ᠬᠠᠮᠢᠶᠠᠷᠣᠯᠳᠠ ᠶᠢᠨ ᠣᠷᠣᠨ ᠠᠴᠠ 2017 ᠣᠨ ᠤ 11 ᠰᠠᠷ᠎ᠠ ᠳᠤ ᠶᠠᠳᠠᠭᠤ ᠬᠦᠴᠢᠷᠳᠡᠢ ᠵᠡᠮᠳᠡᠭ ᠬᠦᠮᠦᠰ ᠲᠤ ᠠᠮᠢᠳᠣᠷᠠᠯ ᠤᠨ ᠨᠦᠬᠦᠪᠦᠷᠢ ᠪᠠ ᠬᠦᠨᠳᠣ ᠵᠡᠮᠳᠡᠭᠴᠦᠳ ᠢ ᠠᠰᠠᠷᠠᠬᠤ ᠨᠦᠬᠦᠪᠦᠷᠢ ᠪᠠᠭᠤᠯᠭᠠᠪᠠ
ᠨᠡᠶᠢᠲᠡᠯᠡᠭᠰᠡᠨ ᠴᠠᠭ᠄
2017-11-22
        ᠵᠡᠮᠳᠡᠭ ᠬᠦᠮᠦᠰ ᠤᠨ ᠴᠢᠨᠡᠬᠡᠯᠢᠭᠵᠢᠬᠦ ᠠᠬᠢᠴᠠ ᠶᠢ ᠲᠦᠯᠬᠢᠨ ᠠᠬᠢᠭᠤᠯᠬᠤ ᠶᠢ ᠲᠦᠷᠬᠡᠳᠬᠡᠬᠦ᠂ ᠵᠡᠮᠳᠡᠭ ᠬᠦᠮᠦᠰ ᠤᠨ ᠲᠣᠬᠠᠢ ᠲᠣᠰᠬᠠᠢ ᠠᠰᠠᠷᠠᠮᠵᠢ ᠶᠢᠨ ᠲᠦᠷᠦ ᠶᠢᠨ ᠪᠣᠳᠣᠯᠭ᠎ᠠ ᠶᠢ ᠪᠦᠬᠦ ᠲᠠᠯ᠎ᠠ ᠪᠠᠷ ᠪᠠᠶᠢᠭᠤᠯᠣᠨ ᠲᠡᠬᠦᠯᠳᠡᠷᠵᠢᠬᠦᠯᠬᠦ᠂ ᠵᠡᠮᠳᠡᠭ ᠬᠦᠮᠦᠰ ᠤᠨ ᠨᠡᠶᠢᠬᠡᠮ ᠤᠨ ᠪᠠᠳᠣᠯᠠᠭ᠎ᠠ ᠶᠢᠨ ᠰᠢᠰᠲ᠋ᠧᠮ ᠢ ᠣᠯᠠᠮ ᠨᠢᠬᠡ ᠠᠯᠬᠤᠮ ᠰᠠᠶᠢᠵᠢᠷᠠᠭᠤᠯᠬᠤ ᠶᠢᠨ ᠲᠦᠯᠦᠬᠡ᠂ ᠬᠠᠮᠢᠶᠠᠷᠣᠯᠳᠠ ᠶᠢᠨ ᠣᠷᠣᠨ ᠠᠴᠠ 2016 ᠣᠨ ᠳᠤ ︽ᠶᠠᠳᠠᠭᠤ ᠬᠦᠴᠢᠷᠳᠡᠢ ᠵᠡᠮᠳᠡᠭ ᠬᠦᠮᠦᠰ ᠤᠨ ᠠᠮᠢᠳᠣᠷᠠᠯ ᠤᠨ ᠨᠦᠬᠦᠪᠦᠷᠢ ᠪᠠ ᠬᠦᠨᠳᠣ ᠵᠡᠮᠳᠡᠭᠴᠦᠳ ᠢ ᠠᠰᠠᠷᠠᠬᠤ ᠨᠦᠬᠦᠪᠦᠷᠢ ᠶᠢᠨ ᠲᠦᠷᠢᠮ ᠎ ᠢ ᠪᠦᠬᠦ ᠲᠠᠯ᠎ᠠ ᠪᠠᠷ ᠪᠠᠶᠢᠭᠤᠯᠬᠤ ᠲᠣᠬᠠᠢ ᠮᠡᠳᠡᠭᠳᠡᠯ︾ ᠭᠠᠷᠭᠠᠵᠦ᠂ ᠬᠠᠮᠢᠶᠠᠷᠣᠯᠳᠠ ᠶᠢᠨ ᠣᠷᠣᠨ ᠤ ᠵᠡᠮᠳᠡᠭ ᠬᠦᠮᠦᠰ ᠎ ᠤᠨ ᠣᠨᠴᠠᠭᠠᠢ ᠬᠦᠴᠢᠷ ᠠᠮᠢᠳᠣᠷᠠᠯ ᠪᠠ ᠬᠠᠷᠠᠭᠠᠯᠵᠠᠯ ᠤᠨ ᠬᠦᠴᠢᠷ ᠠᠰᠠᠭᠤᠳᠠᠯ ᠢ ᠰᠢᠢᠳᠪᠦᠷᠢᠯᠡᠨ᠂ ᠨᠦᠬᠦᠪᠦᠷᠢᠯᠡᠬᠦ ᠡᠳᠡᠭᠡᠳ ᠪᠠ ᠨᠦᠬᠦᠪᠦᠷᠢᠯᠡᠬᠦ ᠪᠠᠷᠢᠮᠵᠢᠶ᠎ᠠ ᠵᠢᠴᠢ ᠬᠡᠯᠪᠡᠷᠢ ᠶᠢ ᠲᠣᠳᠣᠳᠬᠠᠪᠠ᠃ ᠬᠦᠴᠢᠷᠳᠡᠢ ᠵᠡᠮᠳᠡᠭ ᠬᠦᠮᠦᠰ ᠤᠨ ᠠᠮᠢᠳᠣᠷᠠᠯ ᠢ ᠨᠦᠬᠦᠪᠦᠷᠢᠯᠡᠬᠦ ᠡᠳᠡᠭᠡᠳ ᠨᠢ ᠲᠣᠣᠷ᠎ᠠ ᠪᠠᠳᠣᠯᠠᠭᠠᠳᠣ ᠡᠷᠦᠬᠡ ᠶᠢᠨ ᠵᠡᠮᠳᠡᠭ ᠬᠦᠮᠦᠰ᠂ ᠲᠣᠣᠷ᠎ᠠ ᠣᠷᠣᠯᠭ᠎ᠠ ᠲᠠᠢ ᠵᠡᠮᠳᠡᠭ ᠬᠦᠮᠦᠰ ᠵᠢᠴᠢ ᠪᠣᠰᠣᠳ ᠬᠦᠴᠢᠷ ᠲᠠᠢ ᠵᠡᠮᠳᠡᠭ ᠬᠦᠮᠦᠰ ᠪᠠᠶᠢᠵᠦ᠂ ᠨᠦᠬᠦᠪᠦᠷᠢᠯᠡᠬᠦ ᠪᠠᠷᠢᠮᠵᠢᠶ᠎ᠠ ᠨᠢ ᠬᠦᠮᠦᠨ ᠪᠦᠷᠢ ᠰᠠᠷ᠎ᠠ ᠳᠤ 100 ᠲᠦᠬᠦᠷᠢᠭ᠃ ᠬᠦᠨᠳᠣ ᠵᠡᠮᠳᠡᠭ ᠬᠦᠮᠦᠰ ᠤᠨ ᠠᠰᠠᠷᠠᠮᠵᠢ ᠶᠢ ᠨᠦᠬᠦᠪᠦᠷᠢᠯᠡᠬᠦ ᠡᠳᠡᠭᠡᠳ ᠨᠢ ᠵᠡᠮᠳᠡᠭ ᠤᠨ ᠲᠡᠰ ᠨᠢ ᠨᠢᠬᠡᠳᠦᠬᠡᠷ ᠲᠡᠰ᠂ ᠬᠤᠶᠠᠳᠣᠭᠠᠷ ᠲᠡᠰ ᠢᠶᠠᠷ ᠦᠨᠡᠯᠡᠭᠳᠡᠭᠰᠡᠨ ᠵᠡᠮᠳᠡᠭ ᠬᠦᠮᠦᠰ ᠪᠠᠶᠢᠵᠦ᠂ ᠨᠦᠬᠦᠪᠦᠷᠢᠯᠡᠬᠦ ᠪᠠᠷᠢᠮᠵᠢᠶ᠎ᠠ ᠨᠢ ᠬᠦᠮᠦᠨ ᠪᠦᠷᠢ ᠰᠠᠷ᠎ᠠ ᠳᠤ 100 ᠲᠦᠬᠦᠷᠢᠭ᠃ ᠨᠦᠬᠦᠪᠦᠷᠢᠯᠡᠬᠦ ᠬᠡᠯᠪᠡᠷᠢ ᠨᠢ ᠡᠳ᠋ ᠤᠨ ᠵᠠᠰᠠᠭ ᠤᠨ ᠨᠦᠬᠦᠪᠦᠷᠢᠯᠡᠬᠦ ᠪᠡᠯᠡ ᠮᠦᠩᠬᠦ ᠶᠢ ︽ᠲᠦᠬᠦᠮ ᠺᠠᠷᠲ︾᠎ ᠲᠤ ᠣᠷᠣᠭᠤᠯᠣᠨ ᠦᠭᠴᠦ ᠡᠷᠦᠬᠡ ᠳᠤ ᠬᠦᠷᠬᠡᠬᠦ᠃ 2017 ᠣᠨ ᠤ 11 ᠰᠠᠷ᠎ᠠ ᠳᠤ ᠬᠠᠮᠢᠶᠠᠷᠣᠯᠳᠠ ᠶᠢᠨ ᠣᠷᠣᠨ ᠎ ᠠᠴᠠ 165 ᠨᠡᠷᠡᠰ ᠬᠦᠴᠢᠷ ᠲᠠᠢ ᠵᠡᠮᠳᠡᠭ ᠬᠦᠮᠦᠰ ᠲᠤ 16500 ᠲᠦᠬᠦᠷᠢᠭ ᠠᠮᠢᠳᠣᠷᠠᠯ ᠤᠨ ᠨᠦᠬᠦᠪᠦᠷᠢ ᠣᠯᠭᠤᠵᠦ᠂ 160 ᠨᠡᠷᠡᠰ ᠬᠦᠨᠳᠣ ᠵᠡᠮᠳᠡᠭ ᠬᠦᠮᠦᠰ ᠲᠤ 16000 ᠲᠦᠬᠦᠷᠢᠭ ᠤᠨ ᠠᠰᠠᠷᠠᠮᠵᠢ ᠶᠢᠨ ᠨᠦᠬᠦᠪᠦᠷᠢ ᠣᠯᠭᠤᠪᠠ᠃ ᠲᠡᠭᠡᠷᠡᠬᠢ ᠨᠦᠬᠦᠪᠦᠷᠢ ᠮᠦᠩᠬᠦ ᠶᠢ ᠪᠦᠷ ︽ᠲᠦᠬᠦᠮ ᠺᠠᠷᠲ︾᠎ ᠲᠤ ᠣᠷᠣᠭᠤᠯᠣᠨ ᠦᠭᠴᠦ ᠡᠷᠦᠬᠡ ᠎ ᠳᠤ ᠬᠦᠷᠭᠡᠭᠰᠡᠨ ᠪᠠᠶᠢᠨ᠎ᠠ᠃
 
ᠢᠷᠡᠯᠲᠡ᠄ ᠣᠯᠠᠭᠠᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃   ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ : 010098    蒙ICP备05000248号