ᠠᠯᠪᠠᠨ ᠤ ᠭᠠᠯ ᠳᠠᠬᠢᠯᠭ᠎ᠠ
ᠨᠡᠶᠢᠲᠡᠯᠡᠭᠰᠡᠨ ᠴᠠᠭ᠄
2017/1/20
      ︽ᠮᠣᠩᠭᠤᠯ ᠵᠠᠩ ᠦᠢᠯᠡ  ᠶᠢᠨ ᠨᠡᠪᠳᠡᠷᠬᠡᠢ ᠳᠣᠯᠢ︾ ︵ᠣᠶᠣᠨ  ᠤ ᠪᠣᠳᠢ︶ ᠎ ᠳᠤ ᠭᠠᠯ ᠳᠠᠬᠢᠯᠭ᠎ᠠ  ᠶᠢᠨ ᠲᠦᠷᠦᠯ ᠵᠦᠢᠯ  ᠢ ︽ᠮᠣᠩᠭᠤᠯᠴᠣᠳ  ᠤᠨ ᠭᠠᠯ ᠳᠠᠬᠢᠯᠭ᠎ᠠ  ᠳᠤ ᠠᠶᠢᠯ ᠡᠷᠦᠭᠡ  ᠶᠢᠨ ᠳᠠᠬᠢᠯᠭ᠎ᠠ᠂ ᠠᠯᠪᠠᠨ ᠳᠠᠬᠢᠯᠭ᠎ᠠ᠂ ᠰᠦᠮ᠎ᠠ ᠬᠡᠶᠢᠳ  ᠤᠨ ᠳᠠᠬᠢᠯᠭ᠎ᠠ ᠭᠡᠬᠦ ᠭᠤᠷᠪᠠᠨ ᠵᠦᠢᠯ ᠪᠠᠶᠢᠳᠠᠭ᠃ ᠡᠳᠡᠭᠡᠷ ᠳᠠᠬᠢᠯᠭ᠎ᠠ ᠨᠢ ᠰᠢᠳᠦᠯᠭᠡ ᠪᠢᠰᠢᠷᠡᠯ  ᠤᠨ ᠳᠠᠯ᠎ᠠ ᠪᠠᠷ ᠪᠦᠭᠡ ᠮᠦᠷᠬᠦᠯ  ᠤᠨ ᠶᠣᠰᠣ ᠪᠠᠷ ᠳᠠᠬᠢᠬᠤ᠂ ᠰᠢᠷ᠎ᠠ  ᠶᠢᠨ ᠱᠠᠰᠢᠨ  ᠤ ᠰᠣᠷᠭᠠᠯ ᠢᠶᠠᠷ ᠳᠠᠬᠢᠬᠤ ᠬᠡᠵᠦ ᠬᠤᠶᠠᠷ ᠶᠠᠩᠵᠦ ᠪᠠᠶᠢᠳᠠᠭ᠃ ᠴᠠᠭ ᠬᠤᠭᠤᠴᠠᠭ᠎ᠠ᠂ ᠳᠠᠬᠢᠯᠭ᠎ᠠ ᠬᠢᠬᠦ ᠭᠡᠪᠴᠢᠶ᠎ᠠ  ᠶᠢᠨ ᠳᠠᠯ᠎ᠠ ᠪᠠᠷ ᠡᠩ  ᠤᠨ ᠳᠠᠬᠢᠯᠭ᠎ᠠ᠂ ᠰᠠᠷ᠎ᠠ  ᠶᠢᠨ ᠳᠠᠬᠢᠯᠭ᠎ᠠ᠂ ᠣᠯᠠᠷᠢᠯ  ᠤᠨ ᠳᠠᠬᠢᠯᠭ᠎ᠠ᠂ ᠶᠡᠭᠡ ᠳᠠᠬᠢᠯᠭ᠎ᠠ ᠭᠡᠵᠦ ᠬᠡᠳᠦᠨ ᠵᠦᠢᠯ ᠪᠠᠶᠢᠳᠠᠭ︾ ᠭᠡᠵᠦ ᠬᠤᠪᠢᠶᠠᠷᠢᠯᠠᠨ ᠳᠡᠮᠳᠡᠭᠯᠡᠭᠡᠳ ᠳᠡᠳᠡᠭᠡᠷ ᠳᠠᠬᠢᠯᠭ᠎ᠠ  ᠶᠢᠨ ᠲᠦᠷᠦᠯ ᠵᠦᠢᠯ  ᠢ ᠳᠣᠰ ᠳᠣᠰ ᠳᠠᠨᠢᠯᠴᠠᠭᠤᠯᠪᠠ᠃ ᠡᠬᠦᠨ ᠳᠤ ᠠᠯᠪᠡᠨ  ᠤ ᠭᠠᠯ ᠳᠠᠬᠢᠯᠭ᠎ᠠ ᠪᠣᠶᠣ ᠲᠦᠷᠦ  ᠶᠢᠨ ᠭᠠᠯ ᠳᠠᠬᠢᠯᠭ᠎ᠠ  ᠶᠢ ᠬᠤᠶᠠᠷ ᠵᠣᠷᠪᠣᠰ ᠪᠣᠯᠭᠠᠨ ᠳᠣᠣᠷᠠᠬᠢ ᠮᠡᠲᠦ ᠳᠠᠨᠢᠯᠴᠠᠭᠤᠯᠭ᠎ᠠ ᠬᠢᠭᠰᠡᠨ ᠪᠠᠶᠢᠨ᠎ᠠ᠃       ᠭᠠᠯ ᠲᠠᠬᠢᠬᠤ ᠪᠦᠭᠦᠶᠢᠯᠡ ᠦᠢᠯᠡ  ᠶᠢ ᠲᠦᠷᠦ  ᠠᠴᠠ ᠪᠡᠯᠡᠳᠬᠡᠵᠦ ᠲᠠᠬᠢᠳᠠᠭ ᠲᠠᠬᠢᠯᠭ᠎ᠠ᠃ ᠡᠭᠦᠨ  ᠢ ᠪᠠᠰᠠ ᠲᠦᠷᠦ  ᠶᠢᠨ ᠭᠠᠯ ᠲᠠᠬᠢᠯᠭ᠎ᠠ ᠭᠡᠳᠡᠭ᠃ ᠡᠶᠢᠮᠦ ᠲᠠᠬᠢᠯᠭ᠎ᠠ  ᠳᠤ ᠮᠣᠩᠭᠤᠯ ᠬᠠᠭᠠᠨᠲᠣ ᠲᠦᠷᠦ  ᠶᠢᠨ ᠦᠶ᠎ᠡ ᠎ ᠳᠤ ᠲᠣᠭᠲᠠᠭᠠᠵᠦ ᠬᠡᠳᠦᠨ ᠵᠠᠭᠤᠨ ᠣᠨ  ᠢᠶᠠᠷ ᠣᠯᠠᠮᠵᠢᠯᠠᠵᠦ ᠢᠷᠡᠭᠰᠡᠨ ᠴᠢᠩᠭᠢᠰ  ᠤᠨ ᠨᠠᠢᠮᠠᠨ ᠴᠠᠭᠠᠨ ᠣᠷᠳᠣᠨ ᠎ ᠤ ᠭᠤᠯᠣᠮᠲᠠ  ᠶᠢᠨ ᠲᠠᠬᠢᠯᠭ᠎ᠠ᠂ ᠪᠦᠭᠡ ᠪᠡᠯᠭᠦᠳᠠᠢ᠂ ᠬᠠᠪᠣᠲᠣ ᠬᠠᠰᠠᠷ᠂ ᠦᠭᠡᠳᠠᠢ᠂ ᠲᠣᠯᠣᠢ᠂ ᠡᠰᠢ ᠬᠠᠳᠣᠨ  ᠤ ᠭᠤᠯᠣᠮᠲᠠ  ᠶᠢᠨ ᠲᠠᠬᠢᠯᠭ᠎ᠠ ᠵᠡᠷᠭᠡ ᠪᠠᠭᠳᠠᠨ᠎ᠠ᠃ ᠠᠯᠪᠠᠨ ᠲᠠᠬᠢᠯᠭ᠎ᠠ ᠨᠢ ᠠᠶᠢᠯ ᠭᠡᠷ  ᠤᠨ ᠲᠠᠬᠢᠯᠭ᠎ᠠ  ᠠᠴᠠ ᠢᠯᠭᠠᠭᠳᠠᠬᠤ ᠦᠪᠡᠷᠮᠢᠴᠡ ᠣᠨᠴᠠᠯᠢᠭ ᠲᠠᠢ ᠪᠠᠶᠢᠳᠠᠭ᠃ ᠲᠠᠬᠢᠯᠭ᠎ᠠ ᠲᠠᠪᠢᠭ  ᠤᠨ ᠶᠣᠰᠣ  ᠶᠢ ᠮᠣᠩᠭᠤᠯ ᠬᠠᠭᠠᠨ  ᠤ ᠵᠠᠷᠯᠢᠭ  ᠢᠶᠠᠷ ᠲᠣᠭᠲᠠᠭᠠᠵᠣ᠂ ᠲᠠᠬᠢᠯᠭ᠎ᠠ  ᠳᠤ ᠣᠩᠰᠢᠬᠤ ᠦᠴᠢᠭ ᠢᠷᠦᠭᠡᠯ ᠨᠢ ᠴᠦ ᠲᠣᠰ ᠲᠣᠰ ᠲᠤᠨᠢ ᠪᠢᠴᠢᠭᠰᠡᠨ ︿︿ᠠᠯᠳᠠᠨ ᠣᠷᠳᠣᠨ  ᠤ ᠭᠤᠯᠣᠮᠲᠠ  ᠶᠢᠨ ᠦᠴᠢᠭ﹀﹀᠂ ︿︿ᠡᠰᠢ ᠬᠠᠳᠣᠨ  ᠤ ᠭᠤᠯᠣᠮᠲᠠ  ᠶᠢᠨ ᠦᠴᠢᠭ﹀﹀᠂ ︿︿ᠪᠦᠭᠡ ᠪᠡᠯᠭᠦᠳᠠᠢ  ᠶᠢᠨ ᠭᠤᠯᠣᠮᠲᠠ  ᠶᠢᠨ ᠦᠴᠢᠭ﹀﹀ ᠭᠡᠭᠦ ᠮᠡᠲᠦ ᠰᠣᠳᠣᠷ ᠪᠢᠴᠢᠭ ᠲᠠᠢ ᠪᠦᠭᠡᠳ ︿︿ᠭᠤᠯᠣᠮᠲᠠ ᠲᠦᠭᠡᠨᠡᠭᠦ ᠳᠠᠷᠣᠮᠵᠢ ︵ᠳᠡᠰ ᠳᠠᠷᠠᠭ᠎ᠠ︶﹀﹀ ᠭᠡᠭᠦ ᠰᠣᠳᠣᠷ ᠲᠠᠢ᠂ ᠪᠠᠰᠠ ᠮᠣᠩᠭᠤᠯᠴᠣᠳ  ᠤᠨ ᠲᠣᠳᠣᠷ᠎ᠠ  ᠠᠴᠠ ᠲᠡᠰᠭᠡᠨ ᠴᠣᠭᠯᠠᠭᠤᠯᠣᠭᠰᠠᠨ ᠲᠠᠬᠢᠯᠭ᠎ᠠ ᠲᠠᠪᠢᠭ ᠦᠢᠯᠡᠳᠦᠭᠴᠢ ᠲᠣᠰᠬᠠᠢ ᠠᠯᠪᠠᠲᠣ ᠬᠦᠮᠦᠰ ᠲᠠᠢ ᠪᠠᠶᠢᠳᠠᠭ᠃ ᠡᠷᠳᠡ ᠦᠶ᠎ᠡ  ᠳᠤ ᠨᠠᠢᠮᠠᠨ ᠴᠠᠭᠠᠨ ᠣᠷᠳᠣᠨ  ᠤ ᠳᠦᠷᠪᠡᠨ ᠴᠠᠭ  ᠤᠨ ᠭᠤᠯᠣᠮᠲᠠ ᠲᠦᠭᠡᠨᠡᠭᠦ ᠲᠠᠬᠢᠯᠭ᠎ᠠ  ᠳᠤ ᠬᠠᠭᠠᠨ᠂ ᠵᠢᠨᠣᠩ ᠪᠠ ᠲᠦᠷᠦ  ᠠᠴᠠ ᠲᠣᠮᠢᠯᠠᠭᠰᠠᠨ ᠲᠦᠰᠢᠮᠡᠯ ᠣᠷᠣᠯᠴᠠᠵᠦ ᠪᠠᠶᠢᠵᠠᠢ᠃ ᠲᠠᠬᠢᠯᠭ᠎ᠠ  ᠶᠢᠨ ᠡᠳ᠋ ᠪᠣᠳᠠᠰ  ᠢ ᠡᠷᠳᠡᠨ  ᠤ ᠮᠣᠩᠭᠤᠯ  ᠤᠨ ᠵᠢᠷᠭᠤᠭᠠᠨ ᠲᠦᠮᠡᠨ ᠪᠠ ᠬᠡᠳᠦ ᠬᠡᠳᠦᠨ ᠣᠳᠤᠭ  ᠠᠴᠠ ᠲᠡᠰᠭᠡᠨ ᠴᠣᠭᠯᠠᠭᠤᠯᠵᠦ ᠪᠠᠶᠢᠭᠰᠠᠨ  ᠢ ᠰᠣᠷᠪᠣᠯᠵᠢ ᠪᠢᠴᠢᠭ  ᠲᠤ ᠲᠡᠮᠳᠡᠭᠯᠡᠵᠦ ᠪᠠᠶᠢᠳᠠᠭ᠃ ᠴᠢᠩᠬᠢᠰ᠂ ᠪᠦᠭᠡ ᠪᠡᠯᠭᠦᠳᠠᠢ᠂ ᠦᠭᠡᠲᠠᠢ᠂ ᠲᠣᠯᠣᠢ ᠨᠠᠷ  ᠤᠨ ᠭᠠᠯ ᠭᠤᠯᠣᠮᠲᠠ  ᠤᠨ ᠲᠠᠬᠢᠯᠭ᠎ᠠ ᠨᠢ ᠵᠦᠪᠬᠡᠨ ᠴᠢᠩᠬᠢᠰ  ᠤᠨ ᠠᠯᠳᠠᠨ ᠣᠷᠣᠭᠲᠠᠨ  ᠤ ᠲᠠᠬᠢᠯᠭ᠎ᠠ ᠲᠡᠳᠦᠢ ᠪᠢᠰᠢ ᠬᠠᠷᠢᠨ ᠮᠣᠩᠭᠤᠯ ᠲᠦᠷᠦ  ᠠᠴᠠ ᠲᠣᠭᠲᠠᠭᠠᠭᠰᠠᠨ ᠨᠡᠶᠢᠲᠡ ᠮᠣᠩᠭᠤᠯ  ᠤᠨ ᠲᠠᠬᠢᠯᠭ᠎ᠠ ᠪᠣᠯᠬᠤ ᠶᠣᠮ᠃ ᠡᠶᠢᠮᠦ  ᠠᠴᠠ ᠮᠣᠩᠭᠤᠯ ᠰᠣᠷᠪᠣᠯᠵᠢ ᠪᠢᠴᠢᠭ  ᠲᠤ ︿︿ᠶᠡᠷᠦᠩᠬᠡᠢ  ᠶᠢᠨ ᠰᠢᠳᠦᠭᠡᠨ﹀﹀ ᠭᠡᠵᠦ ᠣᠨᠣᠭᠠᠵᠦ ᠨᠡᠷᠡᠶᠢᠳᠴᠠᠢ᠃ ᠴᠢᠩ ᠣᠯᠣᠰ  ᠤᠨ ᠦᠶ᠎ᠡ  ᠠᠴᠠ ᠠᠪᠣᠭᠠᠳ ᠲᠣᠰ ᠵᠠᠭᠤᠨ  ᠤ ᠲᠠᠪᠢᠭᠠᠳ ᠣᠨ ᠪᠣᠯᠲᠠᠯ᠎ᠠ ᠶᠡᠭᠡ ᠵᠣᠣ᠂ ᠰᠢᠯᠢ  ᠶᠢᠨ ᠭᠤᠣᠯ᠂ ᠣᠯᠠᠭᠠᠨᠴᠠᠪ  ᠤᠨ ᠣᠯᠠᠨ ᠬᠤᠰᠢᠭᠤᠳ ᠪᠦᠷ ︿︿ᠬᠤᠰᠢᠭᠤ ᠶᠠᠮᠣᠨ  ᠤ ᠭᠠᠯ ᠲᠠᠬᠢᠵᠦ ﹀﹀ ᠪᠠᠶᠢᠵᠠᠢ᠃ ᠡᠨᠡ ᠨᠢ ᠮᠦᠨ ᠴᠦ ᠠᠯᠪᠠᠨ ᠲᠠᠬᠢᠯᠭ᠎ᠠ ᠪᠣᠯᠬᠤ ᠶᠣᠮ᠃ ᠣᠯᠠᠩᠬᠢ ᠬᠤᠰᠢᠭᠤᠳ  ᠤᠨ ᠬᠤᠰᠢᠭᠤ ᠶᠠᠮᠣᠨ ᠨᠢ ᠲᠣᠰ ᠵᠠᠭᠤᠨ  ᠤ ᠳᠣᠮᠳᠠᠴᠢ ᠪᠣᠯᠬᠤ  ᠳᠤ ᠪᠠᠶᠢᠰᠢᠩ ᠲᠠᠢ ᠪᠣᠯᠴᠢᠬᠠᠭᠰᠠᠨ ᠪᠣᠯᠪᠠᠴᠦ ᠡᠪᠣᠯ  ᠤᠨ ᠭᠠᠯ ᠲᠠᠬᠢᠯᠭ᠎ᠠ ᠪᠣᠯᠪᠠᠯ ᠨᠢᠭᠡ ᠮᠣᠩᠭᠤᠯ ᠭᠡᠷ ᠪᠠᠷᠢᠵᠦ ᠭᠠᠩ ᠲᠣᠯᠭ᠎ᠠ  ᠪᠠᠨ ᠲᠠᠯᠪᠢᠭᠠᠳ ᠶᠠᠮᠣᠨ ᠲᠠᠮᠠᠭ᠎ᠠ  ᠶᠢᠨ ᠰᠠᠩ ᠎ ᠠᠴᠠ ᠪᠡᠯᠡᠳᠬᠡᠭᠰᠡᠨ ᠡᠪᠴᠢᠭᠦᠦ  ᠪᠠᠷ ᠵᠢᠰᠢᠶᠡᠨ  ᠳᠤ ᠰᠠᠭᠤᠭ᠎ᠠ ᠵᠠᠯᠠᠨ ᠪᠣᠶᠣ ᠲᠣᠰᠠᠯᠠᠭᠴᠢ᠂ ᠵᠠᠬᠢᠷᠣᠭᠴᠢ᠂ ᠵᠢᠩᠬᠢᠨᠢ ᠪᠢᠴᠢᠭᠡᠴᠢ  ᠶᠢᠨ ᠠᠯᠢ ᠨᠢᠭᠡ ᠨᠢ ᠣᠷᠣᠯᠴᠠᠨ ᠪᠣᠱᠤᠭ ᠬᠢᠶ᠎ᠡ ᠨᠠᠷ ᠲᠠᠢ ᠬᠠᠮᠳᠣ  ᠪᠠᠷ ᠭᠠᠯ  ᠢᠶᠠᠨ ᠲᠠᠬᠢᠳᠠᠭ᠃ ᠶᠠᠮᠣᠨ  ᠤ ᠭᠠᠯ ᠲᠠᠬᠢᠬᠤ  ᠳᠤ ᠶᠡᠭᠡ ᠵᠣᠣ᠂ ᠣᠯᠠᠭᠠᠨᠴᠠᠪ᠂ ᠰᠢᠯᠢ  ᠶᠢᠨ ᠭᠤᠣᠯ  ᠤᠨ ᠴᠢᠭᠤᠯᠭᠠᠨ ᠪᠠ ᠠᠯᠠᠱᠠᠨ ᠴᠢᠨ ᠸᠠᠩ  ᠤᠨ ᠶᠠᠮᠣᠨ  ᠤ ᠬᠤᠰᠢᠭᠤᠳ ᠨᠢ ᠬᠦᠬᠡᠴᠢ᠂ ᠵᠣᠯᠠᠴᠢ᠂ ᠵᠠᠳᠴᠢᠨ ᠭᠠᠯᠴᠢ ᠭᠡᠭᠦ ᠮᠡᠲᠦ  ᠶᠢᠨ ᠴᠣᠯᠠ ᠎ ᠲᠠᠢ ᠶᠠᠮᠣᠨ  ᠤ ᠭᠠᠯ ᠲᠠᠬᠢᠳᠠᠭ ᠲᠣᠰᠬᠠᠢ ᠠᠵᠢᠯ ᠲᠣᠰᠢᠶᠠᠯᠲᠠᠨ  ᠢᠶᠠᠷ ᠭᠠᠯ  ᠢᠶᠠᠨ ᠲᠠᠬᠢᠭᠤᠯᠵᠦ ︵ᠪᠦᠰᠡᠭᠦᠢ ᠬᠦᠮᠦᠨ  ᠢ ᠬᠡᠷᠡᠭᠯᠡᠳᠡᠭ ᠦᠭᠡᠢ︶ ᠪᠠᠶᠢᠵᠠᠢ᠃ ᠵᠠᠷᠢᠮ ᠬᠤᠰᠢᠭᠤᠳ  ᠤᠨ ᠶᠠᠮᠣᠨ ᠨᠢ ᠭᠠᠯ ᠲᠠᠬᠢᠬᠤ  