᠮᠡᠳᠡᠭᠡ᠂ ᠰᠥᠯᠵᠢᠶᠠᠨ ᠥᠷᠳᠡᠭᠡ᠂  ᠵᠢᠷᠭᠢᠶ᠎ᠠ ᠵᠡᠷᠭᠡ ᠵᠠᠭᠤᠴᠢ ᠶᠢ ᠠᠰᠢᠭᠯᠠᠵᠦ᠂ ᠶᠡᠭᠡ ᠭᠥᠴᠤᠨ ᠢᠶᠠᠷ  ︽ ᠠᠷᠪᠠ ᠶᠢ ᠪᠥᠷᠭᠦᠭᠦᠯᠭᠦ︾  ᠎ ᠶᠢ ᠤᠬᠠᠭᠤᠯᠤᠨ᠎ᠠ᠃ ᠠᠵᠢᠯ ᠦᠷᠨᠢᠬᠦᠯᠵᠦ ᠲᠤᠪᠤᠶᠢᠮ᠎ᠠ ᠥᠷ᠎ᠠ ᠪᠥᠳᠤᠮᠵᠢ ᠭᠠᠷᠭᠠᠬᠰᠠᠨ ᠪᠠᠶᠢᠭᠤᠯᠤᠯᠭ᠎ᠠ ᠪᠠ ᠬᠤᠪᠢ ᠭᠥᠮᠤᠨ ᠶᠢ ᠮᠥᠷᠳᠡᠨ ᠮᠡᠳᠡᠭᠡᠯᠡᠵᠤ᠂ ᠠᠵᠢᠯ ᠤᠨ ᠥᠷ᠎ᠠ ᠪᠥᠳᠤᠮᠵᠢ᠂ ᠠᠮᠵᠢᠯᠳᠠ ᠪᠠ ᠤᠨᠴᠠᠯᠢᠭ ᠲᠠᠢ ᠵᠥᠢᠯ ᠢ ᠢᠯᠡᠷᠡᠬᠦᠯᠦᠨ᠎ᠡ᠃ ᠤᠷᠴᠢᠨ ᠲᠤᠭᠤᠷᠢᠨ ᠤ ᠠᠷᠢᠭᠤᠨ ᠴᠡᠪᠠᠷ᠂ ᠪᠣᠵᠠᠷ᠂ ᠡᠮᠬᠢ ᠦᠭᠡᠢ᠂ ᠮᠠᠭᠤ ᠵᠡᠷᠭᠡ ᠪᠤᠯᠬᠢ ᠲᠤᠤᠷᠠᠳᠤ ᠵᠠᠩᠰᠢᠯ ᠢ ᠢᠯᠡᠷᠡᠬᠦᠯᠵᠦ᠂ ᠨᠡᠶᠢᠭᠡᠮ ᠤᠨ ᠤᠷᠴᠢᠨ ᠲᠤᠭᠤᠷᠢᠨ ᠪᠠ ᠶᠠᠷᠢᠶ᠎ᠠ ᠬᠡᠯᠡᠯᠴᠡᠭᠡ ᠶᠢᠨ ᠤᠷᠴᠢᠨ ᠲᠤᠭᠤᠷᠢᠨ  ᠎ ᠢ  ᠴᠢᠷᠮᠠᠶᠢᠨ  ᠪᠤᠢ ᠪᠤᠯᠭᠠᠵᠤ᠂ ᠥᠷᠭᠡᠨ ᠤᠯᠠᠨ ᠺᠠᠳ᠋ᠷᠴᠤᠳ  ᠪᠠ ᠠᠷᠠᠳ ᠲᠥᠮᠡᠨ ᠢ ᠠᠮᠢᠳᠤᠷᠠᠯ ᠳᠤ ᠬᠠᠶᠢᠷᠡᠳᠠᠢ᠂ ᠴᠤ᠋ ᠰᠢᠨ᠎ᠠ ᠮᠠᠯᠵᠢᠬᠤ ᠤᠷᠤᠨ ᠢ ᠪᠠᠶᠢᠭᠤᠯᠬᠤ ᠬᠠᠯᠠᠭᠤᠨ ᠰᠡᠳᠬᠢᠯᠭᠡ ᠪᠠ ᠢᠳᠡᠪᠬᠢᠵᠢᠯ ᠢ ᠣᠷᠠᠮᠰᠢᠭᠤᠯᠣᠨ᠂ ᠭᠤᠶᠣ ᠰᠠᠶᠢᠬᠠᠨ ᠠᠵᠢᠯᠯᠠᠬᠤ ᠠᠭᠤᠷ ᠠᠮᠢᠰᠬᠤᠯ ᠢ ᠪᠣᠢ ᠪᠣᠯᠭᠠᠨ᠎ᠠ᠃        ᠭᠤᠷᠪᠠ᠂ ᠬᠤᠷᠳᠤᠨ ᠭᠡᠰᠠᠨ ᠦᠬᠡ ᠶᠢᠨ ᠲᠣᠭᠤᠷᠢᠨ ᠳᠤ ᠬᠦᠴᠦ ᠲᠠᠯᠪᠢᠨ᠎ᠠ᠃ ᠡᠪᠤᠯ ᠬᠠᠪᠤᠷ ᠤᠨ  ᠰᠡᠯᠡᠭᠦᠤ ᠴᠠᠭ ᠢ ᠠᠰᠢᠬᠯᠠᠵᠤ᠂ ︽ᠨᠢᠭᠡ ᠠᠶᠢᠯ ᠨᠢᠭᠡ  ᠲᠥᠯᠤᠪᠯᠡᠭᠡ᠂ ᠨᠢᠭᠡ ᠡᠷᠤᠭᠡ ᠨᠢᠭᠡ ᠵᠢᠷᠤᠭ︾᠎ ᠢ ᠲᠣᠭᠳᠠᠭᠠᠨ ᠲᠡᠬᠦᠯᠳᠡᠷᠵᠢᠬᠦᠯᠵᠦ  ᠂ ᠵᠢᠷᠤᠭ ᠢ ᠥᠨᠳᠤᠰᠤᠯᠠᠨ ᠢᠨᠵᠧᠨᠧᠷᠢᠩ ᠢ ᠪᠥᠳᠤᠭᠡᠨ  ᠪᠠᠶᠢᠭᠤᠯᠵᠤ᠂ ᠵᠢᠷᠤᠭ ᠎ ᠲᠠᠢ ᠪᠠᠷᠢᠮᠵᠢᠶ᠎ᠠ ᠲᠠᠢ  ᠂ ᠴᠢᠩᠯᠡᠯ ᠲᠠᠢ ᠲᠥᠯᠤᠪᠯᠡᠭᠡ ᠲᠠᠢ ᠪᠤᠯᠭᠠᠨ᠎ᠠ᠃ ︽ ᠠᠷᠪᠠ ᠶᠢ ᠪᠥᠷᠭᠦᠭᠦᠯᠭᠦ︾  ᠪᠠ ᠺᠠᠳ᠋ᠷᠴᠤᠳ ᠥᠨᠳᠤᠰᠤᠨ ᠱᠠᠳᠤᠨ  ᠎ ᠳᠤ ᠪᠠᠭᠤᠬᠤ ᠠᠵᠢᠯ ᠢ ᠨᠢᠬᠳᠠ ᠤᠶᠠᠯᠳᠤᠭᠤᠯᠵᠤ᠂ 21 ᠲᠤᠰᠬᠠᠢ ᠲᠥᠷᠤᠯ ᠎ ᠤᠨ ᠠᠵᠢᠯ ᠤᠨ ᠲᠤᠭᠤᠶᠢᠯᠠᠩ ᠪᠠᠶᠢᠭᠤᠯᠵᠤ᠂ ᠨᠢᠭᠡ ᠲᠤᠭᠤᠶᠢᠯᠠᠩ ᠨᠢᠭᠡ ᠭᠠᠴᠠᠭ᠎ᠠ  ︵ ᠰᠠᠯᠪᠤᠷᠢ  ᠲᠠᠯᠠᠪᠠᠢ︶᠎ ᠶᠢ ᠲᠠᠭᠠᠭᠠᠨ᠂  ᠤᠷᠢᠳᠴᠢᠯᠠᠨ ᠬᠠᠭᠤᠴᠢᠨ ᠭᠡᠷ  ᠎ ᠢ ᠨᠤᠷᠠᠭᠠᠵᠤ᠂  ᠠᠵᠢᠯ ᠤᠨ ᠮᠠᠲ᠋ᠧᠷᠢᠶᠠᠯ ᠪᠡᠯᠡᠳᠭᠡᠵᠤ᠂ ᠭᠡᠷ᠎ᠠ ᠬᠡᠯᠡᠯᠴᠡᠭᠡᠷ ᠪᠠᠶᠢᠭᠤᠯᠬᠤ᠂ ᠲᠥᠰᠤᠯ ᠤᠨ ᠪᠡᠯᠨ ᠮᠥᠡᠭᠭᠦ ᠶᠢ ᠲᠡᠮᠡᠴᠡᠨ ᠤᠯᠬᠤ ᠵᠡᠷᠭᠡ ᠡᠬᠢᠨ ᠤ ᠠᠵᠢᠯ ᠶᠢ ᠦᠷᠨᠢᠬᠦᠯᠵᠦ᠂ ᠠᠯᠬᠤᠮ ᠲᠠᠷᠠᠭ᠎ᠠ ᠲᠠᠢ ᠪᠠᠷ ᠲᠥᠰᠤᠯ ᠭᠡᠷᠡᠯᠡᠬᠦ ᠳᠤ ᠤᠷᠢᠬᠤ᠂ ᠲᠧᠨ᠋ᠳᠧᠷ ᠳᠤ ᠤᠷᠤᠯᠴᠠᠬᠤ᠂  ᠪᠠᠷᠢᠯᠭ᠎ᠠ ᠪᠠᠷᠢᠬᠤ ᠵᠢᠷᠤᠭ ᠢ ᠲᠦᠰᠦᠪᠯᠡᠵᠦ᠂ ᠪᠠᠷᠢᠯᠭ᠎ᠠ ᠶᠢᠨ ᠠᠵᠢᠯᠳᠠᠨ ᠢ ᠵᠣᠬᠢᠶᠠᠨ ᠪᠠᠶᠢᠭᠤᠯᠬᠤ ᠵᠡᠷᠭᠡ ᠠᠵᠢᠯ ᠢ ᠲᠣᠱᠯᠠᠭᠤᠯᠵᠦ᠂  ᠢᠨᠵᠧᠨᠧᠷᠢᠩ  ᠎ ᠤᠨ ᠠᠵᠢᠯ  ᠤᠷᠤᠬᠰᠢᠳᠠᠢ ᠡᠬᠢᠯᠡᠭᠦ ᠳᠤ  ᠪᠠᠳᠤ ᠪᠠᠬᠢ ᠰᠠᠭᠤᠷᠢ ᠶᠢ ᠲᠠᠯᠪᠢᠵᠤ ᠥᠡᠭᠭᠦᠨ᠎ᠠ᠃     ᠲᠥᠷᠪᠠ  ᠂  ᠵᠣᠭᠤᠰᠣᠨ ᠳᠤ ᠠᠷᠭ᠎ᠠ ᠵᠠᠮ ᠨᠡᠬᠡᠬᠡᠨ᠎ᠡ᠃ ᠲᠡᠭᠡᠷ᠎ᠠ ᠱᠠᠳᠤᠨ ᠤ ᠲᠥᠰᠤᠯ ᠤᠨ ᠮᠥᠡᠭᠭᠦ ᠶᠢ ᠢᠳᠡᠪᠬᠢᠳᠠᠢ ᠲᠠᠮᠠᠴᠡᠨ ᠤᠯᠬᠤ ᠶᠢᠨ ᠰᠠᠭᠤᠷᠢᠨ ᠲᠡᠭᠡᠷ᠎ᠠ᠂ ᠡᠳ᠋ ᠤᠨ  ᠵᠠᠰᠠᠭ ᠤᠨ ᠮᠥᠡᠭᠭᠦ ᠢᠶᠠᠷ ᠨᠥᠬᠦᠪᠤᠷᠢ ᠪᠣᠯᠭᠠᠵᠦ᠂ ᠠᠷᠠᠳ ᠢ ᠲᠠᠶᠢᠴᠢᠯᠠᠨ ᠴᠤᠬᠯᠠᠭᠤᠯᠵᠤ᠂ ᠬᠤᠪᠢᠳᠠᠵᠤ ᠬᠤᠯᠪᠤᠭᠠᠯᠠᠬᠤ ᠰᠠᠯᠪᠤᠷᠢ ᠠᠴᠠ ᠲᠤᠰᠠᠯᠠᠬᠤ᠂ ᠪᠠᠷᠢᠯᠭ᠎ᠠ ᠪᠠᠷᠢᠬᠤ ᠠᠵᠤ ᠠᠬᠤᠶᠢᠯᠠᠯ ᠤᠷᠢᠳᠴᠢᠯᠠᠨ ᠲᠥᠯᠤᠬᠦ᠂ ᠲᠠᠷᠢᠶᠠᠯᠠᠩ ᠮᠠᠯᠵᠢᠯ ᠤᠨ ᠠᠵᠤ ᠠᠬᠤᠶᠢᠯᠠᠯ ᠬᠠᠪᠰᠤᠷᠬᠤ ᠵᠡᠷᠭᠡ ᠬᠡᠯᠪᠠᠷᠢ ᠪᠠᠷ᠂ ᠠᠷᠭ᠎ᠠ ᠵᠠᠮ ᠡᠭᠡᠳᠡᠷᠡᠭᠦ ᠦᠭᠡᠢ᠂ ᠵᠠᠷᠤᠳᠠᠯ ᠬᠤᠪᠢᠷᠠᠬᠤ ᠦᠭᠡᠢ᠂ ᠲᠠᠪᠠᠭᠤᠯᠢᠭ ᠵᠥᠢᠯ ᠢᠶᠠᠨ ᠬᠠᠷᠢᠯᠴᠠᠨ ᠨᠥᠬᠦᠪᠤᠷᠢᠯᠠᠬᠦ᠂ ᠬᠤᠪᠢ ᠬᠤᠪᠢᠨ ᠳᠤᠨᠢ ᠭᠠᠪᠢᠶ᠎ᠠ ᠲᠡᠮᠳᠡᠭᠯᠡᠵᠦ᠂ ᠬᠥᠴᠤᠨ ᠢᠶᠠᠨ ᠬᠠᠮᠳᠣᠳᠬᠠᠬᠤ ᠵᠠᠷᠴᠢᠮ ᠢ ᠪᠦᠷᠢᠯᠳᠦᠬᠦᠯᠵᠦ᠂  ᠲᠠᠷᠢᠶᠠᠯᠠᠩ ᠮᠠᠯᠵᠢᠯ ᠲᠠᠢ ᠬᠠᠮᠢᠶᠠᠳᠠᠢ ᠮᠥᠡᠭᠭᠦ ᠶᠢ ︽ ᠠᠷᠪᠠ ᠶᠢ ᠪᠥᠷᠭᠦᠭᠦᠯᠭᠦ︾  ᠢᠨᠵᠧᠨᠧᠷᠢᠩ ᠤᠨ ᠮᠥᠡᠭᠭᠦ ᠲᠠᠢ ᠨᠢᠬᠡᠳᠬᠡᠵᠦ᠂ ᠨᠢᠭᠡ ᠶᠢ ᠪᠠᠷᠢᠪᠠᠯ ᠨᠢᠭᠡ ᠶᠢ ᠪᠦᠳᠦᠬᠡᠨ᠎ᠡ᠃ ᠨᠡᠶᠢᠭᠡᠮ ᠲᠡᠭᠡᠷᠡᠬᠡᠢ ᠪᠡᠯᠡ ᠮᠦᠩᠬᠦᠨ ᠤ ᠤᠷᠤᠭᠤᠯᠤᠯᠳᠠ ᠶᠢ ᠣᠳᠣᠷᠢᠳᠬᠤ ᠶᠢ ᠴᠢᠬᠤᠯᠴᠢᠯᠠᠵᠤ᠂ ᠤᠯᠠᠨ ᠲᠥᠮᠡᠨ ᠶᠢ ᠲᠠᠶᠢᠴᠢᠯᠠᠵᠤ ᠬᠥᠴᠤ ᠭᠥᠳᠡᠯᠮᠤᠷᠢ ᠤᠷᠤᠭᠤᠯᠵᠤ᠂ ᠤᠯᠠᠨ  ᠠᠵᠢᠯᠯᠠᠭ᠎ᠠ ᠶᠢ ᠬᠠᠮᠳᠤ  ᠎ ᠳᠤ ᠨᠢ ᠶᠠᠪᠤᠭᠤᠯᠵᠤ᠂ ᠪᠠᠯᠨ  ᠮᠥᠡᠭᠭᠦ ᠬᠥᠷᠤᠯᠴᠡᠭᠦ ᠦᠭᠡᠢ ᠠᠰᠠᠭᠤᠳᠠᠯ ᠢ ᠰᠢᠢᠳᠪᠤᠷᠢᠯᠠᠨ᠎ᠠ᠃ ᠲᠥᠰᠤᠯ ᠤᠨ ᠮᠥᠡᠭᠭᠦ ᠶᠢ ᠴᠢᠩᠭ᠎ᠠ ᠬᠠᠮᠢᠶᠠᠷᠬᠤ ᠠᠰᠠᠭᠤᠳᠠᠯ ᠲᠡᠭᠡᠷ᠎ᠠ  ᠂ ᠲᠥᠪ ᠭᠤᠤᠯᠴᠢ᠂ ᠢᠯᠡ᠂ ᠭᠤᠶᠡᠴᠢ ᠦᠭᠡᠢ᠂ ᠢᠯᠡ ᠲᠤᠳᠤ ᠲᠥᠷᠢᠮ ᠢ ᠪᠠᠷᠢᠮᠳᠠᠯᠠᠵᠦ᠂ ᠲᠤᠰᠬᠠᠢ ᠬᠥᠮᠤᠨ ᠢᠶᠠᠷ ᠬᠥᠷᠤᠩᠭᠡ ᠮᠥᠡᠭᠭᠦ ᠶᠢ ᠬᠠᠮᠢᠶᠠᠷᠠᠭᠤᠯᠵᠦ᠂ ᠲᠤᠰᠬᠠᠢ ᠲᠠᠩᠰᠠ ᠪᠠᠶᠢᠭᠤᠯᠵᠦ᠂ ᠪᠢᠳᠡᠬᠦᠮᠵᠢᠯᠡᠨ ᠠᠵᠢᠯᠯᠠᠵᠦ᠂ ᠬᠡᠷᠡᠭᠯᠡᠭᠦ ᠪᠠ ᠬᠢᠨᠠᠨ ᠪᠣᠳᠣᠯᠳᠠ ᠶᠢᠨ ᠬᠢᠨᠠᠯᠳᠠ ᠲᠠᠯᠪᠢᠬᠤ ᠶᠢ ᠵᠡᠷᠭᠡ ᠳᠤ ᠶᠠᠪᠣᠭᠤᠯᠵᠦ᠂ ᠬᠥᠷᠤᠩᠭᠡ ᠮᠥᠡᠭᠭᠦ ᠶᠢᠨ ᠬᠡᠷᠡᠭᠯᠡᠭᠡ ᠶᠢᠨ ᠠᠮᠤᠷ ᠲᠥᠪᠰᠢᠨ ᠢ ᠪᠠᠳᠤᠯᠠᠨ᠎ᠠ᠃      ᠲᠠᠪᠤ᠂  ᠴᠢᠨᠠᠷ ᠢ ᠴᠢᠩᠳᠠ ᠬᠢᠨᠠᠨ᠎ᠠ᠃ ᠴᠠᠭ ᠢᠮᠠᠭᠳᠠ ᠬᠡᠯᠡᠬᠦ᠂ ᠪᠦᠬᠦ ᠶᠠᠪᠣᠴᠠ ᠶᠢ ᠪᠠᠶᠢᠴᠠᠭᠠᠬᠤ᠂ ᠬᠦᠮᠦᠨ ᠪᠦᠬᠦᠨ ᠦᠵᠡᠬᠦ ᠮᠡᠳᠣ ᠶᠢᠨ ᠴᠢᠨᠡᠷ ᠢ ᠪᠠᠳᠣᠯᠠᠬᠤ ᠠᠵᠢᠯ ᠤᠨ ᠱᠠᠭᠠᠷᠳᠠᠯᠭ᠎ᠠ ᠪᠠᠷ᠂ ᠡᠯ᠎ᠡ ᠰᠠᠯᠠᠭ᠎ᠠ ᠮᠦᠴᠢᠷ᠂ ᠲᠠᠯᠠᠪᠠᠢ ᠪᠠᠯᠭᠠᠰᠣ᠂ ᠢᠨᠵᠧᠨᠧᠷᠢᠩ ᠤᠨ ᠴᠢᠨᠠᠷ ᠢ ᠬᠢᠨᠠᠨ ᠪᠠᠶᠢᠴᠠᠭᠠᠬᠤ ᠪᠠᠭ᠎ᠠ ᠲᠣᠭᠤᠶᠢᠯᠠᠩ ᠪᠠᠶᠢᠭᠤᠯᠵᠦ᠂ ᠴᠢᠨᠠᠷ ᠢ ᠬᠢᠨᠠᠨ ᠪᠠᠶᠢᠴᠠᠭᠠᠬᠤ ᠬᠦᠮᠦᠨ ᠪᠣᠯᠣᠨ ᠬᠢᠨᠠᠨ ᠪᠠᠶᠢᠴᠠᠭᠠᠬᠤ ᠡᠬᠦᠷᠭᠡ ᠶᠢ ᠲᠣᠳᠣᠳᠬᠠᠵᠦ᠂ ᠣᠷᠢᠳᠴᠢᠯᠠᠨ ᠮᠠᠲ᠋ᠧᠷᠢᠶᠠᠯ ᠎ ᠤᠨ ᠨᠡᠷᠡᠳᠣ ᠲᠡᠮᠳᠡᠭ᠂ ᠵᠡᠷᠭᠡ ᠲᠡᠰ᠂ ᠪᠠᠷᠢᠮᠵᠢᠶ᠎ᠠ᠂ ᠬᠡᠷᠡᠭᠭᠯᠡᠬᠡᠨ ᠤ ᠬᠡᠮᠵᠢᠶ᠎ᠡ᠂ ᠮᠠᠲ᠋ᠧᠷᠢᠶᠠᠯ ᠢ ᠵᠣᠬᠢᠴᠠᠭᠤᠯᠬᠤ ᠬᠠᠷᠢᠴᠠᠯ ᠵᠡᠷᠭᠡ ᠢ ᠣᠷᠢᠳᠴᠢᠯᠠᠨ ᠲᠣᠳᠣᠳᠬᠠᠬᠤ ᠶᠢᠨ ᠬᠠᠮᠳᠣ ᠬᠢᠨᠠᠨ ᠬᠠᠮᠢᠶᠠᠷᠬᠤ ᠬᠦᠮᠦᠰ ᠢ ᠣᠷᠢᠵᠦ ᠬᠡᠷᠡᠭᠯᠡᠬᠦ᠂ ᠴᠢᠨᠠᠷ ᠤᠨ ᠪᠠᠶᠢᠴᠠᠭᠠᠯᠳᠠ ᠶᠢᠨ ᠰᠠᠯᠠᠭ᠎ᠠ ᠮᠦᠴᠢᠷ ᠶᠢᠨ ᠬᠢᠨᠠᠯᠳᠠ᠂ ᠲᠠᠷᠢᠶᠠᠴᠢᠨ ᠮᠠᠯᠴᠢᠨ ᠤ ᠬᠢᠨᠠᠯᠳᠠ ᠵᠡᠷᠭᠡ ᠬᠢᠨᠠᠯᠳᠠ ᠲᠠᠯᠪᠢᠬᠤ ᠬᠡᠯᠪᠡᠷᠢ ᠮᠠᠶ᠋ᠢᠭ ᠢ ᠬᠠᠪᠰᠣᠷᠭᠠᠨ᠂ ᠢᠨᠵᠧᠨᠧᠷᠢᠩ ᠢ ᠪᠦᠳᠦᠬᠡᠨ ᠪᠠᠶᠢᠭᠤᠯᠬᠤ ᠴᠢᠨᠠᠷ ᠤᠨ ᠬᠢᠨᠠᠯᠳᠠ ᠶᠢ ᠴᠢᠩᠭᠠᠳᠬᠠᠵᠦ᠂ ᠢᠨᠵᠧᠨᠧᠷᠢᠩ ᠤᠨ ᠪᠦᠳᠦᠬᠡᠨ ᠪᠠᠶᠢᠭᠤᠯᠣᠯᠳᠠ ᠶᠢᠨ ᠴᠢᠨᠠᠷ ᠢ ᠪᠠᠳᠣᠯᠠᠨ᠎ᠠ᠃      ᠵᠢᠷᠭᠤᠭ᠎ᠠ᠂ ︽ᠲᠦᠷᠢᠮ ᠲᠣᠭᠳᠠᠭᠠᠯ︾᠎ ᠢ ᠲᠣᠱᠯᠠᠭᠤᠯᠬᠤ ᠶᠢ ᠠᠳᠬᠤᠨ᠎ᠠ᠃ ᠰᠡᠬᠦᠯᠴᠢ ᠶᠢᠨ ᠦᠶ᠎ᠡ ᠶᠢᠨ ᠬᠠᠮᠢᠶᠠᠷᠣᠯᠳᠠ ᠬᠠᠮᠠᠭᠠᠯᠠᠯᠳᠠ ᠶᠢᠨ ᠢᠨᠵᠧᠨ᠋ᠷᠢᠩ ᠢ ᠵᠣᠬᠢᠰᠳᠡᠢ ᠲᠣᠭᠳᠠᠭᠠᠵᠦ᠂ ᠵᠠᠰᠠᠭ ᠤᠨ ᠣᠷᠳᠣᠨ ᠠᠴᠠ ᠬᠠᠪᠰᠣᠷᠬᠤ᠂ ᠮᠠᠯᠴᠢᠨ ᠲᠠᠷᠢᠶᠠᠴᠢᠨ ᠠᠴᠠ ᠴᠣᠭᠯᠠᠭᠤᠯᠬᠤ᠂ ᠨᠡᠶᠢᠳᠡ ᠠᠴᠠ ᠭᠠᠷᠭᠠᠬᠤ᠂ ᠠᠵᠦ ᠠᠬᠤᠶᠢᠯᠠᠯ ᠠᠴᠠ ᠬᠠᠨᠳᠢᠪᠯᠠᠬᠤ ᠵᠡᠷᠭᠡ ᠠᠷᠭ᠎ᠠ ᠵᠠᠮ ᠢᠶᠠᠷ ᠢᠨᠵᠧᠨ᠋ᠷᠢᠩ ᠤᠨ ᠬᠠᠮᠢᠶᠠᠷᠣᠯᠳᠠ ᠬᠠᠮᠠᠭᠠᠯᠠᠯᠳᠠ ᠶᠢᠨ ᠣᠷᠣᠭᠤᠯᠣᠯᠳᠠ ᠶᠢᠨ ᠲᠣᠭᠳᠠᠯᠴᠠᠭ᠎ᠠ ᠶᠢ ᠪᠠᠶᠢᠭᠤᠯᠣᠨ᠎ᠠ᠃ ᠲᠣᠰᠬᠤᠨ ᠤ ᠲᠣᠭᠳᠠᠭᠠᠯ ᠠᠷᠠᠳ ᠤᠨ ᠲᠦᠷᠢᠮ ᠪᠣᠯᠣᠨ ᠢᠨᠵᠧᠨ᠋ᠷᠢᠩ ᠤᠨ ᠰᠡᠬᠦᠯᠴᠢ ᠶᠢᠨ ᠬᠤᠭᠤᠴᠠᠭᠠᠨ ᠤ ᠬᠠᠮᠢᠶᠠᠷᠣᠯᠳᠠ ᠬᠠᠮᠠᠭᠠᠯᠠᠯᠳᠠ ᠪᠠᠷ ᠢᠨᠵᠧᠨ᠋ᠷᠢᠩ ᠤᠨ ᠬᠡᠪ ᠤᠨ ᠬᠠᠮᠠᠭᠠᠯᠠᠯᠳᠠ ᠬᠡᠷᠡᠭᠯᠡᠯᠳᠡ ᠶᠢ ᠪᠠᠳᠣᠯᠠᠨ᠎ᠠ᠃ ᠲᠣᠰᠬᠤᠨ ᠤ ᠲᠣᠭᠳᠠᠭᠠᠯ ᠠᠷᠠᠳ ᠤᠨ ᠲᠦᠷᠢᠮ ᠢ ᠣᠬᠠᠭᠤᠯᠬᠤ ᠪᠠ ᠲᠣᠱᠯᠠᠭᠤᠯᠬᠤ ᠬᠦᠴᠦᠯᠡᠴᠡ ᠶᠢ  ᠶᠡᠬᠡᠳᠬᠡᠬᠦ᠂ ᠮᠠᠯᠴᠢᠨ ᠡᠷᠦᠬᠡ ᠲᠠᠢ ᠣᠷᠴᠢᠨ ᠲᠣᠭᠤᠷᠢᠨ ᠤ ᠠᠷᠢᠭᠤᠨ ᠴᠡᠪᠡᠷ ᠢ ᠵᠠᠰᠠᠬᠤ ᠬᠠᠷᠢᠭᠤᠴᠠᠯᠭ᠎ᠠ ᠶᠢᠨ ᠪᠢᠴᠢᠭ ᠪᠠᠶᠢᠭᠤᠯᠬᠤ ᠪᠠᠷ ᠲᠠᠮᠵᠢᠵᠦ᠂ ᠲᠠᠯᠠᠪᠠᠢ ᠪᠠᠯᠭᠠᠰᠣ᠂ ᠭᠠᠴᠠᠭ᠎ᠠ ᠲᠣᠰᠬᠤᠨ ︵ᠬᠤᠪᠢᠶᠠᠷᠢ ᠲᠠᠯᠠᠪᠠᠢ︶ ᠬᠤᠶᠠᠷ ᠲᠡᠰ ᠤᠨ ᠬᠢᠨᠠᠨ ᠬᠠᠮᠢᠶᠠᠷᠣᠯᠳᠠ ᠶᠢᠨ ᠪᠠᠶᠢᠭᠤᠯᠭ᠎ᠠ ᠶᠢ ᠪᠠᠶᠢᠭᠤᠯᠵᠦ᠂ ᠨᠢᠭᠳᠠᠷᠠᠨ ᠰᠠᠭᠤᠭᠰᠠᠨ ᠭᠠᠴᠠᠭ᠎ᠠ ᠲᠣᠰᠬᠤᠨ ᠳᠤ ᠡᠳᠣᠷ ᠲᠣᠳᠣᠮ ᠤᠨ ᠴᠡᠪᠡᠷᠯᠡᠭᠴᠢ ᠲᠣᠬᠢᠷᠠᠭᠤᠯᠣᠨ᠂ ᠡᠬᠦᠳᠡᠨ ᠡᠮᠦᠨᠡᠬᠢ ︽ᠭᠤᠷᠪᠠ ᠶᠢ ᠪᠠᠳᠣᠯᠠᠬᠤ︾ ᠬᠠᠷᠢᠭᠤᠴᠠᠯᠭ᠎ᠠ ᠶᠢᠨ ᠲᠦᠷᠢᠮ ᠢ ᠲᠣᠭᠳᠠᠭᠠᠵᠦ᠂ ᠡᠳ᠋ᠯᠡᠩ ᠤᠨ ᠬᠠᠮᠢᠶᠠᠷᠣᠯᠳᠠ ᠶᠢ ᠲᠣᠬᠢᠷᠠᠭᠤᠯᠬᠤ ᠵᠡᠷᠭᠡ ᠠᠷᠭ᠎ᠠ ᠠᠪᠴᠠᠯ ᠢᠶᠠᠷ ᠣᠷᠳᠣ ᠪᠦᠳᠦᠮᠵᠢ ᠲᠠᠢ ᠬᠠᠮᠢᠶᠠᠷᠣᠯᠳᠠ ᠶᠢᠨ ᠲᠦᠷᠢᠮ ᠢ ᠪᠠᠶᠢᠭᠤᠯᠵᠦ᠂ ᠣᠷᠳᠣ ᠬᠤᠭᠤᠴᠠᠭ᠎ᠠ ᠪᠠᠷ ᠠᠷᠢᠭᠤᠨ ᠴᠡᠪᠡᠷ ᠪᠠᠶᠢᠬᠤ ᠶᠢ ᠪᠠᠳᠣᠯᠠᠨ᠎ᠠ᠃
 
ᠢᠷᠡᠯᠲᠡ᠄ ᠣᠯᠠᠭᠠᠢ ᠶᠢᠨ ᠬᠢᠳᠠᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号