ᠣᠯᠠᠭᠠᠢ ᠬᠠᠮᠢᠶᠠᠷᠣᠯᠳᠠ ᠶᠢᠨ ᠣᠷᠣᠨ ᠤ ᠠᠬᠠᠮᠠᠳ ᠺᠠᠳ᠋ᠷ ︽ᠨᠠᠮ ᠪᠡ ᠠᠷᠠᠳ ᠲᠦᠮᠡᠨ ᠤ ᠠᠵᠢᠯ ᠦᠢᠯᠡᠰ  ᠲᠤ ᠵᠦᠪ ᠡᠨᠧᠷᠬᠢ ᠨᠡᠮᠡᠬᠦ︾ ᠬᠦᠳᠡᠯᠬᠡᠬᠡᠨ ᠦᠷᠨᠢᠬᠦᠯᠪᠡ
ᠨᠡᠶᠢᠲᠡᠯᠡᠭᠰᠡᠨ ᠴᠠᠭ᠄
2017/4/18
            ᠣᠯᠠᠭᠠᠢ ᠬᠠᠮᠢᠶᠠᠷᠣᠯᠳᠠ ᠶᠢᠨ ᠣᠷᠣᠨ ᠤ ᠦᠷᠬᠡᠨ ᠣᠯᠠᠨ ᠠᠵᠢᠯ ᠠᠴᠠ ᠠᠮᠠᠷᠠᠭᠰᠠᠨ ᠠᠬᠠᠮᠠᠳ ᠺᠠᠳ᠋ᠷ ᠨᠠᠮ ᠪᠡ ᠠᠷᠠᠳ ᠲᠦᠮᠡᠨ ᠤ ᠠᠵᠢᠯ ᠦᠢᠯᠡᠰ ᠲᠤ ᠵᠦᠪ ᠡᠨᠧᠷᠬᠢ ᠨᠡᠮᠡᠬᠦ ᠰᠢᠷᠢᠰ ᠬᠦᠳᠡᠯᠬᠡᠬᠡᠨ ᠢ ᠦᠷᠬᠦᠯᠵᠢᠯᠡᠨ ᠦᠷᠨᠢᠬᠦᠯᠵᠦ᠂ ᠣᠯᠠᠭᠠᠢ ᠬᠠᠮᠢᠶᠠᠷᠣᠯᠳᠠ ᠶᠢᠨ ᠣᠷᠣᠨ ᠤ ᠠᠬᠠᠮᠠᠳ ᠺᠠᠳ᠋ᠷ ᠤᠨ ᠲᠣᠪᠴᠢᠶ᠎ᠠ ᠦᠷᠬᠡᠨ ᠣᠯᠠᠨ ᠠᠵᠢᠯ ᠠᠴᠠ ᠠᠮᠠᠷᠠᠭᠰᠠᠨ ᠠᠬᠠᠮᠠᠳ ᠺᠠᠳ᠋ᠷ ᠢ ᠵᠣᠬᠢᠶᠠᠨ ᠪᠠᠶᠢᠭᠤᠯᠣᠨ ︽ᠡᠷᠡᠬᠦᠯ ᠲᠣᠩᠭᠠᠯᠠᠭ ᠰᠡᠳᠬᠢᠯ ᠢᠶᠠᠨ ᠲᠡᠯᠬᠡᠵᠦ᠂ ᠵᠣᠯ ᠵᠢᠷᠭᠠᠯᠳᠣ ᠠᠮᠢᠳᠣᠷᠠᠯ ᠢ ᠮᠡᠳᠡᠷᠡᠵᠦ᠂ ᠬᠦᠭᠵᠢᠯᠳᠡ ᠶᠢᠨ ᠬᠤᠪᠢᠷᠠᠯᠳᠠ ᠢ ᠵᠣᠭᠠᠯᠠᠨᠠᠮ︾ ᠬᠡᠳᠡᠭ ᠭᠤᠣᠯ ᠰᠡᠳᠣᠪᠳᠣ ᠬᠦᠳᠡᠯᠬᠡᠬᠡᠨ ᠦᠷᠨᠢᠬᠦᠯᠦᠨ᠂ ᠣᠯᠠᠭᠠᠢ ᠬᠠᠮᠢᠶᠠᠷᠣᠯᠳᠠ ᠶᠢᠨ ᠣᠷᠣᠨ ᠤ ᠠᠵᠦ ᠠᠬᠤᠢ ᠨᠡᠶᠢᠬᠡᠮ ᠤᠨ ᠬᠦᠭᠵᠢᠯᠳᠡ ᠳᠤ ᠦᠯᠡᠳᠡᠮᠡᠯ ᠢᠯᠴᠢ ᠪᠠᠨ ᠡᠷᠬᠦᠵᠦ᠂ ᠬᠦᠴᠦ ᠪᠠᠨ ᠵᠣᠷᠢᠭᠤᠯᠵᠦ ᠪᠣᠢ᠃       ᠭᠤᠣᠯ ᠰᠡᠳᠣᠪᠳᠣ ᠬᠦᠳᠡᠯᠬᠡᠬᠡᠨ ᠦᠷᠨᠢᠬᠦᠯᠬᠦ ᠪᠠᠷ ᠲᠠᠮᠵᠢᠵᠦ᠂ ᠦᠷᠬᠡᠨ ᠣᠯᠠᠨ ᠠᠬᠠᠮᠠᠳ ᠺᠠᠳ᠋ᠷᠴᠣᠳ ᠨᠠᠮ ᠤᠨ ᠣᠬᠢ ᠰᠢᠯᠢᠳᠡᠭ ᠰᠣᠷᠳᠠᠯ ᠢ ᠣᠯᠠᠮᠵᠢᠯᠠᠬᠤ᠂ ᠣᠬᠢ ᠰᠢᠯᠢᠳᠡᠭ ᠣᠯᠠᠮᠵᠢᠯᠠᠯᠳᠣ ᠰᠣᠶᠣᠯ ᠢ ᠪᠠᠳᠠᠷᠠᠭᠤᠯᠬᠤ᠂ ᠵᠠᠯᠠᠭᠤ ᠪᠠᠭᠠᠴᠣᠳ ᠤᠨ ᠰᠣᠷᠭᠠᠨ ᠬᠦᠮᠦᠵᠢᠯ ᠢ ᠬᠠᠯᠠᠮᠵᠢᠯᠠᠬᠤ᠂ ᠬᠠᠣᠯᠢ ᠲᠦᠷᠢᠮ ᠤᠨ ᠰᠣᠷᠭᠠᠨ ᠬᠦᠮᠦᠵᠢᠯ ᠤᠨ ᠣᠬᠠᠭᠤᠯᠭ᠎ᠠ ᠵᠡᠷᠬᠡ ᠲᠠᠯ᠎ᠠ ᠪᠠᠷ ᠢᠳᠡᠪᠬᠢᠳᠡᠢ ᠦᠢᠯᠡᠳᠣᠯ ᠦᠵᠡᠬᠦᠯᠪᠡ᠃ ᠠᠵᠢᠯ ᠠᠴᠠ ᠠᠮᠠᠷᠠᠭᠰᠠᠨ ᠠᠬᠠᠮᠠᠳ ᠺᠠᠳ᠋ᠷ ᠲᠤ ᠲᠦᠰᠢᠭᠯᠡᠨ ᠵᠣᠬᠢᠶᠠᠨ ᠪᠠᠶᠢᠭᠤᠯᠣᠭᠰᠠᠨ ᠨᠠᠰᠣᠳᠠᠶᠢᠴᠣᠳ ᠤᠨ ᠰᠢᠨᠵᠢᠯᠡᠭᠡ ᠮᠡᠷᠬᠡᠵᠢᠯ ᠤᠨ ᠨᠡᠶᠢᠬᠡᠮᠯᠢᠭ ᠪᠣᠯᠣᠨ ᠬᠠᠯᠠᠮᠵᠢᠯᠠᠬᠤ ᠵᠦᠪᠯᠡᠯ ᠵᠡᠷᠬᠡ ᠬᠤᠶᠠᠷ ᠵᠣᠬᠢᠶᠠᠨ ᠪᠠᠶᠢᠭᠤᠯᠣᠯᠭ᠎ᠠ ᠶᠢᠨ ᠠᠬᠠᠮᠠᠳ ᠺᠠᠳ᠋ᠷ ᠤᠨ ᠣᠯᠣᠰ ᠲᠦᠷᠦ ᠶᠢᠨ ᠲᠠᠪᠠᠭᠤᠯᠢᠭ᠂ ᠲᠣᠷᠰᠢᠯᠭ᠎ᠠ ᠶᠢᠨ ᠲᠠᠪᠠᠭᠤᠯᠢᠭ᠂ ᠨᠡᠷ᠎ᠡ ᠬᠦᠨᠳᠣ ᠶᠢᠨ ᠲᠠᠪᠠᠭᠤᠯᠢᠭ ᠢ ᠬᠦᠢᠴᠡᠳ ᠪᠠᠳᠠᠷᠠᠭᠤᠯᠵᠦ᠂ ᠨᠡᠶᠢᠬᠡᠮ ᠤᠨ ᠵᠦᠪ ᠡᠨᠧᠷᠬᠢ ᠶᠢ ᠢᠳᠡᠪᠬᠢᠳᠡᠢ ᠲᠠᠷᠬᠠᠭᠰᠠᠨ ᠪᠠᠶᠢᠨ᠎ᠠ᠃       ᠠᠬᠠᠮᠠᠳ ᠺᠠᠳ᠋ᠷᠴᠣᠳ ᠤᠨ ᠵᠦᠪ ᠡᠨᠧᠷᠬᠢ ᠢ ᠣᠯᠠᠮ ᠰᠠᠶᠢᠨ ᠲᠠᠷᠠᠬᠠᠬᠤ ᠶᠢᠨ ᠲᠦᠯᠦᠬᠡ᠂ ᠬᠠᠮᠢᠶᠠᠷᠣᠯᠳᠠ ᠶᠢᠨ ᠣᠷᠣᠨ ᠠᠴᠠ ︽ᠣᠯᠠᠭᠠᠢ ᠶᠢᠨ ᠠᠬᠠᠮᠠᠳ ᠺᠠᠳ᠋ᠷ ᠤᠨ ᠡᠷᠬᠢᠴᠡᠬᠦᠯᠦᠯ︾ ᠢ ᠰᠢᠩᠬᠡᠨ ᠵᠣᠬᠢᠶᠠᠵᠦ᠂ ᠠᠬᠠᠮᠠᠳ ᠺᠠᠳ᠋ᠷ ᠤᠨ ᠲᠣᠰ ᠪᠡᠶ᠎ᠡ ᠶᠢᠨ ᠦᠩᠬᠡᠷᠡᠯᠳᠡ ᠪᠠᠷ ᠨᠢ ᠣᠯᠠᠭᠠᠢ ᠣᠷᠣᠨ ᠤ ᠡᠯ᠎ᠡ ᠴᠠᠭ ᠦᠶ᠎ᠡ ᠶᠢᠨ ᠬᠦᠭᠵᠢᠯᠳᠡ ᠶᠢᠨ ᠲᠡᠦᠬᠡᠨ ᠶᠠᠪᠣᠴᠠ  ᠶᠢ ᠲᠣᠭᠠᠴᠢᠭᠤᠯᠵᠦ᠂ ᠬᠠᠮᠢᠶᠠᠷᠣᠯᠳᠠ ᠶᠢᠨ ᠣᠷᠣᠨ ᠤ ᠢᠷᠡᠬᠡᠳᠦᠢ ᠳᠤ ᠨᠠᠨᠳᠢᠨ ᠬᠦᠷᠦᠩᠬᠡ ᠦᠯᠡᠳᠡᠬᠡᠬᠦ ᠶᠢᠨ ᠬᠠᠮᠳᠣ᠂ ᠵᠠᠯᠠᠭᠤ ᠪᠠᠭᠠᠴᠣᠳ ᠢ ᠰᠣᠷᠭᠠᠨ ᠬᠦᠮᠦᠵᠢᠬᠦᠯᠬᠦ ᠲᠠᠯ᠎ᠠ ᠪᠠᠷ ᠢᠳᠡᠪᠬᠢᠳᠡᠢ ᠰᠣᠷᠭᠠᠨ ᠬᠦᠮᠦᠵᠢᠬᠦᠯᠬᠦ ᠪᠠ ᠵᠣᠷᠢᠭᠵᠢᠭᠤᠯᠬᠤ ᠦᠢᠯᠡᠳᠣᠯ ᠭᠠᠷᠭᠠᠵᠦ ᠪᠣᠢ᠃
 
ᠢᠷᠡᠯᠲᠡ᠄ ᠣᠯᠠᠭᠠᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号