ᠱᠠᠭ᠎ᠠ ᠲᠣᠬᠯᠠᠭᠠᠮ ᠤᠨ ᠣᠯᠠᠮᠵᠢᠯᠠᠯᠳᠥ ᠶᠣᠰᠣ ᠴᠡᠬᠡᠷ ᠢ ᠡᠷᠬᠢᠮᠯᠠᠶ᠎ᠠ
ᠨᠡᠶᠢᠲᠡᠯᠡᠭᠰᠡᠨ ᠴᠠᠭ᠄
2017/1/6
     ᠱᠠᠭ᠎ᠠ ᠶᠢᠨ ᠰᠤᠶᠤᠯ ᠪᠤᠯ ᠮᠤᠩᠭᠤᠯ ᠦᠨᠳᠤᠰᠤᠳᠡᠨ ᠤ ᠤᠯᠠᠮᠵᠢᠯᠠᠯᠳᠤ ᠰᠤᠶᠤᠯ ᠤᠨ ᠨᠢᠬᠡ ᠪᠤᠯᠤᠨ᠎ᠠ᠃ ᠮᠣᠩᠭᠤᠯᠴᠣᠳ ᠲᠠᠪᠤᠨ ᠬᠤᠰᠢᠭᠤ ᠮᠠᠯ ᠢᠶᠠᠨ ᠮᠠᠯᠵᠢᠵᠥ ᠨᠠᠬᠦᠳᠡᠯ ᠮᠠᠯᠵᠢᠯ ᠠᠮᠢᠳᠣᠷᠠᠯ ᠬᠢᠬᠦ ᠳᠡᠭᠡᠨ ᠢᠳᠡᠰᠢᠨ ᠳᠤ ᠢᠳᠡᠭᠰᠡᠨ ᠮᠠᠯ ᠤᠨ ᠢᠶᠠᠨ ᠱᠠᠭ᠎ᠠ ᠶᠢ ᠴᠣᠬᠯᠠᠭᠤᠯᠣᠨ ᠬᠠᠳᠠᠭᠠᠯᠠᠵᠥ᠂ ᠱᠠᠭ᠎ᠠ ᠪᠠᠷ ᠲᠣᠬᠯᠠᠭᠠᠮ ᠪᠤᠯᠭᠠᠵᠥ ᠨᠠᠭᠠᠳᠳᠠᠬ ᠠᠴᠠ ᠱᠠᠭ᠎ᠠ ᠲᠣᠬᠯᠠᠭᠠᠮ ᠤᠨ ᠣᠯᠠᠨ ᠵᠥᠢᠯ ᠤᠨ ᠨᠠᠭᠠᠳᠬᠤ ᠠᠷᠭ᠎ᠠ ᠬᠡᠯᠪᠡᠷᠢ ᠪᠤᠢ ᠪᠤᠯᠵᠥ᠂ ᠱᠠᠭ᠎ᠠ ᠶᠢᠨ ᠰᠣᠶᠣᠯ ᠨᠢ ᠮᠣᠩᠭᠤᠯ ᠰᠣᠶᠣᠯ ᠤᠨ ᠴᠢᠬᠤᠯᠠ ᠨᠢᠬᠡᠨ ᠪᠥᠷᠢᠯᠳᠥᠬᠦᠨ ᠪᠤᠯᠤᠬᠰᠠᠨ ᠪᠠᠶᠢᠳᠠᠬ᠃      ᠱᠠᠭ᠎ᠠ ᠲᠣᠬᠯᠠᠭᠠᠮ ᠳᠤ ᠰᠠᠶ᠋ᠢᠩ ᠤᠷᠭᠢᠬᠤ᠂ ᠬᠠᠯᠵᠠ ᠬᠠᠷᠪᠤᠬᠤ ᠵᠡᠷᠬᠡ ᠣᠯᠠᠨ ᠰᠠᠶᠢᠬᠠᠨ ᠠᠷᠭ᠎ᠠ ᠬᠡᠯᠪᠡᠷᠢ ᠪᠠᠶᠢᠳᠠᠬ ᠮᠥᠷᠳᠡᠬᠡᠨ ᠱᠠᠭ᠎ᠠ ᠨᠠᠭᠠᠳᠬᠤ ᠳᠤ ᠰᠠᠶ᠋ᠢᠩ ᠣᠷᠬᠢᠭᠠᠳ ᠮᠣᠷᠢ ᠪᠠᠭᠤᠪᠠᠯ ᠥᠬᠡᠳᠡ ᠬᠡᠶᠢᠮᠥᠷᠢ ᠲᠠᠢ ᠬᠡᠵᠥ ᠪᠡᠯᠬᠡᠰᠢᠶᠠᠬᠦ᠂ ᠬᠠᠪᠤᠷ ᠤᠨ ᠣᠯᠠᠷᠢᠯ ᠳᠤ ᠱᠠᠭ᠎ᠠ ᠨᠠᠭᠠᠳᠪᠠᠯ ᠲᠥᠯ ᠮᠠᠶᠢᠬ ᠲᠥᠷᠥᠨ᠎ᠠ ᠬᠡᠵᠥ ᠴᠠᠬᠡᠷᠯᠡᠬᠦ ᠵᠡᠷᠬᠡ ᠶᠠᠭᠠᠬᠢᠵᠥ ᠨᠠᠭᠠᠳᠬᠤ᠂ ᠶᠠᠮᠠᠷ ᠥᠶ᠎ᠠ ᠳᠤ ᠨᠠᠭᠠᠳᠬᠤ ᠮᠡᠳᠥ ᠶᠢᠨ ᠶᠣᠰᠣ ᠴᠡᠬᠡᠷ ᠤᠳ ᠴᠥ ᠪᠠᠶᠢᠳᠠᠬ ᠶᠣᠮ᠃ ᠡᠶᠢᠮᠥ ᠠᠴᠠ ᠱᠠᠭ᠎ᠠ ᠶᠢᠨ ᠰᠣᠶᠣᠯ ᠤᠨ ᠣᠯᠠᠮᠵᠢᠯᠠᠯᠳᠥ ᠶᠣᠰᠣ ᠴᠠᠬᠡᠷ ᠢ ᠬᠠᠳᠠᠭᠠᠯᠠᠬᠰᠠᠨ ᠰᠠᠭᠤᠷᠢᠨ ᠲᠠᠬᠡᠷ᠎ᠠ ᠱᠠᠭ᠎ᠠ ᠶᠢᠨ ᠰᠣᠶᠣᠯ ᠤᠨ ᠤᠯᠠᠨ ᠵᠦᠢᠯ ᠤᠨ ᠨᠠᠭᠠᠳᠴᠥ ᠤᠷᠤᠯᠳᠤᠬᠤ ᠵᠢᠮ᠎ᠠ ᠶᠣᠰᠣ ᠶᠢ ᠡᠷᠬᠢᠮᠯᠠᠨ ᠪᠠᠷᠢᠮᠳᠠᠯᠠᠵᠥ᠂ ᠱᠠᠭ᠎ᠠ ᠶᠢᠨ ᠰᠤᠶᠤᠯ ᠢᠶᠠᠨ ᠤᠯᠠᠮᠵᠢᠯᠠᠨ ᠭᠦᠭᠵᠢᠭᠦᠯᠵᠥ᠂ ᠠᠷᠠᠳ ᠤᠯᠠᠨ ᠤ ᠰᠤᠶᠤᠯ ᠤᠨ ᠠᠮᠢᠳᠤᠷᠠᠯ ᠢ ᠪᠠᠶᠠᠯᠢᠭᠵᠢᠭᠤᠯᠪᠠᠯ ᠵᠣᠬᠢᠨ᠎ᠠ᠃  
 
ᠢᠷᠡᠯᠲᠡ᠄ ᠬᠤᠯᠪᠣᠭ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号