ᠪᠤᠶᠠᠨᠬᠡᠰᠢᠭ
ᠨᠡᠶᠢᠲᠡᠯᠡᠭᠰᠡᠨ ᠴᠠᠭ᠄
2017/4/24
       ᠪᠤᠶᠠᠨᠬᠡᠰᠢᠭ 1972 ᠤᠨ ᠳᠤ ᠦᠪᠦᠷ ᠮᠤᠩᠭᠤᠯ ᠤᠨ ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠳᠤ ᠲᠦᠷᠦᠵᠠᠢ᠃ 1999 ᠤᠨ ᠳᠤ ᠬᠠᠷᠪᠢᠨ ᠤ ᠠᠵᠤ ᠤᠶᠢᠯᠠᠳᠪᠤᠷᠢ ᠶᠢᠨ ᠶᠡᠭᠡ ᠰᠤᠷᠭᠠᠭᠤᠯᠢ ᠶᠢᠨ ᠨᠢᠰᠤᠬᠦᠷ ᠤᠨ ᠵᠢᠷᠤᠭ ᠳᠦᠰᠦᠯ ᠤᠨ ᠲᠤᠰᠬᠠᠢ ᠮᠡᠷᠬᠡᠵᠢᠯ ᠤᠨ ᠳ᠋ᠤᠺᠲ᠋ᠤᠷ ᠴᠤᠯᠠ ᠬᠠᠮᠠᠭᠠᠯᠠᠵᠤ᠂ ᠲᠠᠷᠠᠭ᠎ᠠ ᠨᠢ ᠴᠢᠩᠬᠤᠸᠠ ᠶᠡᠭᠡ ᠰᠤᠷᠭᠠᠭᠤᠯᠢ ᠳᠤ ᠬᠤᠶᠠᠷ ᠵᠢᠯ ᠫᠤᠰᠲ ᠳ᠋ᠤᠺᠲ᠋ᠤᠷ ᠢᠶᠠᠷ ᠰᠤᠷᠤᠯᠴᠠᠪᠠ᠃ 2002-2004 ᠤᠨ ᠳᠤ ᠶᠠᠫᠤᠨ ᠤ ᠤᠯᠤᠰ ᠠᠴᠠ ᠪᠠᠶᠢᠭᠤᠯᠤᠬᠰᠠᠨ ᠢᠧᠠᠲ᠋ᠧ ᠶᠡᠭᠡ ᠰᠤᠷᠭᠠᠭᠤᠯᠢ ᠳᠤ ᠯᠧᠺᠲ᠋ᠤᠷ ᠢᠶᠠᠷ ᠠᠵᠢᠯᠯᠠᠵᠤ᠂ 2004-2005 ᠤᠨ ᠳᠤ ᠠᠩᠭ᠍ᠯᠢ ᠤᠯᠤᠰ ᠤᠨ ᠰᠲᠷᠠᠲᠬᠪᠯᠶ᠋ᠳᠡ ︵strathblyde︶ ᠶᠡᠭᠡ ᠰᠤᠷᠭᠠᠭᠤᠯᠢ ᠶᠢᠨ ᠰᠠᠨᠰᠠᠷ ᠠᠶᠠᠯᠠᠯ ᠤᠨ ᠰᠠᠯᠪᠤᠷᠢ ᠶᠢᠨ ᠲᠤᠷᠰᠢᠯᠳᠠ ᠶᠢᠨ ᠲᠠᠰᠤᠭ ᠲᠤ ᠲᠡᠬᠡᠳᠤ ᠵᠡᠷᠬᠡ ᠶᠢᠨ ᠰᠤᠳᠤᠯᠤᠬᠴᠢ ᠵᠤᠴᠢᠮᠠᠳ ᠡᠷᠳᠡᠮᠳᠡᠨ ᠤ ᠬᠤᠪᠢ ᠪᠠᠷ ᠰᠤᠳᠤᠯᠭᠠᠨ ᠬᠢᠪᠠ᠃ 