ᠤᠯᠠᠭᠠᠢ ᠬᠠᠮᠢᠶᠠᠷᠤᠯᠳᠠ ᠶᠢᠨ ᠤᠷᠤᠨ ᠤᠯᠠᠨ ᠵᠥᠢᠯ ᠤᠨ ᠠᠵᠢᠯᠯᠠᠭ᠎ᠠ ᠢᠶᠠᠷ ᠪᠥᠭᠦ ᠤᠷᠤᠨ ᠤ  ᠵᠢᠭᠤᠯᠴᠢᠯᠡᠯ ᠤᠨ ᠬᠥᠭᠵᠢᠯᠳᠠ ᠶᠢ ᠠᠬᠢᠭᠤᠯᠵᠠᠢ
ᠨᠡᠶᠢᠲᠡᠯᠡᠭᠰᠡᠨ ᠴᠠᠭ᠄
2017/1/18
       ᠤᠯᠠᠭᠠᠢ ᠬᠠᠮᠢᠶᠠᠷᠤᠯᠳᠠ ᠶᠢᠨ ᠤᠷᠤᠨ ᠠᠶᠢᠮᠠᠭ ᠤᠨ ᠨᠠᠮ ᠤᠨ ᠬᠤᠷᠢᠶ᠎ᠠ᠂ ᠵᠠᠰᠠᠭ ᠤᠨ ᠤᠷᠳᠤᠨ ︽ ᠵᠢᠭᠤᠯᠴᠢᠯᠡᠯ  ᠤᠨ ᠠᠵᠢᠯ ᠲᠥᠷᠤᠯ ᠤᠨ ᠪᠥᠳᠤᠴᠨ ᠶᠢ ᠬᠤᠪᠢᠷᠠᠭᠤᠯᠵᠤ᠂ ᠠᠷᠠᠳ ᠶᠢ ᠢᠪᠡᠭᠡᠭᠦ᠂ ᠤᠶᠢᠯᠡᠳᠪᠤᠷᠢᠯᠡᠯ ᠤᠨ ᠬᠡᠯᠪᠠᠷᠢ ᠰᠢᠯᠵᠢᠭᠦ   ᠳᠤ ᠥᠢᠯᠡᠳᠤᠯ   ᠥᠵᠡᠭᠦᠯᠵᠤ᠂  ᠵᠢᠭᠤᠯᠴᠢᠯᠡᠯ ᠤᠨ ᠠᠵᠤ ᠤᠶᠢᠯᠡᠰ ᠢᠶᠠᠷ ᠠᠷᠠᠳ ᠶᠢ ᠪᠠᠶᠠᠯᠢᠬᠵᠢᠭᠤᠯᠬᠤ ᠪᠠᠶᠢᠯᠳᠤᠭᠠᠨᠳᠤ ᠲᠤᠯᠭᠠᠭᠤᠷᠢ ᠠᠵᠤ ᠤᠶᠢᠯᠡᠰ ᠪᠤᠯᠭᠠᠨ ᠴᠤᠬᠴᠠᠯᠠᠨ᠎ᠠ︾ ᠭᠡᠭᠦ ᠱᠠᠭᠠᠷᠳᠠᠯᠭ᠎ᠠ ᠢᠶᠠᠷ᠂ ᠪᠥᠭᠦ ᠤᠷᠤᠨ ᠳᠤ  ᠵᠢᠭᠤᠯᠴᠢᠯᠡᠯ ᠤᠨ ᠵᠢᠱᠢᠶᠡᠴᠢ ᠥᠵᠡᠭᠦᠯᠭᠦ ᠶᠠᠷᠤᠩᠭᠡᠢ ᠬᠠᠷᠠᠯᠳᠠ ᠪᠠ ︽ ᠲᠡᠭᠷᠢ ᠶᠢᠨ ᠬᠠᠶᠠᠭᠠᠨ ᠤ ᠲᠡᠷᠭᠡᠯ ᠲᠠᠯ᠎ᠠ ᠥᠵᠡᠮᠵᠢ ᠲᠡᠭᠦᠰ ᠤᠯᠠᠭᠠᠢ︾ ᠬᠡᠭᠦ ᠲᠥᠷᠢ ᠶᠢ ᠲᠤᠬᠳᠠᠭᠠᠵᠤ᠂ ᠪᠥᠳᠤᠭᠡᠯᠴᠢ ᠢᠶᠠᠷ ᠡᠯ᠎ᠠ ᠵᠤᠶᠢᠯ ᠤᠨ ᠠᠵᠢᠯ ᠢ ᠡᠬᠢᠯᠡᠭᠦᠯᠵᠠᠢ᠃ ᠨᠢᠭᠡ ᠳᠤ᠂ ᠠᠮᠢ ᠠᠬᠤᠢ  ᠶᠢ ᠲᠠᠪᠠᠭᠤ ᠪᠠᠶᠢᠷᠢᠨ ᠳᠤ ᠲᠠᠯᠪᠢᠬᠤ ᠶᠢ ᠪᠠᠷᠢᠮᠳᠠᠯᠠᠨ᠎ᠠ᠂  ᠵᠢᠭᠤᠯᠴᠢᠯᠡᠯ ᠤᠨ ᠪᠥᠭᠦ ᠲᠠᠯ᠎ᠠ ᠶᠢᠨ ᠲᠥᠯᠤᠪᠯᠡᠭᠡ ᠪᠠ ᠴᠢᠬᠤᠯᠨ ᠤᠷᠤᠨ ᠪᠤᠯᠭᠠᠨ ᠪᠠᠶᠢᠭᠤᠯᠤᠨ᠂ ᠪᠥᠭᠦ ᠤᠷᠤᠨ ᠢ  ᠵᠢᠭᠤᠯᠴᠢᠯᠡᠯ ᠢᠶᠠᠷ ᠬᠥᠳᠤᠯᠭᠦ  ᠂ ᠠᠯᠬᠤᠮ ᠲᠠᠷᠠᠭ᠎ᠠ ᠢᠶᠠᠷ  ᠵᠢᠭᠤᠯᠴᠢᠯᠡᠯ  ᠤᠨ ᠲᠥᠯᠤᠪᠯᠡᠭᠡ᠂ ᠬᠤᠳᠠ ᠪᠠᠯᠭᠠᠰᠤ ᠶᠢᠨ ᠲᠥᠯᠤᠪᠯᠡᠭᠡ᠂ ᠵᠡᠮ ᠬᠠᠷᠢᠯᠴᠠᠭᠠᠨ ᠤ ᠲᠥᠯᠤᠪᠯᠡᠭᠡ ᠵᠡᠷᠭᠡ  ︽ᠤᠯᠠᠨ ᠵᠠᠷᠴᠢᠮ  ᠶᠢ ᠨᠢᠭᠡ ᠳᠤ ᠨᠢᠭᠡᠳᠭᠡᠭᠦ︾   ᠶᠢ ᠪᠡᠶᠠᠯᠡᠭᠦᠯᠵᠠᠢ᠃ ᠬᠤᠶᠠᠷ ᠳᠤ᠂ ᠵᠢᠭᠤᠴᠢᠯᠡᠯ ᠤᠨ ᠤᠷᠤᠭᠤᠯᠤᠯᠳᠠ ᠳᠤ ᠬᠥᠴᠤᠨ ᠢᠶᠠᠨ ᠶᠡᠭᠡᠳᠭᠡᠨ᠎ᠠ᠂  ᠵᠢᠭᠤᠯᠴᠢᠯᠡᠯ ᠤᠨ ᠵᠥᠷᠯᠤᠭ᠌ ᠤᠨ ᠥᠭᠡᠷᠡᠴᠢᠯᠡᠯᠳ ᠶᠢ ᠢᠳᠡᠪᠬᠢᠳᠠᠢ ᠬᠢᠵᠠᠢ᠂ ᠰᠢᠨ᠎ᠠ ᠪᠠᠶᠢᠭᠤᠯᠤᠬᠰᠠᠨ ᠤᠰᠤ  ᠪᠠᠷ ᠲᠥᠯᠬᠢᠭᠦ ᠵᠥᠷᠯᠤᠭ᠌ 17 ᠰᠠᠭᠤᠷᠢ᠂ ᠪᠥᠭᠦ ᠠᠶᠢᠮᠠᠭ ᠤᠨ ᠲᠡᠷᠢᠭᠦᠨ ᠤ ᠡᠩᠨᠡᠭᠡ ᠳᠤ ᠤᠷᠤᠵᠤ᠂ ᠠᠶᠠᠨᠴᠢᠳ‌‍ᠤᠨ ᠴᠤᠬᠯᠠᠷᠠᠬᠤ ᠰᠠᠯᠬᠤ ᠲᠥᠪ᠂ ᠵᠢᠭᠤᠴᠢᠯᠡᠯ ᠤᠨ ᠪᠠᠭᠤᠳᠠᠯ᠂ ᠮᠤᠳᠤᠨ ᠵᠠᠮ ᠵᠡᠷᠭᠡ ᠰᠠᠭᠤᠷᠢ ᠲᠥᠭᠦᠷᠤᠮᠵᠢ ᠶᠢ ᠪᠠᠶᠢᠭᠤᠯᠵᠤ᠂ ᠴᠢᠬᠤᠯᠨ ᠥᠵᠡᠮᠵᠢ ᠶᠢᠨ ᠵᠠᠮ ᠬᠠᠷᠢᠯᠴᠠᠭᠠᠨ ᠤ ᠪᠥᠭᠦ ᠤᠳᠠᠰᠤᠨ ᠤ ᠨᠠᠪᠳᠠᠷᠭᠡᠢ ᠪᠠᠶᠢᠬᠤ ᠶᠢ ᠪᠠᠳᠤᠯᠠᠨ᠎ᠠ᠂ ᠤᠯᠠᠭᠠᠢ ᠶᠢ ᠲᠤᠭᠤᠷᠢᠨ 300 ᠺᠢᠯᠤᠮᠧᠲᠷ ᠠᠮᠢ ᠠᠬᠤᠢ ᠲᠠᠯ᠎ᠠ ᠨᠤᠳᠤᠭ ᠳᠤ ᠠᠯᠬᠤᠬᠤ ᠪᠠ ᠵᠢᠯᠤᠭᠤᠤᠠᠬᠤ ᠵᠢᠭᠤᠴᠢᠯᠡᠯ ᠤᠨ ᠱᠤᠭᠤᠮ ᠢ ᠪᠤᠢ ᠪᠤᠯᠭᠠᠨ᠎ᠠ  ᠂ ᠪᠥᠭᠦ ᠵᠢᠯ ᠪᠠᠷᠤᠭ 1.55 ᠳ᠋ᠥᠡᠭᠰᠢᠭᠤᠷ ᠤᠷᠤᠭᠤᠯᠵᠠᠢ᠃ ᠭᠤᠷᠪᠠ ᠳᠤ᠂  ᠵᠢᠭᠤᠯᠴᠢᠯᠡᠯ ᠤᠨ ᠪᠥᠯᠭᠦᠮ  ᠤᠨ ᠨᠢᠭᠡᠳᠤᠯᠳᠠᠢ ᠡᠵᠠᠩᠨᠡᠭᠦ ᠶᠢ ᠲᠥᠯᠬᠢᠨ ᠠᠬᠢᠭᠤᠯᠵᠤ᠂ ︽ᠮᠠᠯᠴᠢᠨ ᠡᠷᠤᠭᠡ᠂ ᠲᠠᠷᠢᠶᠠᠯᠠᠬᠤ ᠠᠶᠢᠯ ᠤᠨ ᠪᠥᠳᠤᠭᠡᠨ ᠪᠠᠶᠢᠭᠤᠯᠬᠤ ᠪᠠᠷᠢᠮᠵᠢᠶ᠎ᠠ ᠪᠠ ᠬᠠᠮᠢᠶᠠᠷᠤᠯᠳᠠ ᠶᠢᠨ ᠠᠷᠭ᠎ᠠ︾ ᠶᠢ ᠨᠡᠶᠢᠳᠠᠯᠡᠵᠤ᠂ ᠪᠥᠭᠦ ᠲᠤᠭ᠎ᠠ ᠶᠢ ᠬᠢᠵᠠᠭᠠᠷᠯᠠᠬᠤ᠂ ᠬᠡᠮᠵᠢᠶᠠᠯᠡᠵᠤ ᠬᠢᠨᠡᠨ ᠪᠠᠶᠢᠴᠠᠭᠠᠬᠤ᠂ ᠰᠡᠭᠦᠯ ᠤᠨ ᠪᠠᠶᠢᠷᠢ ᠳᠠᠬᠢ ᠭᠠᠷᠬᠤ ᠲᠥᠷᠢᠮ ᠢ ᠬᠡᠷᠡᠭᠵᠢᠭᠦᠯᠵᠠᠢ᠃ ︽ ᠵᠢᠭᠤᠯᠴᠢᠯᠡᠯ  ᠲᠠᠢ ᠬᠠᠮᠢᠶᠠᠳᠠᠢ ᠨᠠᠭᠠᠳᠤᠮ ᠤᠨ ᠵᠥᠢᠯ ᠤᠨ ᠡᠵᠠᠩᠨᠡᠭᠦ ᠪᠠᠷᠢᠮᠵᠢᠶ᠎ᠠ ᠪᠠ ᠵᠥᠪᠰᠢᠶᠠᠷᠭᠦ ᠠᠯᠬᠤᠮ ᠲᠠᠷᠠᠭ᠎ᠠ︾ ᠶᠢ ᠨᠡᠶᠢᠳᠠᠯᠡᠵᠤ᠂ ᠬᠤᠯᠪᠤᠭᠠᠯᠠᠵᠤ ᠬᠠᠤᠯᠢ ᠶᠢ ᠭᠡᠷᠡᠭᠵᠢᠭᠦᠯᠭᠦ ᠤᠷᠳᠤ ᠬᠤᠭᠤᠴᠠᠭ᠎ᠠ ᠢᠶᠠᠷ ᠬᠠᠤᠯᠢ ᠶᠢ ᠬᠡᠷᠡᠭᠵᠢᠭᠦᠯᠭᠦ᠂  ᠵᠢᠭᠤᠯᠴᠢᠯᠡᠯ ᠤᠨ ᠠᠵᠢᠯ ᠲᠥᠷᠤᠯ ᠤᠨ ᠨᠡᠶᠢᠭᠡᠮᠯᠢᠭ ᠪᠠ ᠡᠯᠧᠺᠲᠷᠤᠨ ᠠᠷᠠᠯᠵᠢᠶ᠎ᠠ ᠤ ᠬᠤᠯᠪᠤᠭ᠎ᠠ ᠶᠢ ᠪᠠᠶᠢᠭᠤᠯᠵᠠᠢ᠂ ᠨᠠᠮ ᠤᠨ ᠠᠵᠢᠯᠳᠠᠨ ᠤ ᠡᠪᠯᠡᠯ ᠤᠨ ᠨᠢᠭᠡᠳᠤᠯᠳᠠᠢ ᠵᠢᠯᠤᠭᠤᠳᠤᠯᠭ᠎ᠠ᠂ ᠬᠠᠮᠢᠶᠠᠷᠤᠯᠳᠠ ᠶᠢᠨ ᠵᠥᠪᠯᠡᠯ ᠤᠨ ᠭᠤᠤᠯᠯᠠᠬᠤ ᠵᠢᠭᠠᠨ  ᠵᠢᠯᠤᠭᠤᠳᠤᠯᠭ᠎ᠠ ᠲᠤᠤᠷ᠎ᠠ᠂ ᠡᠯ᠎ᠠ‌‍ᠰᠠᠯᠪᠤᠷᠢ ᠬᠠᠮᠳᠤᠷᠠᠨ  ᠬᠤᠯᠪᠤᠭᠠᠯᠠᠵᠤ᠂ ᠠᠵᠤ ᠠᠬᠤᠢ ᠭᠤᠤᠯ ᠴᠤᠬᠴᠨ ᠪᠤᠯᠵᠤ᠂ ᠠᠵᠢᠯ ᠲᠥᠷᠤᠯ ᠥᠪᠠᠷ  ᠢ ᠪᠠᠨ ᠱᠠᠭᠠᠷᠳᠠᠵᠤ ᠲᠤᠰᠠᠳᠠᠢ ᠠᠵᠢᠯᠯᠠᠬᠤ  ᠬᠠᠮᠢᠶᠠᠷᠬᠤ ᠠᠵᠢᠯᠠᠯᠭ᠎ᠠ ᠶᠢ ᠪᠥᠷᠢᠯᠳᠤᠭᠦᠯᠵᠠᠢ᠃ ᠲᠥᠷᠪᠠ ᠳᠤ᠂ ᠵᠢᠭᠤᠴᠢᠯᠠᠯ  ᠢ ᠠᠬᠢᠭᠤᠯᠬᠤ + ᠤᠯᠠᠨ ᠠᠵᠤ ᠤᠶᠢᠯᠡᠳᠪᠤᠷᠢᠯᠡᠯ ᠶᠢ ᠨᠢᠭᠡᠳᠭᠡᠵᠤ ᠬᠥᠭᠵᠢᠭᠦᠯᠭᠦ   ᠶᠢ ᠠᠬᠢᠭᠤᠯᠵᠠᠢ᠂  ︽ ᠵᠢᠭᠤᠯᠴᠢᠯᠡᠯ+ ᠲᠠᠷᠢᠶᠠᠯᠠᠩ ᠮᠠᠯᠵᠢᠯ ᠤᠨ ᠠᠵᠤ ᠠᠬᠤᠢ ᠶᠢᠨ ᠤᠭᠢ ᠪᠥᠳᠤᠭᠡᠭᠳᠡᠭᠦᠨ︾   ᠶᠢ ᠪᠠᠶᠠᠯᠡᠭᠦᠯᠵᠤ᠂ ᠥᠡᠳᠤᠷ ᠬᠢᠷᠢ ᠬᠡᠮᠵᠢᠶ᠎ᠠ ᠪᠠᠷ ᠮᠠᠯᠵᠢᠯ ᠤᠨ ᠠᠶᠢᠯ ᠢ ᠪᠥᠳᠤᠭᠡᠨ ᠪᠠᠶᠢᠭᠤᠯᠬᠤ᠂ ᠤᠯᠵᠡᠢ ᠤᠪᠤᠭ᠎ᠠ ᠬᠤᠪᠢᠶᠠᠷᠢ ᠲᠠᠯᠠᠪᠠᠢ ᠳᠤ ᠪᠥᠭᠦ ᠲᠤᠰᠬᠤᠨ‌‍ᠳᠥ ᠨᠡᠭᠡᠭᠡᠯᠳᠠ ᠬᠢᠵᠤ᠂ ᠰᠠᠭᠤᠭᠠᠯᠢ ᠠᠷᠠᠳ ᠤᠨ ᠤᠷᠤᠯᠭ᠎ᠠ ᠶᠢ ᠨᠡᠮᠡᠭᠳᠠᠭᠦᠯᠵᠤ ᠪᠠᠶᠠᠵᠢᠭᠦᠯᠭᠦ ᠵᠠᠮ ᠶᠢ ᠲᠤᠰᠠᠳᠠᠢ ᠥᠷᠭᠡᠳᠭᠡᠨ᠎ᠠ︔ ︽ ᠵᠢᠭᠤᠯᠴᠢᠯᠡᠯ + ᠰᠤᠶᠤᠯ ᠲᠠᠮᠢᠷ︾ ᠶᠢ ᠭᠡᠷᠡᠭᠵᠢᠭᠦᠯᠵᠠᠢ᠂ ᠲᠠᠭᠤᠤ ᠪᠥᠵᠢᠭ ᠤᠨ ᠵᠥᠴᠤᠭᠡ  ︽ᠤᠪᠤᠭ᠎ᠠ ᠬᠠᠶᠢᠷ᠎ᠠ︾   ᠶᠢ ᠲᠥᠯᠬᠢᠨ ᠭᠠᠷᠭᠠᠵᠤ᠂ ᠴᠠᠨ᠎ᠠ ᠴᠠᠴᠡᠭ ᠤᠨ ᠭᠡᠷᠠᠯ ᠵᠢᠷᠤᠭ ᠤᠨ ᠪᠠᠶᠠᠷ᠂ ᠤᠯᠠᠭᠠᠢ ᠭᠤᠤᠯ ᠤᠨ ᠰᠤᠷᠪᠤᠯᠵᠢ ᠳᠤ ᠠᠯᠬᠤᠵᠤ ᠬᠥᠷᠭᠦ ᠠᠶᠠᠯᠠᠯ᠂ 2016 ᠤᠨ ᠳᠤ ᠠᠩᠬ᠎ᠠ ᠤᠳᠠᠭ᠎ᠠ ︽ᠤᠯᠠᠭᠠᠢ ᠬᠤᠨᠳᠠᠭᠠᠳᠤ︾ ᠥᠪᠤᠷ ᠮᠤᠩᠭᠤᠯ ᠤᠨ ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠬᠴᠢ ᠶᠢᠨ ᠵᠢᠥᠳᠤᠤ ᠱᠠᠩᠨᠠᠯᠳᠤ ᠲᠠᠮᠠᠴᠠᠭᠡᠨ ᠵᠡᠷᠭᠡ ᠲᠠᠮᠳᠡᠭᠳᠤ ᠬᠥᠳᠠᠯᠭᠡᠭᠡᠨ ᠥᠷᠨᠢᠭᠦᠯᠵᠠᠢ︔ ︽ᠠᠶᠠᠯᠠᠯ + ᠮᠠᠳᠡᠭᠡᠯᠠᠯ ᠤᠨ ᠭᠡᠯᠪᠠᠷᠢ︾   ᠶᠢ ᠶᠠᠪᠤᠬᠳᠠᠭᠤᠯᠵᠠᠢ᠂ ᡁᠢ ᠬᠦᠢ ᠲᠤᠭᠤᠷᠢᠭ ᠤᠨ ᠪᠥᠳᠤᠭᠡᠨ ᠪᠠᠶᠢᠭᠤᠯᠤᠯᠳᠠ  ᠶᠢ ᠡᠭᠢᠯᠡᠭᠦᠯᠵᠤ᠂ ᠪᠥᠭᠦ  ᠵᠢᠭᠤᠯᠴᠢᠯᠡᠯ ᠳᠤ ᠬᠠᠮᠢᠶᠠᠳᠠᠬᠤ ᠠᠵᠤ ᠠᠬᠤᠶᠢᠯᠠᠯ ᠤᠨ ᠭᠠᠵᠠᠷ ᠤᠨ ᠵᠢᠷᠤᠭ ᠶᠢ ᠲᠡᠮᠳᠡᠭᠯᠡᠭᠦ ᠠᠵᠢᠯ  ᠢ ᠲᠠᠭᠤᠰᠬᠠᠵᠠᠢ᠃ ᠲᠠᠪᠤ ᠳᠤ᠂ ︽ᠤᠷᠢᠨ ᠤᠷᠤᠭᠤᠯᠬᠤ᠂ ᠭᠠᠳᠠᠭᠰᠢ ᠭᠠᠷᠭᠠᠬᠤ︾ ᠬᠡᠯᠪᠠᠷᠢ ᠶᠢ ᠬᠥᠨᠵᠢᠭᠡᠶᠢᠷᠡᠭᠦᠯᠵᠠᠢ᠂ ︽ᠪᠥᠭᠦ ᠬᠡᠪᠴᠢᠶ᠎ᠠ ᠪᠠᠷ ᠵᠢᠭᠤᠴᠢᠯᠠᠯ ᠪᠥᠭᠦ ᠠᠷᠠᠳ ᠵᠠᠮᠴᠢᠯᠠᠬᠴᠢ︾ ᠨᠡᠷᠡᠳᠤ ᠲᠠᠮᠳᠡᠭᠳᠤ ᠶᠢ ᠲᠠᠳᠠᠭᠠᠯᠵᠠᠭᠤᠯᠬᠤ ᠢ ᠪᠥᠷᠢᠯᠳᠤᠭᠦᠯᠤᠨ᠎ᠠ᠃  ᠵᠢᠭᠤᠴᠢᠯᠠᠯ ᠤᠨ ᠰᠤᠷᠳᠠᠯᠴᠢᠯᠠᠬᠤ ᠹᠢᠯᠢᠮ ᠶᠢ ᠭᠡᠷᠠᠯ ᠵᠢᠷᠤᠭ ᠠᠪᠴᠤ᠂ ᠰᠥᠯᠵᠢᠶ᠎ᠠ ᠪᠠᠷ ᠰᠤᠷᠳᠠᠯᠴᠢᠯᠠᠬᠤ ᠶᠢ ᠴᠢᠩᠭᠠᠳᠭᠠᠨ᠎ᠠ  ᠂ 2016 ᠤᠨ ᠤ ᠰᠢᠯᠢ ᠶᠢᠨ ᠭᠤᠤᠯ ᠠᠶᠢᠮᠠᠭ ᠤᠨ ᠵᠢᠭᠤᠴᠢᠯᠠᠯ ᠢ ᠲᠥᠯᠭᠢᠨ ᠠᠬᠢᠭᠤᠯᠬᠤ ᠬᠤᠷᠠᠯ ᠳᠤ ᠤᠷᠤᠯᠴᠠᠵᠤ᠂ ︽ ᠬᠤᠶᠠᠷ ᠬᠡᠯᠡᠯᠴᠠᠭᠡᠷ ᠬᠤᠷᠠᠯ︾᠂ ᠪᠠᠷᠠᠭᠤᠨ ᠥᠵᠡᠰᠭᠦᠯᠡᠩ ᠬᠤᠳᠠᠯᠳᠤᠭ᠎ᠠ᠂ ᠰᠢᠯᠢ ᠶᠢᠨ ᠭᠤᠤᠯ ᠠᠶᠢᠮᠠᠭ ᠤᠨ ᠲᠥᠰᠤᠯ ᠢ ᠲᠥᠯᠬᠢᠨ ᠠᠬᠢᠭᠤᠯᠬᠤ ᠬᠤᠷᠠᠯ ᠵᠡᠷᠭᠡ  ᠵᠢᠭᠤᠯᠴᠢᠯᠡᠯ ᠤᠨ ᠰᠤᠷᠳᠠᠯᠴᠢᠯᠠᠬᠤ ᠬᠤᠷᠠᠯ ᠢᠶᠠᠷ ᠤᠬᠠᠭᠤᠯᠬ᠎ᠠ ᠬᠢᠨ᠎ᠠ᠃ 2016 ᠤᠨ ᠳᠤ᠂ ᠪᠥᠭᠦ ᠤᠷᠤᠨ ᠲᠤᠰᠤᠬᠰᠠᠨ ᠠᠶᠠᠯᠠᠭᠴᠢ 82 ᠲᠥᠮᠡᠨ ᠬᠥᠮᠤᠨ ︵ᠤᠳᠠᠭ᠎ᠠ︶ ᠬᠥᠷᠴᠤ᠂ ᠲᠡᠭᠡᠷ᠎ᠠ ᠵᠢᠯ ‍ᠤᠨ‌ᠠᠳᠠᠯᠢ ᠬᠤᠭᠤᠴᠠᠭ᠎ᠠ ᠲᠠᠢ ᠠᠳᠠᠯᠢᠳᠬᠠᠪᠠᠯ 5.13  % ᠨᠡᠮᠡᠭᠳᠠᠵᠠᠢ᠃ ᠨᠡᠶᠢᠳᠠ ᠤᠷᠤᠯᠭ᠎ᠠ 2.46 ᠳ᠋ᠥᠡᠭᠰᠢᠭᠤᠷ᠂ ᠲᠡᠭᠡᠷ᠎ᠠ ᠵᠢᠯ ᠤᠨ ᠠᠳᠠᠯᠢ ᠬᠤᠭᠤᠴᠠᠭ᠎ᠠ ᠲᠠᠢ ᠠᠳᠠᠯᠢᠳᠬᠠᠪᠠᠯ 11.82 %ᠨᠡᠮᠡᠭᠳᠠᠵᠠᠢ᠃
 
ᠢᠷᠡᠯᠲᠡ᠄ ᠣᠯᠠᠭᠠᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号