ᠵᠤᠭᠤᠰ ᠵᠢᠬᠡᠯᠡᠭᠰᠡᠨ ᠪᠠᠷᠢᠮᠳᠠ ᠪᠢᠴᠢᠬᠦ ᠳᠤ ᠶᠠᠭᠤ ᠶᠢ ᠠᠩᠬᠠᠷᠪᠠᠯ ᠵᠤᠬᠢᠬᠤ ᠪᠤᠢ
ᠨᠡᠶᠢᠲᠡᠯᠡᠭᠰᠡᠨ ᠴᠠᠭ᠄
2017/1/6
       ᠯᠢ ᠤᠪᠤᠭᠳᠤ ᠵᠤᠭᠤᠰ ᠬᠡᠷᠡᠭᠯᠡᠬᠦ ᠪᠠᠴᠢᠮ ᠬᠡᠷᠡᠭᠴᠡᠭᠡ ᠲᠠᠢ ᠪᠤᠯᠤᠭᠰᠠᠨ ᠠᠴᠠ ᠨᠠᠶᠢᠵᠠ ᠪᠢᠯᠢᠭᠳᠦ ᠠᠴᠠ 5 ᠲᠦᠮᠡᠨ ᠲᠦᠬᠦᠷᠢᠭ ᠵᠢᠬᠡᠯᠡᠭᠰᠡᠨ ᠪᠠᠶᠢᠯ᠎ᠠ᠃ ᠵᠤᠭᠤᠰ ᠵᠢᠬᠡᠯᠡᠬᠦᠯᠬᠦ ᠦᠶᠡᠰ ᠲᠤ ᠨᠡᠯᠢᠶᠡᠳ ᠶᠠᠭᠠᠷᠠᠤ ᠪᠠᠶᠢᠭᠰᠠᠨ ᠲᠤᠯᠠ ᠯᠢ ᠤᠪᠤᠭᠳᠤ ᠵᠦᠪᠬᠡᠨ ︽ᠦᠨᠦᠳᠦᠷ ᠪᠢᠯᠢᠭᠳᠦ ᠠᠴᠠ 5 ᠲᠦᠮᠡᠨ ᠲᠦᠬᠦᠷᠢᠭ ᠵᠢᠬᠡᠯᠡᠪᠡ︾ ᠬᠡᠵᠦ ᠪᠢᠴᠢᠭᠰᠡᠨ ᠪᠠᠶᠢᠯ᠎ᠠ᠃ ᠬᠤᠶᠠᠷ ᠵᠢᠯ ᠦᠡᠭᠬᠡᠷᠡᠭᠰᠡᠨ ᠪᠠᠶᠢᠳᠠᠯ᠎ᠠ ᠯᠢ ᠤᠪᠤᠭᠳᠤ ᠵᠢᠬᠡᠯᠡᠭᠰᠡᠨ ᠵᠤᠭᠤᠰ ᠢᠶᠠᠨ ᠪᠤᠴᠠᠭᠠᠭᠰᠠᠨ ᠦᠬᠡᠢ ᠲᠤᠯᠠ ᠪᠢᠯᠢᠭᠳᠦ ᠵᠠᠭᠠᠯᠳᠤᠯᠭ᠎ᠠ ᠬᠢᠬᠦ ᠪᠠᠷ ᠪᠤᠳᠤᠯᠬᠢᠯᠠᠭᠰᠠᠨ ᠪᠠᠶᠢᠨ᠎ᠠ᠃ ᠲᠡᠬᠡᠪᠡᠯ ᠲᠤᠬᠠᠢ ᠶᠢᠨ ᠦᠶ᠎ᠡ ᠶᠢᠨ ᠡᠨᠡᠬᠦ ᠵᠢᠬᠡᠯᠡᠯᠬᠡ ᠶᠢᠨ ᠪᠠᠷᠢᠮᠳᠠ ᠨᠢ ᠬᠠᠤᠯᠢ ᠶᠢᠨ ᠬᠦᠴᠦᠨ ᠲᠠᠢ ᠤᠤ︖ ᠵᠤᠭᠤᠰ ᠵᠢᠬᠡᠯᠡᠭᠰᠡᠨ ᠪᠠᠷᠢᠮᠳᠠ ᠬᠡᠳᠡᠭ ᠨᠢ ᠵᠤᠭᠤᠰ ᠵᠢᠬᠡᠯᠡᠭᠰᠡᠨ ᠬᠦᠮᠦᠨ ᠨᠢ ᠵᠢᠬᠡᠯᠡᠬᠦᠯᠦᠭᠰᠡᠨ ᠬᠦᠮᠦᠨ ᠳᠤ ᠪᠢᠴᠢᠵᠦ ᠦᠭᠭᠦ ᠪᠢᠴᠢᠭ ᠤᠨ ᠬᠡᠯᠪᠡᠷᠢ ᠶᠢᠨ ᠪᠠᠷᠢᠮᠳᠠ ᠪᠤᠯᠤᠨ᠎ᠠ᠃ ᠡᠨᠡ ᠨᠢ ᠬᠤᠶᠠᠷ ᠡᠳᠡᠬᠡᠳ ᠤᠨ ᠬᠤᠭᠤᠷᠤᠨᠳᠤᠬᠢ ᠵᠤᠭᠤᠰ ᠵᠢᠬᠡᠯᠡᠭᠰᠡᠨ ᠬᠠᠷᠢᠴᠠᠭ᠎ᠠ ᠶᠢ ᠲᠤᠳᠤᠷᠬᠠᠢᠢᠯᠠᠵᠦ ᠬᠡᠷ᠎ᠡ ᠶᠢᠨ ᠬᠦᠴᠦᠨ ᠲᠠᠢ ᠪᠠᠶᠢᠳᠠᠭ᠃ ᠡᠶᠢᠮᠦ ᠠᠴᠠ ᠲᠤᠰ ᠵᠢᠱᠢᠶ᠎ᠡ ᠳᠤ ᠯᠢ ᠤᠪᠤᠭᠳᠤ ᠶᠢᠨ ᠪᠢᠴᠢᠭᠰᠡᠨ ᠵᠤᠭᠤᠰ ᠵᠢᠬᠡᠯᠡᠬᠦ ᠪᠠᠷᠢᠮᠳᠠ ᠬᠠᠤᠯᠢ ᠶᠢᠨ ᠬᠦᠴᠦᠨ ᠲᠠᠢ᠂ ᠬᠡᠷᠪᠡ ᠵᠤᠭᠤᠰ ᠵᠢᠬᠡᠯᠡᠭᠰᠡᠡ ᠬᠤᠭᠤᠴᠠᠭ᠎ᠠ ᠲᠤᠯᠵᠦ ᠯᠢ ᠤᠪᠤᠭᠳᠤ ᠮᠦᠨ ᠪᠤᠴᠠᠭᠠᠬᠤ ᠦᠬᠡᠢ ᠪᠤᠯ ᠳᠤᠰ ᠪᠠᠷᠢᠮᠳᠠ ᠪᠠᠷ ᠭᠤᠤᠯ ᠬᠡᠷᠡᠴᠢ ᠪᠤᠯᠭᠠᠵᠦ ᠵᠠᠭᠠᠯᠳᠤᠯᠭ᠎ᠠ ᠬᠢᠵᠦ ᠪᠤᠯᠤᠨ᠎ᠠ᠃ ᠵᠠᠭᠠᠯᠳᠤᠯᠭ᠎ᠠ ᠬᠢᠬᠦ ᠬᠦᠴᠦᠨ ᠲᠠᠢ ᠬᠤᠭᠤᠴᠠᠭ᠎ᠠ ᠨᠢ ᠵᠤᠭᠤᠰ ᠢᠶᠠᠨ ᠪᠤᠴᠠᠭᠠᠬᠤ ᠪᠠᠷ ᠳᠤᠭᠳᠠᠭᠰᠡᠨ ᠡᠳᠦᠷ ᠠᠴᠠ ᠡᠬᠢᠯᠡᠨ ᠬᠤᠶᠠᠷ ᠵᠢᠯ ᠤᠨ ᠬᠤᠭᠤᠴᠠᠭ᠎ᠠ ᠪᠤᠯᠤᠨ᠎ᠠ᠃ ᠪᠤᠳᠠᠳᠤ ᠠᠮᠢᠳᠦᠷᠠᠯ ᠤᠨ ᠲᠤᠮᠳᠠ ᠬᠡᠷᠪᠡ ᠪᠤᠰᠤᠳ ᠲᠤ ᠵᠤᠭᠤᠰ ᠵᠢᠬᠡᠯᠡᠬᠦᠯᠬᠦ ᠳᠤ ᠬᠦᠷᠪᠠᠯ᠂ ᠵᠤᠭᠤᠰ ᠵᠢᠬᠡᠯᠡᠭᠰᠡᠨ ᠪᠡᠷᠢᠮᠳᠠ ᠪᠢᠴᠢᠬᠦ ᠴᠢᠬᠤᠯᠠᠳᠠᠢ ᠪᠠᠶᠢᠳᠠᠭ ᠮᠦᠷᠳᠠᠬᠡᠨ ᠪᠠᠷᠢᠮᠳᠠ ᠪᠢᠴᠢᠬᠦ ᠳᠤ ᠳᠤᠤᠷᠠᠬᠢ ᠵᠦᠢᠯ ᠢ ᠠᠩᠬᠠᠷᠬᠤ ᠴᠢᠬᠤᠯᠠᠳᠠᠢ ᠪᠠᠶᠢᠳᠠᠭ᠃ ᠵᠢᠬᠡᠯᠡᠯᠬᠡ ᠶᠢᠨ ᠪᠠᠷᠢᠮᠳᠠ ᠳᠤ ᠵᠤᠭᠤᠰ ᠵᠢᠬᠡᠯᠡᠭᠰᠡᠨ ᠬᠦᠮᠦᠨ᠂ ᠵᠤᠭᠤᠰ ᠤᠨ ᠲᠤᠭ᠎ᠠ᠂ ᠪᠤᠴᠠᠭᠠᠬᠤ ᠡᠳᠦᠷ ᠵᠡᠷᠬᠡ ᠪᠠᠨ ᠨᠠᠷᠢᠨ ᠳᠤᠭᠳᠠᠬᠤ ᠬᠡᠷᠡᠭᠳᠠᠢ ᠪᠠᠶᠢᠳᠠᠭ᠃ ᠡᠬᠦᠨ ᠳᠤ ᠵᠤᠭᠤᠰ ᠤᠨ ᠲᠤᠭ᠎ᠠ ᠪᠠᠨ ᠠᠷᠠᠪ ᠲᠤᠭ᠎ᠠ ᠪᠠ ᠦᠰᠦᠭ ᠪᠢᠴᠢᠭ ᠢᠶᠠᠷ ᠵᠡᠷᠬᠡ ᠳᠤᠨᠢ ᠢᠯᠡᠳᠬᠡᠪᠠᠯ ᠵᠤᠬᠢᠨ᠎ᠠ᠃ ᠬᠡᠷᠪᠡ ᠪᠠᠷᠢᠮᠳᠠ ᠶᠢ ᠬᠢᠳᠠᠳ ᠦᠰᠦᠭ ᠢᠶᠠᠷ ᠪᠢᠴᠢᠪᠠᠯ ᠵᠤᠭᠤᠰ ᠤᠨ ᠲᠤᠭ᠎ᠠ ᠶᠢ ᠶᠡᠭᠡ ᠪᠢᠴᠢᠯᠬᠡ ᠶᠢᠨ ᠬᠢᠳᠠᠳ ᠦᠰᠦᠭ ᠢᠶᠠᠷ ᠳᠤᠳᠤᠷᠬᠠᠢᠢᠯᠠᠪᠠᠯ ᠵᠤᠬᠢᠨ᠎ᠠ᠃ ︽ᠬᠡᠷ᠎ᠠ ᠶᠢᠨ ᠬᠠᠤᠯᠢ︾ ᠳᠤ ᠳᠤᠭᠳᠠᠭᠰᠡᠨ ᠢᠶᠠᠷ᠂ ᠬᠡᠷᠪᠡ ᠪᠡᠷᠢᠮᠳᠠ ᠳᠤ ᠬᠦᠦ ᠮᠦᠡᠭᠬᠦ ᠶᠢᠨ ᠳᠤᠬᠠᠢ ᠳᠤᠳᠤᠷᠬᠠᠢᠢᠯᠠᠭᠰᠡᠨ ᠦᠬᠡᠢ ᠪᠤᠯ᠂ ᠬᠦᠦ ᠮᠦᠡᠭᠬᠦ ᠦᠬᠡᠢ ᠪᠠᠷ ᠪᠤᠳᠤᠨ᠎ᠠ᠂ ᠬᠡᠷᠪᠡ ᠬᠦᠦ ᠮᠦᠡᠭᠬᠦ ᠶᠢᠨ ᠲᠤᠭ᠎ᠠ ᠪᠠᠨ ᠳᠤᠭᠳᠠᠭᠰᠡᠨ ᠪᠤᠯ ᠪᠤᠯᠵᠤᠭᠰᠡᠨ ᠶᠤᠰᠤᠭᠠᠷ ᠬᠦᠤ ᠮᠦᠡᠭᠬᠦ ᠪᠤᠳᠤᠵᠦ ᠠᠪᠤᠨ᠎ᠠ᠂ ᠬᠡᠪᠡᠴᠦ ᠬᠦᠦ ᠮᠦᠡᠭᠬᠦ ᠶᠢᠨ ᠨᠤᠷᠮ᠎ᠠ ᠨᠢ ᠤᠯᠤᠰ ᠤᠨ ᠬᠠᠮᠢᠶ᠎ᠠ ᠪᠦᠬᠦᠢ ᠲᠦᠷᠢᠮ ᠳᠤᠭᠳᠠᠭᠠᠯ ᠠᠴᠠ ᠬᠡᠳᠤᠷᠡᠵᠦ ᠪᠤᠯᠬᠤ ᠦᠬᠡᠢ ᠪᠠᠶᠢᠳᠠᠭ᠃ ︵ᠲᠤᠰ ᠡᠭᠡ ᠪᠢᠴᠢᠭ ᠢ ᠠᠶᠢᠮᠠᠭ ᠤᠨ ᠬᠠᠥᠯᠢ ᠴᠠᠭᠠᠵᠠ ᠶᠢᠨ ᠲᠤᠪᠴᠢᠶ᠎ᠠ ᠠᠴᠠ ᠬᠠᠨᠭ᠍ᠭᠠᠪᠠ︶
 
ᠢᠷᠡᠯᠲᠡ᠄ ᠠᠶᠢᠮᠠᠭ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号