2005 ᠤᠨ ᠠᠴᠠ ᠤᠳᠤ ᠪᠤᠯᠳᠠᠯ᠎ᠠ ᠴᠢᠩᠬᠤᠸᠠ ᠶᠡᠭᠡ ᠰᠤᠷᠭᠠᠭᠤᠯᠢ ᠶᠢᠨ ᠰᠠᠨᠰᠠᠷ ᠠᠶᠠᠯᠠᠯ ᠤᠨ ᠲᠡᠬᠡᠳᠤ ᠰᠤᠷᠭᠠᠭᠤᠯᠢ ᠳᠤ ᠪᠠᠭᠰᠢᠯᠠᠵᠤ ᠪᠠᠶᠢᠨ᠎ᠠ᠃      ᠪᠤᠶᠠᠨᠬᠡᠰᠢᠭ ᠫᠷᠤᠹᠧᠰᠰᠤᠷ ᠠᠮᠧᠷᠢᠺᠠ ᠶᠢᠨ ᠰᠠᠨᠰᠠᠷ ᠠᠶᠠᠯᠠᠯ ᠤᠨ ᠰᠤᠳᠤᠯᠭᠠᠨ ᠤ ᠨᠡᠶᠢᠬᠡᠮᠯᠢᠭ ︵AIAA︶᠎ ᠤᠨ ᠦᠨᠳᠤᠷ ᠵᠡᠷᠬᠡ ᠶᠢᠨ ᠬᠡᠰᠢᠬᠦᠨ᠂ ᠱᠠᠩᠬᠠᠢ ᠬᠤᠳᠠ ᠶᠢᠨ ᠰᠠᠨᠰᠠᠷ ᠤᠨ ᠤᠶᠤᠨᠴᠢ ᠡᠵᠡᠮᠰᠢᠯ ᠤᠨ ᠭᠤᠤᠯᠳᠠᠯᠭᠠᠳᠤ ᠲᠤᠷᠰᠢᠯᠳᠡ ᠶᠢᠨ ᠲᠠᠰᠤᠭ ᠤᠨ ᠡᠷᠳᠡᠮ ᠰᠢᠨᠵᠢᠯᠡᠬᠡᠨ ᠤ ᠬᠡᠰᠢᠬᠦᠨ᠂ ︽ᠬᠦᠨ ᠤᠬᠳᠠᠷᠭᠤᠢ ᠶᠢᠨ ᠬᠠᠶᠢᠯᠳᠠ ᠶᠢᠨ ᠡᠷᠳᠡᠮ ᠰᠢᠨᠵᠢᠯᠡᠬᠡᠨ ᠤ ᠰᠡᠳᠬᠦᠯ︾ ‍ᠤ᠋ᠨ ᠨᠠᠶᠢᠷᠠᠭᠤᠯᠬᠤ ᠺᠤᠮᠢᠰ ᠤᠨ ᠪᠠᠶᠢᠩᠭᠤ ᠶᠢᠨ ᠬᠡᠰᠢᠬᠦᠨ ᠵᠡᠷᠬᠡ ᠲᠤᠰᠢᠶᠠᠯ ᠲᠠᠢ ᠃ ᠬᠦᠨ ᠤᠬᠳᠠᠷᠭᠤᠢ ᠶᠢᠨ ᠬᠠᠶᠢᠯᠳᠠ ᠶᠢᠨ ᠬᠦᠴᠦᠨ ᠤ ᠤᠬᠠᠭᠠᠨ ᠤ ᠤᠨᠤᠯ ᠪᠠ ᠢᠨᠵᠧᠨ᠋ᠧᠷᠢᠩ ᠤᠨ ᠬᠡᠷᠡᠭᠯᠡᠬᠡᠨ ᠤ ᠰᠤᠳᠤᠯᠭᠠᠨ ᠢ ᠭᠤᠤᠯᠯᠠᠨ ᠰᠤᠳᠤᠯᠵᠤ ᠪᠠᠶᠢᠭ᠎ᠠ ᠪᠤᠶᠠᠨᠬᠡᠰᠢᠭ ᠫᠷᠤᠹᠧᠰᠰᠤᠷ ᠤᠯᠤᠰ ᠤᠨ ᠲᠤᠳᠤᠭᠠᠳᠤ ᠭᠠᠳᠠᠭᠠᠳᠤ ᠳᠤ 100 ᠭᠠᠷᠤᠢ ᠦᠬᠦᠯᠡᠯ ᠨᠡᠶᠢᠳᠡᠯᠡᠵᠤ᠂ ᠬᠠᠷᠢᠭᠤᠴᠠᠬᠰᠠᠨ ᠰᠤᠳᠤᠯᠭᠠᠨ ᠤ ᠲᠦᠷᠦᠯ ᠵᠦᠢᠯ ᠨᠢ 20 ᠭᠠᠷᠤᠢ ᠲᠦᠷᠦᠯ ᠳᠤ ᠬᠦᠷᠴᠠᠢ᠃ ᠡᠬᠦᠨ ᠳᠤ ︽973 ᠲᠦᠯᠦᠪᠯᠡᠭᠡ︾᠎ ᠶᠢᠨ ᠰᠤᠳᠤᠯᠭᠠᠨ ᠤ ᠬᠤᠪᠢᠶᠠᠷᠢ ᠰᠡᠳᠦᠪ᠂ ᠤᠯᠤᠰ ᠤᠨ ᠪᠠᠶᠢᠭᠠᠯᠢ ᠶᠢᠨ ᠰᠢᠨᠵᠢᠯᠡᠬᠦ ᠤᠬᠠᠭᠠᠨ ᠤ ᠰᠠᠭᠤᠷᠢ ᠮᠦᠩᠬᠦ᠂ ︽863 ᠲᠦᠯᠦᠪᠯᠡᠭᠡ︾᠎ ᠶᠢᠨ ᠰᠤᠳᠤᠯᠭᠠᠨ ᠵᠡᠷᠬᠡ ᠤᠯᠤᠰ ᠤᠨ ᠲᠡᠰ ᠤᠨ ᠭᠤᠤᠯᠳᠠᠯᠭᠠᠳᠤ ᠰᠤᠳᠤᠯᠭᠠᠨ ᠤ ᠲᠦᠷᠦᠯ ᠵᠦᠢᠯ ᠪᠠᠭᠳᠠᠵᠤ ᠪᠠᠶᠢᠳᠠᠭ᠃      ᠪᠤᠶᠠᠨᠬᠡᠰᠢᠭ ᠤᠨ ᠰᠤᠳᠤᠯᠭᠠᠨ ᠤ ᠦᠷ᠎ᠡ ᠪᠦᠳᠦᠬᠡᠯ ᠨᠢ ᠤᠷᠳᠤ ᠬᠤᠭᠤᠴᠠᠭᠠᠨ ᠤ ᠲᠤᠷᠰᠢ ᠰᠠᠨᠰᠠᠷ ᠤᠨ ᠵᠢᠷᠤᠭ ᠳᠦᠰᠦᠯ ᠬᠢᠵᠤ ᠪᠠᠶᠢᠭ᠎ᠠ ᠡᠳᠡᠬᠡᠳ ᠢ ᠪᠤᠳᠤᠯᠢᠭᠤᠯᠵᠤ ᠪᠠᠶᠢᠬᠰᠠᠨ ᠰᠠᠨᠰᠠᠷ ᠤᠨ ᠦᠷᠳᠡᠭᠡ ᠪᠠ ᠨᠢᠰᠤᠬᠦᠷ ᠤᠨ ᠠᠭᠤᠯᠵᠠᠯᠳᠠ ᠶᠢᠨ ᠬᠤᠯᠠ ᠵᠠᠢ ᠳᠠᠬᠢ ᠬᠠᠮᠤᠭ ᠤᠨ ᠰᠢᠯᠢᠳᠡᠭ ᠵᠢᠯᠤᠭᠤᠳᠤᠯᠭ᠎ᠠ ᠶᠢᠨ ᠠᠰᠠᠭᠤᠳᠠᠯ ᠢ ᠰᠢᠶ᠋ᠳᠪᠤᠷᠢᠯᠡᠭᠰᠡᠨ ᠢᠶᠠᠷ᠂ ᠡᠨᠡᠬᠦ ᠦᠷ᠎ᠡ ᠪᠦᠳᠦᠬᠡᠯ ᠨᠢ ︽ᠲᠡᠭᠷᠢ ᠶᠢᠨ ᠤᠷᠳᠤᠨ︾ ᠪᠠ ︽ᠰᠢᠳᠢᠳᠦ ᠬᠦᠯᠬᠡ︾᠎ ᠶᠢᠨ ᠬᠤᠯᠠ ᠵᠠᠢ ᠶᠢᠨ ᠵᠢᠯᠤᠭᠤᠳᠤᠯᠭ᠎ᠠ ᠶᠢᠨ ᠲᠦᠰᠦᠪ ᠢᠶᠠᠷ ᠠᠮᠵᠢᠯᠳᠠ ