ᠬᠠᠮᠢᠶᠠᠷᠣᠯᠳᠠ ᠶᠢᠨ ᠣᠷᠣᠨ ᠤ ᠨᠠᠷᠠᠨ ᠡᠨᠧᠷᠬᠢ ᠶᠢᠨ ᠬᠡᠷᠡᠯ ᠤᠨ ᠴᠠᠬᠢᠯᠠᠭᠠᠨ ᠭᠠᠷᠭᠠᠯᠳᠠ ᠶᠢ ᠪᠠᠷᠢᠯᠭ᠎ᠠ ᠎ ᠳᠤ ᠠᠰᠢᠭᠯᠠᠬᠤ ᠨᠢᠬᠡᠴᠢᠯᠡᠭᠰᠡᠨ ᠲᠦᠰᠦᠯ ᠠᠰᠢᠭᠯᠠᠯᠳᠠ ᠳᠤ ᠣᠷᠣᠪᠠ
ᠨᠡᠶᠢᠲᠡᠯᠡᠭᠰᠡᠨ ᠴᠠᠭ᠄
2017-11-29
      ᠣᠯᠣᠰ ᠤᠨ ᠡᠨᠧᠷᠬᠢ ᠶᠢ ᠠᠷᠪᠢᠯᠠᠨ ᠭᠠᠳᠠᠭᠰᠢᠯᠠᠭᠤᠯᠣᠯᠳᠠ ᠶᠢ ᠪᠠᠭᠠᠰᠬᠠᠬᠤ ᠠᠵᠢᠯ ᠢ ᠪᠠᠶᠢᠷᠢᠯᠠᠭᠤᠯᠬᠤ ᠲᠦᠯᠦᠪᠯᠡᠭᠡ ᠢᠶᠠᠷ ︽ᠡᠳ᠋ ᠤᠨ ᠵᠠᠰᠠᠭ ᠤᠨ ᠶᠠᠮᠣᠨ ᠣᠷᠣᠨ ᠰᠠᠭᠤᠴᠠ ᠪᠠ ᠬᠤᠳᠠ ᠬᠦᠳᠡᠭᠡ ᠶᠢᠨ ᠪᠦᠳᠦᠬᠡᠨ ᠪᠠᠶᠢᠭᠤᠯᠣᠯᠳᠠ ᠶᠢᠨ ᠶᠠᠮᠣᠨ ᠤ ᠨᠠᠷᠠᠨ ᠡᠨᠧᠷᠬᠢ ᠶᠢᠨ ᠬᠡᠷᠡᠯ ᠤᠨ ᠴᠠᠬᠢᠯᠠᠭᠠᠨ ᠢ ᠪᠠᠷᠢᠯᠭ᠎ᠠ ᠳᠤ ᠠᠰᠢᠭᠯᠠᠬᠤ ᠨᠢᠬᠡᠴᠢᠯᠡᠭᠰᠡᠨ ᠵᠢᠱᠢᠶ᠎ᠡ ᠦᠵᠡᠬᠦᠯᠬᠦ ᠮᠡᠳᠡᠭᠳᠡᠯ︾ ︵ᠡᠳ᠋ ᠤᠨ ᠠᠯᠪᠠᠨ ᠪᠠᠶᠢᠭᠤᠯᠣᠯᠳᠠ ﹇2011﹈ 9 ᠳ᠋ᠣᠭᠠᠷ︶ ᠎ ᠤᠨ ᠵᠣᠷᠢᠭ ᠰᠠᠨᠠᠭ᠎ᠠ ᠶᠢ ᠦᠨᠳᠦᠰᠦᠯᠡᠵᠦ᠂ ᠬᠠᠮᠢᠶᠠᠷᠣᠯᠳᠠ ᠶᠢᠨ ᠣᠷᠣᠨ ᠠᠴᠠ ᠰᠢᠨ᠎ᠡ ᠪᠠᠶᠢᠭᠤᠯᠣᠭᠰᠠᠨ ᠣᠯᠠᠨ ᠨᠡᠶᠢᠳᠡ ᠶᠢᠨ ᠪᠠᠷᠢᠯᠭ᠎ᠠ ᠲᠡᠭᠡᠷ᠎ᠡ ︵ᠲᠠᠯ᠎ᠠ ᠨᠣᠳᠤᠭ ᠤᠨ 110 ᠵᠢᠯᠣᠭᠤᠳᠬᠤ ᠲᠦᠪ ᠤᠨ ᠠᠵᠢᠯᠯᠠᠬᠤ ᠠᠰᠠᠷ᠂ ᠨᠦᠩ ᠳ᠋ᠠ ᠲᠠᠷᠢᠶᠠᠯᠠᠩ ᠤᠨ ᠮᠠᠰᠢᠨ ᠤ ᠦᠢᠯᠡᠴᠢᠯᠡᠬᠡᠨ ᠤ ᠬᠢᠵᠠᠭᠠᠷᠳᠣ ᠺᠣᠮᠫᠠᠨᠢ ᠶᠢᠨ ᠶᠡᠷᠦᠩᠬᠡᠶᠢᠯᠡᠭᠰᠡᠨ ᠠᠰᠠᠷ᠂ ᠴᠠᠬᠢᠯᠭᠠᠨ ᠬᠦᠴᠦᠨ ᠤ ᠠᠵᠢᠯᠯᠠᠬᠤ ᠠᠰᠠᠷ︶ ᠬᠡᠷᠡᠯ ᠤᠨ ᠴᠠᠬᠢᠯᠭᠠᠨ ᠭᠠᠷᠭᠠᠯᠳᠠ ᠶᠢᠨ ᠲᠦᠬᠦᠬᠡᠷᠣᠮᠵᠢ ᠣᠭᠰᠠᠷᠠᠪᠠ᠃ ᠶᠡᠷᠦᠩᠬᠡᠢ ᠣᠭᠰᠠᠷᠠᠭᠰᠠᠨ ᠮᠠᠰᠢᠨ ᠤ ᠪᠠᠭᠳᠠᠭᠠᠮᠵᠢ ᠶᠢᠨ ᠬᠡᠮᠵᠢᠶ᠎ᠡ ᠨᠢ 87Kwp᠃ ᠡᠮᠦᠨᠡᠬᠢ ᠬᠤᠭᠤᠴᠠᠭᠠᠨ ᠤ ᠡᠯ᠎ᠡ ᠵᠦᠢᠯ ᠤᠨ ᠪᠡᠯᠡᠳᠬᠡᠯ ᠠᠵᠢᠯ ᠵᠢᠴᠢ ᠴᠠᠬᠢᠯᠭᠠᠨ ᠬᠦᠴᠦᠨ ᠤ ᠰᠠᠯᠠᠭ᠎ᠠ ᠮᠦᠴᠢᠷ ᠲᠠᠢ ᠬᠠᠷᠢᠯᠴᠠᠬᠤ ᠪᠠᠷ ᠲᠠᠮᠵᠢᠵᠦ᠂ ᠬᠠᠮᠢᠶᠠᠷᠣᠯᠳᠠ ᠶᠢᠨ ᠣᠷᠣᠨ ᠤ ᠨᠠᠷᠠᠨ ᠡᠨᠧᠷᠬᠢ ᠶᠢᠨ ᠬᠡᠷᠡᠯ ᠤᠨ ᠴᠠᠬᠢᠯᠠᠭᠠᠨ ᠭᠠᠷᠭᠠᠯᠳᠠ ᠶᠢ ᠪᠠᠷᠢᠯᠭ᠎ᠠ ᠎ ᠳᠤ ᠠᠰᠢᠭᠯᠠᠬᠤ ᠨᠢᠬᠡᠴᠢᠯᠡᠭᠰᠡᠨ ᠲᠦᠰᠦᠯ ᠡᠮᠦᠨ᠎ᠡ ᠡᠳᠣᠷ ᠴᠠᠬᠢᠯᠭᠠᠨ ᠬᠦᠴᠦᠨ ᠤ ᠰᠠᠯᠠᠭ᠎ᠠ ᠮᠦᠴᠢᠷ ᠤᠨ ᠰᠢᠯᠭᠠᠯᠳᠠ ᠳᠤ ᠬᠢᠷᠢ ᠲᠡᠩᠴᠡᠵᠦ ᠰᠦᠯᠵᠢᠶ᠎ᠡ ᠨᠡᠶᠢᠯᠡᠬᠦᠯᠦᠨ ᠴᠠᠬᠢᠯᠭᠠᠨ ᠭᠠᠷᠭᠠᠬᠤ ᠨᠦᠬᠦᠴᠡᠯ ᠢ ᠪᠦᠷᠢᠯᠳᠦᠬᠦᠯᠪᠡ᠃ 2017 ᠣᠨ ᠤ 11 ᠰᠠᠷ᠎ᠠ ᠶᠢᠨ 22᠎ ᠤ ᠡᠳᠣᠷ ᠬᠠᠮᠢᠶᠠᠷᠣᠯᠳᠠ ᠶᠢᠨ ᠣᠷᠣᠨ ᠤ ᠨᠠᠷᠠᠨ ᠡᠨᠧᠷᠬᠢ ᠶᠢᠨ ᠬᠡᠷᠡᠯ ᠤᠨ ᠴᠠᠬᠢᠯᠠᠭᠠᠨ ᠭᠠᠷᠭᠠᠯᠳᠠ ᠶᠢ ᠪᠠᠷᠢᠯᠭ᠎ᠠ ᠳᠤ ᠠᠰᠢᠭᠯᠠᠬᠤ ᠨᠢᠬᠡᠴᠢᠯᠡᠭᠰᠡᠨ ᠲᠦᠰᠦᠯ ᠵᠢᠩᠬᠢᠨᠢ ᠰᠦᠯᠵᠢᠶ᠎ᠡ ᠨᠡᠶᠢᠯᠡᠬᠦᠯᠦᠨ ᠴᠠᠬᠢᠯᠭᠠᠨ ᠭᠠᠷᠭᠠᠵᠦ ᠠᠰᠢᠭᠯᠠᠯᠳᠠ ᠳᠤ ᠣᠷᠣᠭᠰᠠᠨ ᠪᠠᠶᠢᠨ᠎ᠠ᠃
 
ᠢᠷᠡᠯᠲᠡ᠄ ᠣᠯᠠᠭᠠᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃   ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ : 010098    蒙ICP备05000248号