| | | ( ᠬᠡᠤᠭᠡᠳ ᠤᠨ ᠰᠤᠷᠤᠯᠴᠠᠬᠤ ᠳᠤ ᠵᠤᠷᠢᠭᠤᠯᠪᠠ) | ᠁ ᠨᠠᠮᠲᠠᠶᠢᠰᠦ᠋ᠷᠥᠩ | ᠨᠢᠭᠡ᠂ ᠮᠤᠷᠢ ᠶᠢ ᠲᠠᠭᠤᠳᠠᠬᠤ | 1᠂ ᠭᠡᠭᠡᠷ᠎ᠡ ᠬᠤᠯᠠ ᠰᠢᠭ᠋ ᠪᠠᠶᠢᠭ᠎ᠠ ᠮᠤᠷᠢ ᠶᠢ ᠪᠤᠯ ᠨᠡᠷ᠎ᠡ ᠶᠢ ᠨᠢ ᠭᠡᠯᠡᠵᠤ ᠪᠠᠶᠢᠭᠠᠳ︿︿ᠭᠤᠷᠠᠢ᠂ ᠭᠤᠷᠠᠢ﹀﹀ | ᠭᠡᠵᠤ ᠪᠡᠶ᠎ᠡ ᠵᠦᠭ ᠪᠠᠨ ᠳᠠᠭᠤᠳᠠᠳᠠᠭ᠃ | 2᠂ ᠭᠡᠷᠪᠡ ᠪᠡᠶ᠎ᠡ ᠠᠴᠠ ᠪᠠᠨ ᠴᠠᠰᠢ ᠵᠠᠶᠢᠯᠠᠭᠤᠯᠬᠤ ᠭᠡᠪᠡᠯ ︿︿ᠳᠡᠷ﹀﹀ ᠭᠡᠵᠤ ᠭᠦᠭᠡᠭᠡᠵᠤ ᠶᠠᠪᠤᠭᠤᠯᠳᠠᠭ᠃ | 3᠂ ᠤᠨᠤᠵᠤ ᠪᠠᠶᠢᠭ᠎ᠠ ᠮᠤᠷᠢ ᠶᠢ ᠤᠷᠤᠭᠰᠢ ᠶᠠᠪᠤᠭᠤᠯᠬᠤ ᠭᠡᠪᠡᠯ ︿︿ᠴᠦᠭᠦ﹀﹀ ᠭᠡᠵᠤ ᠲᠤᠤᠭᠠᠷᠳᠠᠭ᠃ | ᠵᠤᠭᠰᠤᠭᠠᠶᠠ ᠭᠡᠪᠡᠯ ᠮᠤᠷᠢᠨ ᠵᠢᠯᠤᠭᠤ ᠪᠠᠨ ᠲᠠᠯ᠎ᠠ ᠠᠮᠠᠭᠠᠢ ᠪᠠᠷ ᠨᠢ ᠳᠠᠲᠠᠪᠠᠯ ᠪᠤᠯᠴᠢᠬᠠᠨ᠎ᠠ᠃ | 4᠂ ᠮᠤᠷᠢ ᠶᠢ ᠲᠡᠷᠭᠡᠨ ᠳᠤ ᠭᠦᠯᠦᠭᠦ ᠪᠤᠶᠤ ᠮᠤᠷᠢᠨ ᠲᠡᠷᠭᠡ ᠶᠢ ᠬᠤᠶᠢᠰᠢ ᠤᠬᠤᠷᠢᠭᠤᠯᠬᠤ ᠦᠶ᠎ᠡ ᠳᠤ ︿︿ᠱᠤᠤ | ᠱᠤᠤ﹀﹀ ᠭᠡᠵᠤ ᠲᠤᠤᠭᠠᠷᠳᠠᠭ᠃ | 5᠂ ᠲᠡᠷᠭᠡᠨ ᠳᠤ ᠭᠦᠯᠦᠵᠤ ᠪᠠᠶᠢᠭ᠎ᠠ ᠮᠤᠷᠢ ᠶᠢ ᠤᠷᠤᠭᠰᠢ ᠶᠠᠪᠤᠭᠤᠯᠬᠤ ᠭᠡᠪᠡᠯ ︿︿ᠵᠤᠤ﹀﹀ ᠭᠡᠵᠤ | ᠲᠤᠤᠭᠠᠷᠠᠭᠠᠳ᠂ ᠵᠤᠭᠰᠤᠭᠠᠶᠠ ᠭᠡᠪᠡᠯ ︿︿ᠢᠦᠢ﹀﹀ ᠭᠡᠵᠤ ᠲᠤᠤᠭᠠᠷᠳᠠᠭ᠃ | 6᠂ ᠬᠠᠰᠢᠶᠠᠨ ᠳᠤ ᠬᠤᠷᠢᠬᠤ ᠭᠡᠪᠡᠯ ︿︿ᠤᠷᠤ᠂ ᠤᠷᠤ﹀﹀ ᠭᠡᠵᠤ ᠲᠤᠤᠭᠠᠷᠳᠠᠭ᠃ | ᠬᠤᠶᠠᠷ᠂ ᠲᠡᠮᠡᠭᠡ ᠶᠢ ᠲᠠᠭᠤᠲᠠᠬᠤ | 1᠂ ᠭᠡᠭᠡᠷ᠎ᠡ ᠬᠤᠯᠠ ᠰᠢᠭ᠋ ᠪᠠᠶᠢᠭ᠎ᠠ ᠲᠡᠮᠡᠭᠡ ᠶᠢ ᠪᠤᠯ ᠨᠡᠷ᠎ᠡ ᠶᠢ ᠨᠢ ᠭᠡᠯᠡᠵᠤ ᠪᠠᠶᠢᠭᠠᠳ ︿︿ᠭᠤᠷ᠂ ᠭᠤᠷ﹀﹀ | ᠭᠡᠵᠤ ᠪᠡᠶ᠎ᠡ ᠵᠦᠭ ᠪᠠᠨ ᠳᠠᠭᠤᠳᠠᠳᠠᠭ᠃ | 2᠂ ᠲᠡᠮᠡᠭᠡ ᠶᠢ ᠰᠦᠭᠦᠳᠭᠡᠭᠦ ᠭᠡᠪᠡᠯ ᠨᠤᠭᠳᠤ ᠪᠤᠶᠤ ᠪᠤᠶᠢᠯᠠ ᠶᠢᠨ ᠴᠤᠯᠪᠤᠭᠤᠷ ᠠᠴᠠ ᠨᠢ ᠠᠳᠬᠤᠵᠤ ᠲᠡᠮᠡᠭᠡ | ᠶᠢᠨ ᠢᠶᠠᠨ ᠲᠤᠯᠤᠭᠠᠢ ᠶᠢ ᠪᠠᠭ᠋ᠠᠨ ᠲᠤᠷᠤᠭᠰᠢ ᠳᠠᠷᠤᠭᠠᠳ ︿︿ᠰᠦᠭ᠂ ᠰᠦᠭ﹀﹀ ᠭᠡᠵᠤ ᠲᠤᠤᠭᠠᠷᠳᠠᠭ᠃ ᠲᠡᠮᠡᠭᠡ | ᠪᠠᠨ ᠪᠤᠰᠬᠠᠬᠤ ᠪᠤᠶᠤ ᠤᠨᠤᠭᠠᠳ ᠶᠠᠪᠤᠬᠤ ᠭᠡᠪᠡᠯ ︿︿ᠴᠦᠭᠦ﹀﹀ ᠭᠡᠵᠤ ᠲᠤᠤᠭᠠᠷᠳᠠᠭ᠃ | ᠭᠤᠷᠪᠠ᠂ ᠦᠭᠡᠷ ᠢ ᠳᠠᠭᠤᠳᠠᠬᠤ | 1᠂ ᠬᠤᠯᠠ ᠪᠠᠶᠢᠭ᠎ᠠ ᠦᠭᠡᠷ ᠢ ᠪᠡᠶ᠎ᠡ ᠵᠦᠭ ᠪᠠᠨ ᠢᠷᠡᠭᠦᠯᠭᠦ ᠭᠡᠪᠡᠯ ᠪᠤᠯ ᠨᠡᠷ᠎ᠡ ᠶᠢ ᠨᠢ ᠭᠡᠯᠡᠵᠤ ᠪᠠᠶᠢᠭᠠᠳ ︿︿ | ᠦᠦᠪ᠂ ᠦᠦᠪ﹀﹀ ᠭᠡᠵᠤ ᠳᠠᠭᠤᠳᠠᠳᠠᠭ᠃ | 2᠂ ᠦᠭᠡᠷ ᠢ ᠪᠠᠷᠢᠵᠤ ᠠᠪᠬᠤ ᠭᠡᠪᠡᠯ ︿︿ᠸᠧ﹀﹀᠂ ︿︿ᠢᠦᠢ﹀﹀ ᠭᠡᠵᠤ ᠲᠤᠤᠭᠠᠷᠴᠤ ᠵᠤᠭᠰᠤᠭᠠᠳᠠᠭ᠃ | 3᠂ ᠲᠡᠷᠭᠡᠨ ᠳᠤ ᠭᠦᠯᠦᠭᠦ ᠪᠤᠶᠤ ᠬᠠᠰᠢᠶᠠᠨ ᠳᠤ ᠬᠤᠷᠢᠬᠤ ᠭᠡᠪᠡᠯ ︿︿ᠤᠷᠤ᠂ ᠤᠷᠤ﹀﹀ ᠭᠡᠵᠤ ᠲᠤᠤᠭᠠᠷᠳᠠᠭ᠃ | | 4᠂ ᠦᠭᠡᠷ ᠲᠡᠷᠭᠡ ᠪᠠᠨ ᠶᠠᠪᠤᠭᠤᠯᠬᠤ ᠦᠶ᠎ᠡ ᠳᠤ ᠦᠭᠡᠷ ᠢᠶᠠᠨ ︿︿ᠴᠦᠭᠦ﹀﹀ ᠭᠡᠵᠤ ᠲᠤᠤᠭᠠᠷᠤᠨ᠂ | ᠭᠦᠳᠡᠯᠦᠭᠡ ᠲᠡᠷᠭᠡ ᠪᠤᠯ ᠤᠷᠢᠳᠠᠪᠡᠷ ︿︿ᠭᠦᠭᠡᠭ᠂ ᠭᠦᠭᠡᠭ﹀﹀ ᠭᠡᠵᠤ ᠬᠤᠶᠢᠨᠠᠭᠢ ᠲᠡᠷᠭᠡᠨ ᠤ ᠦᠭᠡᠷ ᠤᠳ ᠲᠤ ᠪᠠᠨ | ᠴᠢᠮᠡᠭᠡ ᠦᠭᠭᠦᠭᠡᠳ ᠰᠠᠶ᠋ᠢ ᠭᠠᠷ ᠤᠨ ᠦᠭᠡᠷ ᠢᠶᠠᠨ ︿︿ᠴᠦᠭᠦ﹀﹀ ᠭᠡᠵᠤ ᠲᠤᠤᠭᠠᠷᠳᠠᠭ᠃ ᠭᠦᠨᠳᠦ ᠲᠡᠭᠡᠰᠢ | ᠲᠡᠭᠡᠪᠦᠷᠢᠯᠡᠵᠤ ᠤᠷᠤᠢ ᠲᠠᠪᠠᠭ᠎ᠠ ᠭᠠᠷᠬᠤ ᠦᠶ᠎ᠡ ᠳᠤ ︿︿ᠳᠠᠭᠠᠳ᠂ ᠳᠠᠭᠠᠳ﹀﹀ ᠭᠡᠵᠤ ᠲᠤᠤᠭᠠᠷᠴᠤ ᠦᠭᠳᠡᠭ᠃ | ᠲᠡᠷᠭᠡ ᠶᠢ ᠮᠤᠷᠤᠢ ᠵᠠᠮ ᠢᠶᠠᠷ ᠡᠷᠭᠢᠭᠦᠯᠭᠦ ᠦᠶ᠎ᠡ ᠳᠤ ᠦᠭᠡᠷ ᠢᠶᠠᠨ ︿︿ᠳ᠋ᠠ ᠳ᠋ᠠ ᠷᠸᠧ ᠷᠸᠧ﹀﹀ ᠭᠡᠵᠤ ᠲᠤᠤᠭᠠᠷᠴᠤ | ᠠᠯᠢ ᠲᠠᠯ᠎ᠠ ᠦᠭᠡᠳᠡ ᠡᠷᠭᠢᠭᠦᠯᠭᠦ ᠭᠡᠪᠡᠯ ᠲᠡᠷᠡ ᠲᠠᠯ᠎ᠠ ᠶᠢᠨ ᠳᠡᠯᠪᠡᠭᠡ ᠳᠡᠭᠡᠰᠦ ᠪᠠᠨ ᠳᠠᠳᠠᠵᠤ ᠦᠭᠡᠷ ᠲᠠᠰᠢᠭᠤᠷ ᠢᠶᠠᠷ | ᠦᠭᠡᠷ ᠢᠶᠠᠨ ᠬᠠᠰᠢᠵᠤ ᠦᠭᠭᠦᠨ᠎ᠡ᠃ ᠲᠡᠷᠭᠡ ᠪᠠᠨ ᠵᠤᠭᠰᠤᠭᠠᠬᠤ ᠦᠶ᠎ᠡ ᠳᠤ ᠦᠭᠡᠷ ᠤᠨ ᠳᠡᠯᠪᠡᠭᠡ ᠪᠤᠶᠤ ᠪᠠᠷᠢᠶ᠎ᠠ | ᠪᠠᠨ ᠳᠠᠳᠠᠵᠤ ︿︿ᠢᠦᠢ﹀﹀ ᠭᠡᠵᠤ ᠲᠤᠤᠭᠠᠷᠳᠠᠭ᠃ | 5᠂ ᠦᠭᠡᠷ ᠢ ᠭᠠᠳᠠᠨ᠎ᠠ ᠠᠴᠠ ᠪᠠᠨ ᠭᠦᠭᠡᠭᠡᠵᠤ ᠶᠠᠪᠤᠭᠤᠯᠬᠤ ᠭᠡᠪᠡᠯ ︿︿ᠸᠧᠢᠢᠳ﹀﹀᠂ ︿︿ᠬᠤᠤ᠂ ᠬᠤᠤ﹀﹀ | ᠭᠡᠵᠤ ᠬᠠᠰᠭᠢᠷᠴᠤ ᠲᠤᠤᠭᠠᠷᠤᠨᠠ᠃ | ᠲᠦᠷᠪᠡ᠂ ᠬᠤᠨᠢ ᠶᠢ ᠳᠠᠭᠤᠳᠠᠬᠤ | 1᠂ ᠭᠠᠭᠴᠠ ᠨᠢᠭᠡ ᠬᠤᠨᠢ ᠢ ᠪᠡᠶ᠎ᠡ ᠵᠦᠭ ᠪᠠᠨ ᠳᠠᠭᠤᠳᠠᠬᠤ ᠳᠤ ᠬᠤᠨᠢᠨ ᠤ ᠪᠠᠨ ᠨᠡᠷ᠎ᠡ ᠶᠢ ᠭᠡᠯᠡᠵᠤ ︿︿ | ᠲᠦᠲ᠋ᠦ᠋᠂ ᠲᠦᠲ᠋ᠦ᠋﹀﹀ ᠭᠡᠵᠤ ᠳᠠᠭᠤᠳᠠᠳᠠᠭ᠃ | 2᠂ ᠰᠦᠷᠦᠭ ᠬᠤᠨᠢ ᠢ ᠡᠷᠭᠢᠭᠦᠯᠭᠦ ᠳᠤ ︿︿ᠡᠷᠭᠢ ᠭᠦᠢ᠂ ᠡᠷᠭᠢ᠂ ᠡᠷᠭᠢ﹀﹀ ᠭᠡᠵᠤ ᠬᠠᠰᠭᠢᠷᠤᠳᠠᠭ᠃ | 3᠂ ᠬᠤᠨᠢᠨ ᠰᠦᠷᠦᠭ ᠢ ᠬᠠᠰᠢᠶᠠᠨ ᠳᠤ ᠬᠤᠷᠢᠬᠤ ᠦᠶ᠎ᠡ ᠳᠤ ︿︿ᠭᠦᠷᠭᠡᠢ᠂ ᠭᠦᠷᠭᠡᠢ﹀﹀ ᠭᠡᠵᠤ | ᠲᠤᠤᠭᠠᠷᠳᠠᠭ᠃ | 4᠂ ᠬᠤᠨᠢᠨ ᠰᠦᠷᠦᠭ ᠶᠢ ᠬᠠᠰᠢᠶᠠᠨ ᠠᠴᠠ ᠭᠠᠳᠠᠭᠰᠢ ᠭᠦᠭᠡᠭᠡᠭᠦ ᠦᠶ᠎ᠡ ᠳᠤ ︿︿ᠭᠦᠢ᠂ ᠭᠦᠢ᠂ ᠬᠠᠢ᠂ | ᠬᠠᠢ﹀﹀᠂ ︿︿ᠴᠠ᠂ ᠴᠠ᠂ ᠴᠠᠶᠢᠳ﹀﹀ ᠭᠡᠵᠤ ᠬᠠᠰᠭᠢᠷᠳᠠᠭ᠃ | ᠲᠠᠪᠤ᠂ ᠢᠮᠠᠭ᠎ᠠ ᠶᠢ ᠲᠠᠭᠤᠲᠠᠬᠤ | 1᠂ ᠭᠠᠭᠴᠠ ᠨᠢᠭᠡ ᠢᠮᠠᠭ᠎ᠠ ᠶᠢ ᠪᠡᠶ᠎ᠡ ᠵᠦᠭ ᠪᠠᠨ ᠳᠠᠭᠤᠲᠠᠬᠤ ᠦᠶ᠎ᠡ ᠳᠤ ᠢᠮᠠᠭ᠎ᠠ ᠶᠢᠨ ᠢᠶᠠᠨ ᠨᠡᠷ᠎ᠡ ᠶᠢ | ᠭᠡᠯᠡᠵᠤ ︿︿ᠵᠢᠵᠤᠤ᠂ ᠵᠢᠵᠤᠤ﹀﹀ ᠭᠡᠵᠤ ᠲᠤᠤᠭᠠᠷᠳᠠᠭ᠃ | 2᠂ ᠢᠮᠠᠭᠠᠨ ᠰᠦᠷᠦᠭ ᠢ ᠡᠷᠭᠢᠭᠦᠯᠭᠦ ᠪᠠ ᠬᠠᠰᠢᠶᠠᠨ ᠳᠤ ᠬᠤᠷᠢᠬᠤ ᠦᠶ᠎ᠡ ᠳᠤ ᠭᠡᠯᠡᠭᠦ ᠦᠭᠡ ᠨᠢ ᠬᠤᠨᠢ | ᠲᠠᠢ ᠠᠳᠠᠯᠢ᠃ | 3᠂ ᠢᠮᠠᠭᠠᠨ ᠰᠦᠷᠦᠭ ᠢ ᠬᠠᠰᠢᠶᠠᠨ ᠠᠴᠠ ᠭᠠᠳᠠᠭᠰᠢ ᠭᠦᠭᠡᠭᠡᠭᠦ ᠦᠶ᠎ᠡ ᠳᠤ ︿︿ᠴᠠ᠂ ᠴᠠ᠂ ᠴᠠᠶᠢᠳ﹀﹀ | ᠭᠡᠵᠤ ᠬᠠᠰᠭᠢᠷᠳᠠᠭ᠃ | ᠵᠢᠷᠭᠤᠭ᠎ᠠ᠂ ᠡᠯᠵᠢᠭᠡ ᠶᠢ ᠳᠠᠭᠤᠳᠠᠬᠤ | 1᠂ ᠭᠡᠭᠡᠷ᠎ᠡ ᠬᠤᠯᠠ ᠰᠢᠭ᠋ ᠪᠠᠶᠢᠭ᠎ᠠ ᠡᠯᠵᠢᠭᠡ ᠶᠢ ᠪᠡᠶ᠎ᠡ ᠵᠦᠭ ᠪᠠᠨ ᠳᠠᠭᠤᠳᠠᠬᠤ ᠳᠤ ︿︿ᠲᠤᠷᠠᠢ᠂ ᠲᠤᠷᠠᠢ﹀﹀ | ᠭᠡᠵᠤ ᠳᠠᠭᠤᠳᠠᠳᠠᠭ᠃ | 2᠂ ᠡᠯᠵᠢᠭᠡ ᠶᠢ ᠲᠡᠷᠭᠡᠨ ᠳᠤ ᠭᠦᠯᠦᠭᠦ ᠳᠡᠭᠡᠨ ︿︿ᠱᠤᠤ᠂ ᠱᠤᠤ﹀﹀ ᠭᠡᠵᠤ᠂ ᠡᠯᠵᠢᠭᠡᠨ ᠲᠡᠷᠭᠡ ᠶᠢ | ᠤᠬᠤᠷᠢᠭᠤᠯᠬᠤ ᠦᠶ᠎ᠡ ᠳᠤ ᠪᠠᠰᠠ ︿︿ᠱᠤᠤ᠂ ᠱᠤᠤ﹀﹀ ᠭᠡᠳᠡᠭ᠃ | 3᠂ ᠡᠯᠵᠢᠭᠡ ᠶᠢ ᠵᠤᠭᠰᠤᠭᠠᠬᠤ ᠦᠶ᠎ᠡ ᠳᠤ ︿︿ᠢᠦᠢ﹀﹀ ᠭᠡᠵᠤ ᠲᠤᠤᠭᠠᠷᠤᠨᠠ᠃ | 4᠂ ᠡᠯᠵᠢᠭᠡ ᠶᠢ ᠤᠨᠤᠭᠠᠳ ᠵᠠᠮ ᠶᠠᠪᠤᠬᠤ ᠦᠶ᠎ᠡ᠂ ᠢᠩ ᠳᠤ ᠭᠦᠯᠦᠭᠡᠳ ᠤᠷᠤᠭᠰᠢ ᠶᠠᠪᠤᠭᠤᠯᠬᠤ ᠦᠶ᠎ᠡ | ᠂ ᠲᠡᠷᠭᠡᠨ ᠳᠤ ᠭᠦᠯᠦᠭᠡᠳ ᠤᠷᠤᠭᠰᠢ ᠵᠠᠮ ᠶᠠᠪᠤᠭᠤᠯᠬᠤ ᠦᠶ᠎ᠡ ᠳᠤ ᠪᠦᠷ ︿︿ᠴᠦᠭᠦ﹀﹀ ᠭᠡᠵᠤ ᠲᠤᠤᠭᠠᠷᠤᠨᠠ᠃ | 5᠂ ᠡᠯᠵᠢᠭᠡ ᠶᠢ ᠭᠠᠳᠠᠭᠰᠢ ᠭᠦᠭᠡᠭᠡᠵᠤ ᠶᠠᠪᠤᠭᠤᠯᠬᠤ ᠦᠶ᠎ᠡ ᠪᠠ ᠢᠩ ᠪᠤᠯᠤᠨ ᠲᠡᠷᠭᠡ ᠶᠢ ᠴᠢᠳᠭᠦᠵᠤ | ᠪᠠᠶᠢᠭ᠎ᠠ ᠡᠯᠵᠢᠭᠡ ᠶᠢ ᠬᠤᠷᠳᠤᠨ ᠶᠠᠪᠤᠭᠤᠯᠬᠤ ᠶᠢᠨ ᠲᠦᠯᠦᠭᠡ ︿︿ᠳᠡᠷ᠂ ᠳᠡᠷ﹀﹀ ᠭᠡᠵᠤ ᠭᠦᠭᠡᠭᠡᠵᠤ ᠲᠤᠤᠭᠠᠷᠳᠠᠭ᠃ | ᠲᠤᠯᠤ᠂ ᠨᠤᠬᠠᠢ ᠶᠢ ᠳᠠᠭᠤᠲᠠᠬᠤ | 1᠂ ᠨᠤᠬᠠᠢ ᠶᠢ ᠲᠡᠷᠭᠡᠳᠡ ᠪᠠᠨ ᠢᠷᠡᠭᠦᠯᠭᠦ ᠭᠡᠪᠡᠯ ᠨᠡᠷ᠎ᠡ ᠪᠠᠷ ᠨᠢ ︿︿ᠵᠦᠢ ᠵᠦᠢ﹀﹀ ᠭᠡᠵᠤ ᠳᠠᠭᠤᠳᠠᠳᠠᠭ᠃ | ᠵᠢᠱᠢᠶᠡᠯᠡᠪᠡᠯ᠄ ︿︿ᠪᠦᠷᠭᠦᠳ ᠪᠦᠷᠭᠦᠳ ᠵᠦᠢ ᠵᠦᠢ︕﹀﹀᠂ ︿︿ᠨᠢᠰᠭᠡ ᠨᠢᠰᠭᠡ ᠵᠦᠢ ᠵᠦᠢ︕﹀﹀ ᠭᠡᠵᠤ | ᠳᠠᠭᠤᠳᠠᠬᠤ᠃ ᠭᠦᠯᠦᠭᠡ ᠨᠤᠬᠠᠢ ᠶᠢ ᠪᠤᠯ ᠨᠡᠷ᠎ᠡ ᠶᠢ ᠨᠢ ᠭᠡᠯᠡᠭᠡᠳ ︿︿ᠭᠡᠵᠢ ᠭᠡᠵᠢ﹀﹀ ᠭᠡᠵᠤ ᠳᠠᠭᠤᠳᠠᠳᠠᠭ᠃ | 2᠂ ᠨᠤᠬᠠᠢ ᠶᠢ ᠭᠠᠳᠠᠭᠰᠢ ᠲᠤᠭᠢᠵᠤ ᠭᠦᠶᠦᠯᠭᠡᠭᠦ ᠭᠡᠪᠡᠯ ᠨᠡᠷ᠎ᠡ ᠶᠢ ᠨᠢ ᠭᠡᠯᠡᠭᠡᠳ ︿︿ᠵᠧ ᠵᠧ﹀﹀ ᠭᠡᠵᠤ | ᠲᠤᠭᠢᠳᠠᠭ᠃ ᠵᠢᠱᠢᠶᠡᠯᠡᠪᠡᠯ᠄ ︿︿ᠨᠢᠰᠭᠡ ᠨᠢᠰᠭᠡ ᠵᠧ᠂ ᠵᠧ︕﹀﹀ ᠭᠡᠳᠡᠭ᠃ | ᠨᠠᠢᠮᠠ᠂ ᠭᠠᠭ᠋ᠠᠢ ᠶᠢ ᠳᠠᠭᠤᠳᠠᠬᠤ | 1᠂ ᠭᠠᠭ᠋ᠠᠢ ᠶᠢ ᠭᠡᠷ ᠦᠭᠡᠳᠡ ᠪᠠᠨ ᠳᠠᠭᠤᠳᠠᠵᠤ ᠢᠳᠡᠰᠢ ᠢᠳᠡᠭᠦᠯᠭᠦ ᠭᠡᠪᠡᠯ ︿︿ᠭᠠ᠂ ᠭᠠ᠂ ᠭᠠ﹀﹀᠂ | ︿︿ᠯᠤᠤ᠂ ᠯᠤᠤ᠂ ᠯᠤᠤ﹀﹀ ᠭᠡᠵᠤ ᠳᠠᠭᠤᠳᠠᠳᠠᠭ᠃ | 2᠂ ᠭᠠᠭ᠋ᠠᠢ ᠶᠢ ᠭᠠᠳᠠᠭᠰᠢ ᠶᠠᠪᠤᠭᠤᠯᠬᠤ ᠭᠡᠪᠡᠯ ︿︿ᠵᠦ᠋ ᠵᠦ᠋︕﹀﹀ ᠭᠡᠵᠤ ᠭᠦᠭᠡᠭᠡᠳᠡᠭ᠃ | ᠶᠢᠰᠦ᠂ ᠲᠠᠭᠢᠶ᠎ᠠ ᠶᠢ ᠳᠠᠭᠤᠲᠠᠬᠤ | 1᠂ ᠲᠠᠭᠢᠶ᠎ᠠ ᠳᠤ ᠢᠳᠡᠰᠢ ᠦᠭᠭᠦ ᠭᠡᠪᠡᠯ ︿︿ᠭᠦ᠋᠂ ᠭᠦ᠋᠂ ᠭᠦ᠋﹀﹀ ᠭᠡᠵᠤ ᠳᠠᠭᠤᠳᠠᠳᠠᠭ᠃ | 2᠂ ᠲᠠᠭᠢᠶ᠎ᠠ ᠶᠢ ᠭᠠᠳᠠᠭᠰᠢ ᠶᠠᠪᠤᠭᠤᠯᠬᠤ ᠭᠡᠪᠡᠯ ︿︿ᠭᠦᠱ᠂ ᠭᠦᠱ﹀﹀ ᠭᠡᠵᠤ ᠦᠯᠳᠡᠨ ᠭᠦᠭᠡᠭᠡᠳᠡᠭ᠃ | ᠠᠷᠪᠠ᠂ ᠮᠤᠤᠷ ᠢ ᠳᠠᠭᠤᠳᠠᠬᠤ | 1᠂ ᠮᠤᠤᠷ ᠳᠤ ᠢᠳᠡᠰᠢ ᠦᠭᠭᠦ ᠭᠡᠪᠡᠯ ︿︿ᠮᠢ᠂ ᠮᠢ᠂ ᠮᠢ﹀﹀ ᠭᠡᠵᠤ ᠳᠠᠭᠤᠳᠠᠳᠠᠭ᠃ 2᠂ ᠮᠤᠤᠷ ᠢ | ᠴᠠᠰᠢ ᠪᠠᠨ ᠶᠠᠪᠤᠭᠤᠯᠬᠤ ᠭᠡᠪᠡᠯ ︿︿ᠭᠠᠰ︕﹀﹀ ᠭᠡᠵᠤ ᠭᠦᠭᠡᠭᠡᠳᠡᠭ᠃ | | |