ᠮᠤᠩᠭᠤᠯᠴᠤᠳ ᠤᠨ ᠰᠠᠴᠤᠯᠢ ᠡᠷᠭᠦᠳᠡᠭ ᠵᠠᠩᠰᠢᠯ
ᠨᠡᠶᠢᠲᠡᠯᠡᠭᠰᠡᠨ ᠴᠠᠭ᠄
2017/1/20
       ᠮᠤᠩᠭᠤᠯᠴᠤᠳ ᠶᠢᠷᠳᠢᠡᠴᠦ ᠳᠡᠯᠡᠬᠡᠢ ᠶᠢᠨ ᠠᠯᠢᠪᠠ ᠬᠦᠮᠦᠨ ᠠᠮᠢᠳᠡᠨ ᠴᠦᠮ ᠲᠡᠭᠷᠢ ᠠᠴᠠ ᠵᠠᠶᠠᠭᠠᠵᠦ ᠲᠦᠷᠦᠭᠦᠯᠵᠦ ᠦᠷᠡᠵᠢᠭᠦᠯᠦᠭᠰᠡᠨ ᠪᠦᠭᠡᠳ ᠡᠬᠡ ᠪᠠᠶᠢᠭᠠᠯᠢ ᠶᠢᠨ ᠡᠯᠳᠡᠪ ᠵᠦᠢᠯ ᠤᠨ ᠤᠷᠭᠤᠮᠠᠯ ᠪᠤᠳᠠᠰ ᠢ ᠴᠦ ᠲᠡᠭᠷᠢ ᠠᠮᠢᠯᠠᠭᠤᠯᠤᠨ ᠭᠠᠷᠭᠠᠭᠰᠡᠨ ᠭᠡᠵᠦ ᠦᠵᠡᠳᠡᠭ ᠠᠴᠠ ︽ᠲᠡᠭᠷᠢ ᠠᠪᠤ︾ ︽ᠡᠴᠢᠭᠡ ᠲᠡᠭᠷᠢ︾ ᠭᠡᠵᠦ ᠲᠡᠭᠡᠳᠦᠯᠡᠨ ᠳᠠᠭᠤᠳᠠᠵᠦ᠂ ᠴᠢᠩᠬᠢᠰ ᠬᠠᠭᠠᠨ ᠢᠶᠠᠨ ᠡᠴᠢᠭᠡ ᠲᠡᠭᠷᠢ ᠠᠴᠠ ᠰᠤᠶᠤᠷᠬᠠᠨ ᠲᠦᠷᠦᠭᠦᠯᠦᠭᠰᠡᠨ ︽ᠲᠡᠭᠷᠢ ᠶᠢᠨ ᠬᠦᠪᠡᠬᠦᠨ ︾ ᠬᠡᠮᠡᠨ ᠨᠡᠷᠡᠯᠡᠵᠡᠢ᠃ ᠳᠡᠭᠡᠭᠦ ᠳᠡᠭᠡᠨ ᠲᠡᠭᠷᠢ ᠶᠢ ᠰᠢᠳᠦᠬᠦ᠂ ᠲᠡᠭᠷᠢ ᠶᠢ ᠬᠦᠡᠳᠦᠯᠡᠬᠦ ᠵᠠᠩᠰᠢᠯ ᠲᠠᠢ ᠪᠤᠯᠵᠡᠢ᠃  ᠴᠢᠩᠬᠢᠰ ᠬᠠᠭᠠᠨ ᠪᠡᠯᠭᠡ ᠶᠢᠨ ᠳᠡᠭᠡᠳᠦ ᠶᠢᠨ ᠰᠢᠳᠦᠭᠡᠨ ᠳᠡᠭᠡᠨ ᠴᠠᠭᠠᠭᠴᠢ ᠭᠡᠭᠦᠦ ᠶᠢᠨ ᠡᠰᠦᠭ ᠤᠨ ᠰᠠᠴᠤᠯᠢ ᠡᠷᠭᠦᠵᠦ ᠪᠠᠶᠢᠠᠠᠰᠡᠨ ᠨᠢ ᠴᠠᠭᠠᠨ ᠮᠤᠷᠢ ᠨᠢ ᠪᠡᠯᠭᠡ ᠶᠢᠨ ᠳᠡᠭᠡᠳᠦ᠂ ᠴᠠᠭᠠᠨ ᠴᠡᠭᠡ ᠨᠢ ᠢᠳᠡᠭᠡᠨ ᠤ ᠳᠡᠭᠡᠵᠢ ᠭᠡᠵᠦ ᠦᠵᠡᠵᠦ ᠪᠠᠶᠢᠠᠠᠰᠡᠨ ᠪᠠᠶᠢᠨ᠎ᠠ᠃ ᠬᠡᠬᠦ ᠳᠡᠭᠡᠨ ᠮᠤᠩᠭᠤᠯᠴᠤᠳ ᠦᠷᠯᠦᠭᠡ ᠡᠷᠳᠡ ᠰᠠᠭᠠᠵᠦ ᠠᠪᠤᠠᠠᠰᠡᠨ ᠦᠨᠢᠶᠡᠨ ᠰᠦ ᠪᠠᠨ ︽ᠰᠠᠴᠤᠯᠢ︾ ᠭᠡᠵᠦ᠂ ᠠᠷᠢᠭᠤᠨ ᠴᠠᠭᠠᠨ ᠰᠦ ᠪᠠᠨ ᠡᠴᠢᠭᠡ ᠲᠡᠭᠷᠢ ᠳᠡᠭᠡᠨ ᠰᠠᠴᠤᠯᠢ ᠡᠷᠭᠦᠵᠦ ᠦᠨᠡᠡᠴᠢ ᠰᠡᠳᠬᠢᠯ ᠢᠶᠠᠷ ᠰᠦᠰᠦᠭᠯᠡᠨ ᠳᠠᠬᠢᠵᠦ ᠪᠠᠶᠢᠬᠤ ᠪᠠᠨ ᠢᠯᠡᠳᠬᠡᠳᠡᠭ ᠶᠤᠮ᠃ ᠡᠭᠦᠨ ᠠᠴᠠ ᠦᠵᠡᠬᠦ ᠳᠤ ᠮᠤᠩᠭᠤᠯᠴᠤᠳ ᠤᠨ ᠰᠠᠴᠤᠯᠢ ᠡᠷᠭᠦᠳᠡᠭ ᠵᠠᠩᠰᠢᠯ ᠨᠢ ᠲᠡᠭᠷᠢ ᠶᠢ ᠰᠢᠳᠦᠨ ᠪᠢᠰᠢᠷᠡᠳᠡᠭ ᠦᠵᠡᠯ ᠠᠴᠠ ᠡᠭᠦᠰᠦᠭᠰᠡᠨ ᠶᠤᠮ ᠪᠠᠶᠢᠨ᠎ᠠ᠃       ᠮᠤᠩᠭᠤᠯᠴᠤᠳ ᠶᠠᠮᠠᠷ ᠨᠢᠭᠡᠨ ᠪᠠᠶᠠᠷ ᠨᠠᠶᠢᠷ᠂ ᠦᠯᠵᠡᠢ ᠪᠡᠯᠭᠡ ᠲᠠᠢ ᠤᠴᠢᠷ ᠶᠠᠪᠤᠳᠠᠯ ᠤᠨ ᠲᠡᠷᠢᠭᠦᠨ ᠳᠤ ᠪᠡᠯᠭᠡ ᠳᠡᠮᠪᠡᠷᠢᠯ ᠢ ᠡᠷᠬᠢᠮᠯᠡᠨ ᠤᠮᠳᠠᠭᠠᠨ ᠤ ᠳᠡᠭᠡᠵᠢ ᠪᠠᠨ ᠰᠠᠴᠤᠯᠢ ᠡᠷᠭᠦᠳᠡᠭ ᠶᠤᠮ᠃ ᠡᠩ ᠲᠡᠷᠢᠭᠦᠨ ᠳᠤ ᠴᠠᠭᠠᠨ ᠰᠠᠷ᠎ᠠ ᠶᠢᠨ ᠲᠡᠭᠷᠢ ᠳᠠᠬᠢᠬᠤ ᠳᠠᠭᠠᠨ ᠴᠠᠭᠠᠨ ᠢᠳᠡᠭᠡᠨ᠂ ᠰᠦ ᠲᠠᠢ ᠴᠠᠢ᠂ ᠠᠷᠢᠬᠢ ᠳᠠᠷᠠᠰᠦ ᠪᠠᠷ ᠢᠶᠠᠨ ᠡᠴᠢᠭᠡ ᠳᠡᠭᠷᠢ ᠳᠡᠭᠡᠨ ᠰᠠᠴᠤᠯᠢ ᠡᠷᠭᠦᠵᠦ ᠲᠦᠷᠪᠡᠨ ᠵᠦᠭ ᠨᠠᠢᠮᠠᠨ ᠵᠤᠪᠬᠢᠰ ᠲᠤ ᠮᠦᠷᠭᠦᠵᠦ ᠰᠢᠨ᠎ᠠ ᠨᠢᠭᠡᠨ ᠵᠢᠯ ᠲᠡᠭᠡᠨ ᠠᠮᠤᠷ ᠠᠮᠤᠭᠤᠯᠠᠩ ᠠᠵᠦ ᠲᠦᠷᠦᠬᠦ ᠪᠠᠨ ᠰᠦᠰᠦᠭᠯᠡᠨ ᠳᠠᠭᠠᠳᠬᠠᠳᠠᠭ᠃ ᠮᠤᠩᠭᠤᠯᠴᠤᠳ ᠪᠠᠶᠠᠷ ᠨᠠᠶᠢᠷ ᠲᠤ ᠤᠷᠢᠠᠠᠳᠡᠨ ᠰᠠᠭᠤᠬᠤ᠂ ᠠᠶᠢᠯ ᠡᠷᠦᠬᠡ ᠳᠤ ᠵᠠᠯᠬᠠᠳᠡᠨ ᠵᠤᠴᠢᠨ ᠪᠤᠯᠬᠤ ᠦᠶ᠎ᠠ ᠳᠤ ᠡᠮᠦᠨ᠎ᠠ ᠨᠢ ᠳᠠᠯᠪᠢᠠᠠᠰᠡᠨ ᠴᠠᠭᠠᠨ ᠢᠳᠡᠭᠡᠨ ᠠᠴᠠ ᠪᠠᠭ᠎ᠠ ᠬᠡᠯᠳᠦᠯᠦᠨ ᠠᠪᠴᠦ ᠳᠡᠭᠷᠢ ᠳᠤ ᠰᠠᠴᠤᠯᠢ ᠡᠷᠭᠦᠳᠡᠭ᠃ ᠨᠡᠩ ᠢᠯᠠᠩᠭᠤᠶ᠎ᠠ ᠠᠷᠢᠬᠢ ᠳᠠᠷᠠᠰᠦ ᠪᠠᠷᠢᠵᠦ ᠦᠭᠪᠡᠯ ᠬᠤᠨᠳᠠᠭᠠᠨ ᠠᠴᠠ ᠪᠠᠨ ᠭᠤᠷᠪᠠᠨᠳᠠ ᠰᠠᠴᠤᠯᠢ ᠡᠷᠭᠦᠭᠰᠡᠨ ᠤ ᠳᠠᠷᠠᠭ᠎ᠠ ᠰᠠᠶ᠋ᠢ ᠠᠮᠰᠠᠳᠠᠭ᠃ ᠪᠡᠯᠭᠡ ᠳᠡᠮᠪᠡᠷᠢᠯ ᠢ ᠡᠷᠬᠢᠮᠯᠡᠳᠡᠭ ᠮᠤᠩᠭᠤᠯᠴᠤᠳ ᠠᠶᠠᠨ ᠵᠢᠩ ᠳᠤ ᠶᠠᠪᠤᠬᠤ᠂ ᠠᠪᠠ ᠬᠦᠷᠦᠭᠡ ᠳᠤ ᠭᠠᠷᠬᠤ᠂ ᠨᠤᠳᠤᠭ ᠤᠰᠤ ᠰᠡᠯᠡᠭᠦᠨ ᠨᠡᠭᠦᠭᠦ ᠳᠤ ᠮᠤᠷᠳ᠋ᠬᠠᠰᠠᠳ ᠪᠠᠶ᠎ᠠ ᠪᠠᠨ ᠠᠷᠢᠭᠤᠯᠤᠨ᠂ ᠬᠦᠯᠦᠭ ᠤᠨᠤᠭ᠎ᠠ ᠡᠳ᠋ᠯᠡᠯ ᠬᠡᠷᠡᠭᠰᠡᠯ ᠢᠶᠠᠨ ᠮᠢᠯᠢᠶᠠᠭᠠᠳ ᠰᠠᠴᠤᠯᠢ ᠡᠷᠭᠦᠵᠦ᠂ ᠭᠠᠢ ᠪᠠᠷᠴᠢᠳ ᠳᠠᠭᠠᠷᠠᠯᠳᠤᠯ ᠦᠭᠡᠢ᠂ ᠭᠠᠨᠴᠤᠭ᠎ᠠ ᠲᠦᠭᠦᠷᠡᠩ ᠪᠤᠴᠨᠨ ᠢᠷᠡᠬᠦ ᠶᠢ ᠵᠦᠭᠨᠡᠨ ᠪᠡᠯᠭᠡᠳᠡᠳᠡᠭ᠃ ᠲᠡᠷᠡᠴᠢᠯᠡᠨ ᠦᠷ᠎ᠠ ᠬᠡᠤᠬᠡᠳ ᠨᠢ ᠴᠡᠷᠢᠭ ᠲᠤ ᠮᠤᠷᠳᠠᠬᠤ᠂ ᠶᠡᠭᠡ ᠰᠤᠷᠭᠠᠭᠤᠯᠢ ᠳᠤ ᠶᠠᠪᠤᠬᠤ ᠳᠤ ᠬᠦᠨᠦᠭ ᠲᠠᠢ ᠰᠦ ᠠᠴᠠ ᠪᠠᠨ ᠰᠠᠴᠤᠯᠢ ᠡᠷᠭᠦᠵᠦ ᠠᠮᠤᠷ ᠮᠡᠡᠳᠦ ᠶᠠᠪᠤᠭᠠᠷᠠᠢ᠂ ᠠᠵᠢᠯ ᠰᠤᠷᠤᠯᠭ᠎ᠠ ᠳᠠᠭᠠᠨ ᠠᠮᠵᠢᠯᠳᠠ ᠪᠦᠳᠦᠮᠵᠢ ᠤᠯᠤᠭᠠᠷᠠᠢ ᠭᠡᠵᠦ ᠢᠷᠦᠭᠡᠳᠡᠭ᠃  ᠮᠤᠩᠭᠤᠯᠴᠤᠳ ᠭᠠᠯ ᠤᠨ ᠳᠠᠯᠠᠯᠠᠭ᠎ᠠ᠂ ᠮᠠᠯ ᠤᠨ ᠬᠡᠰᠢᠭ ᠤᠨ ᠳᠠᠯᠠᠯᠠᠭ᠎ᠠ᠂ ᠠᠶᠠᠨ ᠵᠢᠩ ᠤᠨ ᠳᠠᠯᠠᠯᠠᠭ᠎ᠠ᠂ ᠠᠪᠠ ᠬᠦᠷᠦᠭᠡ ᠶᠢᠨ ᠳᠠᠯᠠᠯᠠᠭ᠎ᠠ᠂ ᠮᠤᠷᠳᠠᠭᠤᠯᠭ᠎ᠠ ᠶᠢᠨ ᠳᠠᠯᠠᠯᠠᠭ᠎ᠠ᠂ ᠰᠦᠨᠡᠰᠦᠨ ᠤ ᠳᠠᠯᠠᠯᠠᠭ᠎ᠠ᠂ ᠰᠦᠯᠳᠡ ᠶᠢᠨ ᠳᠠᠯᠠᠯᠭ᠎ᠠ᠂ ᠤᠪᠤᠭ᠎ᠠ ᠱᠠᠩᠰᠢ ᠶᠢᠨ ᠳᠠᠯᠠᠯᠠᠭ᠎ᠠ ᠠᠪᠳᠠᠭ᠃ ᠡᠳᠡᠭᠡᠷ ᠳᠠᠯᠠᠯᠠᠭ᠎ᠠ ᠶᠢᠨ ᠵᠠᠩ ᠦᠢᠯᠨ ᠨᠢ ᠲᠤᠰ ᠲᠤᠰ ᠲᠠᠭᠠᠨ ᠤᠡᠴᠠᠯᠢᠭ ᠲᠠᠢ ᠴᠦ ᠪᠦᠷ ᠡᠷᠭᠦᠯᠳᠡ ᠰᠠᠴᠤᠯᠢ᠂ ᠳᠠᠯᠠᠯᠠᠭ᠎ᠠ ᠬᠤᠷᠦ᠋ᠢᠯᠠᠭ᠎ᠠ ᠪᠠᠨ ᠬᠦᠢᠴᠡᠳᠬᠡᠳᠡᠭ᠃       ︽ᠮᠤᠩᠭᠤᠯ ᠬᠦᠮᠦᠨ ᠪᠡᠯᠭᠡ ᠪᠠᠷ᠂ ᠮᠠᠡᠵᠦ ᠬᠦᠮᠦᠨ ᠪᠡᠨ᠎ᠠ ᠪᠠᠷ︾ ᠭᠡᠵᠦ ᠮᠤᠩᠭᠤᠯᠴᠤᠳ ᠰᠠᠶᠢᠨ ᠰᠠᠶᠢᠬᠠᠨ ᠢ ᠬᠦᠰᠡᠳᠡᠭ ᠦᠨᠡᠡᠴᠢ ᠰᠡᠳᠬᠢᠯ ᠤᠨ ᠳᠡᠭᠡᠵᠢ ᠪᠠᠨ ᠡᠴᠢᠭᠡ ᠳᠡᠭᠷᠢ ᠳᠡᠭᠡᠨ ᠰᠠᠴᠤᠯᠢ ᠡᠷᠭᠦᠨ ᠳᠠᠬᠢᠵᠦ᠂ ᠠᠭᠤᠯᠨ ᠤᠰᠤᠨ ᠤ ᠨᠠᠪᠳᠠᠭ ᠱᠠᠪᠳᠠᠭ ᠲᠠᠭᠠᠨ ᠡᠷᠭᠦᠯᠳᠡ ᠡᠷᠭᠦᠵᠦ ᠢᠯᠡᠳᠬᠡᠳᠡᠭ᠃ ᠡᠳᠦᠭᠡ ᠰᠠᠴᠤᠯᠢ ᠡᠷᠭᠦᠬᠦ ᠵᠠᠩ ᠵᠤᠷᠰᠢᠯ ᠦᠡᠳᠦᠰᠦᠨ ᠳᠡᠭᠡᠨ ᠳᠡᠮᠡᠢ ᠦᠵᠡᠭᠳᠡᠬᠦ ᠦᠭᠡᠢ ᠪᠤᠯᠵᠡᠢ᠃ ᠠᠬᠠᠮᠠᠳ ᠨᠠᠰᠤᠳᠠᠶᠢᠴᠤᠳ ᠮᠦᠨ ᠯᠨ ᠡᠨᠡᠬᠦ ᠪᠡᠯᠭᠡ ᠳᠡᠮᠪᠡᠷᠢᠯ ᠲᠠᠢ ᠪᠤᠯᠪᠠᠰᠤᠨ ᠵᠠᠩᠰᠢᠯ ᠢᠶᠠᠨ ᠪᠠᠷᠢᠮᠳᠠᠯᠠᠠᠰᠠᠭᠠᠷ ᠪᠠᠶᠢᠳᠠᠭ᠃ ᠮᠤᠩᠭᠤᠯᠴᠤᠳ ᠪᠢᠳᠡᠨ ᠮᠤᠩᠭᠤᠯ ᠤᠨ ᠢᠶᠠᠨ ᠡᠨᠡᠬᠦ ᠪᠡᠯᠭᠡ ᠳᠡᠮᠪᠡᠷᠢᠯ ᠤᠨ ᠵᠠᠩᠰᠢᠯ ᠢᠶᠠᠨ ᠤᠯᠠᠮᠵᠢᠯᠡᠨ ᠪᠠᠳᠠᠷᠠᠭᠤᠯᠵᠦ ᠶᠠᠪᠤᠵᠠᠭᠠᠶ᠎ᠠ᠃
 
ᠢᠷᠡᠯᠲᠡ᠄ ᠬᠤᠯᠪᠣᠭ᠎ᠠ ᠬᠠᠶᠢᠯᠠᠰᠤᠠ ᠪᠡᠷ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号