ᠴᠢᠮᠡᠳ ᠤᠪᠤᠭᠳᠠᠨ ᠤ ᠭᠤᠮᠪᠤᠵᠠᠪ
ᠨᠡᠶᠢᠲᠡᠯᠡᠭᠰᠡᠨ ᠴᠠᠭ᠄
2017/1/6
        ᠴᠢᠮᠡᠳ ᠤᠪᠤᠭᠳᠠᠨ ᠤ ᠭᠤᠮᠪᠤᠵᠠᠪ᠂ ᠬᠢᠳᠠᠳ ᠨᠡᠷ᠎ᠠ ᠨᠢ ᠴᠧᠨ ᠪᠢᠡᠭ ᠷᠤ᠋᠃ 1 9 1 2 ᠤᠨ  ᠳᠤ ᠠᠵᠢᠶ᠎ᠠ ᠬᠡᠬᠡᠨ ᠤ ᠰᠦᠷᠤᠭ᠌ ᠢ ᠮᠠᠯᠵᠢᠳᠠᠭ ᠱᠠᠪᠢᠨᠠᠷ ᠠᠶᠢᠯ ︵ᠤᠳᠤ ᠶᠢᠨ ᠰᠢᠯᠢ ᠶᠢᠨ ᠭᠤᠤᠯ ᠠᠶᠢᠮᠠᠭ ᠤᠨ ᠱᠠᠩᠳᠣ ᠶᠢᠨ ᠭᠤᠤᠯ ᠪᠠᠯᠭᠠᠰᠤ ᠶᠢᠨ ᠵᠦᠭᠡᠯᠡᠨ ᠭᠤᠤᠯ︶᠎ ᠤᠨ ᠮᠠᠯᠴᠢᠨ ᠤ ᠭᠡᠷ ᠪᠦᠯᠢ ᠳᠤ ᠲᠥᠷᠥᠵᠠᠢ᠃ ᠲᠤᠯᠤᠭᠠᠨ ᠨᠠᠰᠤᠨ᠎ᠠ ᠠᠵᠢᠶ᠎ᠠ ᠬᠡᠬᠡᠨ ᠤ ᠲᠤᠯᠤᠨ ᠨᠠᠭᠤᠷ ᠤᠨ ᠰᠠᠩ ᠳᠤ ᠪᠠᠭᠰᠢ ᠯᠠᠮᠠ ᠶᠢᠨ ᠱᠠᠪᠢ ᠪᠤᠯᠵᠦ᠂ ᠤᠳᠠᠯ ᠦᠭᠡᠢ ᠪᠡᠭᠡᠵᠢᠩ ᠤᠨ ᠬᠡᠬᠡᠨ ᠰᠠᠩ ᠳᠤ ᠲᠥᠪᠡᠳ ᠪᠡ ᠮᠤᠩᠭᠤᠯ ᠨᠤᠮ ᠰᠤᠷᠴᠠᠢ᠃ ᠦᠪᠡᠷ ᠤᠨ ᠰᠢᠨᠳᠠᠷᠠᠰᠢ ᠦᠭᠡᠢ ᠴᠢᠷᠮᠠᠶᠢᠯᠭ᠎ᠠ ᠪᠠᠷ ᠡᠷᠳᠠᠮ ᠰᠤᠶᠤᠯ ᠬᠥᠬᠡᠴᠡᠯᠳᠣᠵᠣ᠂ ᠮᠤᠩᠭᠤᠯ᠂ ᠲᠥᠪᠡᠳ᠂ ᠬᠢᠳᠠᠳ᠂ ᠮᠠᠨᠵᠦ᠂ ᠶᠠᠫᠤᠨ᠂ ᠠᠩᠭ᠍ᠯᠢ ᠂ ᠤᠷᠤᠰ᠂ ᠹᠠᠷᠠᠨᠼᠢ ᠬᠡᠯᠡ ᠶᠢ ᠡᠵᠡᠮᠰᠢᠵᠦ᠂ ᠶᠠᠫᠤᠨ ᠤ ᠲᠤᠺᠢᠤ᠋ ᠳᠠᠬᠢ ᠭᠠᠳᠠᠭᠠᠳᠣ ᠬᠡᠯᠡᠨ ᠤ ᠶᠡᠭᠡ ᠰᠤᠷᠠᠭᠠᠭᠤᠯᠢ ᠳᠤ ᠮᠤᠩᠭᠤᠯ ᠬᠡᠯᠡᠨ ᠤ ᠪᠠᠭᠰᠢ ᠪᠠᠷ ᠤᠷᠢᠬᠳᠠᠨ ᠠᠵᠢᠯᠯᠠᠵᠦ ᠪᠠᠶᠢᠬᠤ ᠳᠠᠭᠠᠨ᠂ ᠲᠡᠯᠡᠭᠡᠢ ᠶᠢᠨ ᠠᠯᠳᠠᠷᠳᠣ ᠵᠤᠬᠢᠶᠠᠯ ︽ᠮᠠᠷᠺᠤ ᠫᠤᠯᠤ ᠶᠢᠨ ᠲᠤᠭᠤᠷᠢᠨ ᠶᠠᠪᠤᠭᠰᠡᠨ ᠠᠶᠠᠨ ᠤ ᠲᠡᠮᠳᠡᠭᠯᠡᠯ︾᠎ ᠢ ᠠᠩᠭ᠍ᠯᠢ᠂ ᠶᠠᠫᠤᠨ᠂ ᠬᠢᠳᠠᠳ᠂ ᠹᠠᠷᠠᠨᠼᠢ ᠬᠡᠯᠡᠨ ᠠᠴᠠ ᠠᠩᠬ᠎ᠠ ᠤᠳᠠᠭ᠎ᠠ ᠮᠤᠩᠭᠤᠯᠴᠢᠯᠠᠵᠦ᠂ ᠲᠡᠷᠢᠬᠦᠨ ᠲᠡᠳ᠋ ᠬᠤᠶᠠᠷ ᠲᠡᠪᠳᠡᠷ ᠢᠶᠠᠷ ᠬᠡᠪᠯᠡᠬᠦᠯᠪᠡ᠃ 32 ᠨᠠᠰᠤᠨ᠎ᠠ ᠶᠠᠫᠤᠨ ᠤ ᠲᠠᠩᠨᠠᠭᠤᠯ ᠤᠨ ᠪᠠᠶᠢᠭᠤᠯᠤᠯᠭ᠎ᠠ ᠳᠤ ᠰᠡᠵᠢᠭᠯᠡᠭᠳᠡᠨ ᠬᠤᠤᠷᠯᠠᠭᠳᠠᠵᠦ ᠨᠠᠰᠦ ᠪᠠᠷᠠᠵᠠᠢ᠃ ︵1912-1944︶
 
ᠢᠷᠡᠯᠲᠡ᠄ ᠰᠢᠯᠣᠭᠤᠨ ᠬᠦᠬᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号