ᠳᠤ  ᠪᠠᠨ ᠮᠣᠩᠭᠤᠯ ᠭᠡᠷ  ᠤᠨ ᠪᠠᠷᠠᠭᠤᠨ ᠬᠤᠶᠢᠲᠣ ᠲᠠᠯ᠎ᠠ  ᠳᠤ ᠨᠢᠭᠡ ᠰᠢᠷᠡᠭᠡ ᠲᠠᠯᠪᠢᠵᠦ᠂ ᠰᠢᠷᠡᠭᠡᠨ ᠳᠡᠭᠡᠷ᠎ᠡ  ᠪᠠᠨ ᠰᠢᠷ᠎ᠠ ᠲᠣᠷᠭ᠎ᠠ  ᠪᠠᠷ ᠪᠠᠭᠯᠠᠵᠦ ᠬᠠᠳᠠᠭ  ᠢᠶᠠᠷ ᠪᠦᠳᠡᠭᠡᠭᠰᠡᠨ ᠶᠠᠮᠣᠨ ᠲᠠᠮᠠᠭ᠎ᠠ  ᠪᠠᠨ ᠲᠠᠯᠪᠢᠵᠦ ᠲᠠᠮᠠᠭ᠎ᠠ  ᠶᠢᠨ ᠡᠮᠦᠨ᠎ᠡ ᠨᠢᠭᠡ ᠵᠣᠯᠠ ᠡᠷᠭᠦᠭᠡᠳ ᠭᠠᠯ  ᠢᠶᠠᠨ ᠲᠠᠬᠢᠳᠠᠭ ᠪᠠᠶᠢᠵᠠᠢ᠃ ᠡᠨᠡ ᠭᠡᠷ  ᠤᠨ ᠳᠣᠲᠣᠷ᠎ᠠ ᠦᠭᠡᠷ᠎ᠡ ᠶᠠᠮᠠᠷ ᠴᠦ ᠠᠪᠳᠠᠷ᠎ᠠ ᠬᠤᠷᠭᠤ ᠦᠭᠡᠢ ᠬᠡᠳᠣᠨ ᠢᠰᠡᠭᠡᠢ ᠲᠡᠪᠢᠰᠦᠭᠰᠡᠨ ᠬᠠᠩᠭᠠᠢ ᠭᠡᠷ ᠯᠡ ᠪᠠᠶᠢᠳᠠᠭ᠃ ᠭᠠᠯ ᠲᠠᠬᠢᠭᠴᠢ ᠭᠦᠭᠡᠴᠢ ᠪᠣᠶᠣ ᠵᠣᠯᠠᠴᠢ ᠨᠢ ᠭᠠᠯ  ᠤᠨ ᠪᠣᠷᠬᠠᠨ  ᠳᠤ  ᠪᠠᠨ ᠬᠤᠰᠢᠭᠤ ᠨᠣᠳᠤᠭ ᠭᠠᠩ ᠵᠣᠳ ᠦᠭᠡᠢ᠂ ᠬᠢᠵᠢᠭ ᠡᠪᠡᠳᠴᠢᠨ ᠬᠤᠯᠠᠭᠠᠢ ᠳᠡᠭᠡᠷᠡᠮ ᠦᠭᠡᠢ᠂ ᠮᠠᠯ ᠰᠦᠷᠦᠭ ᠦᠨᠢᠷ ᠦᠰᠴᠦ ᠲᠦᠷᠦ  ᠶᠢᠨ ᠦᠢᠯᠡ ᠣᠷᠣᠭᠰᠢᠲᠠᠢ ᠲᠦᠮᠡᠨ ᠣᠯᠠᠨ ᠵᠢᠷᠭᠠᠯᠲᠠᠢ ᠪᠠᠶᠢᠬᠤ  ᠶᠢ ᠳᠠᠭᠠᠳᠬᠠᠳᠠᠭ᠃    
 
ᠢᠷᠡᠯᠲᠡ᠄ ᠬᠤᠯᠪᠣᠭ᠎ᠠ ᠠᠯᠲᠠᠨ ᠪᠡᠷᠰᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号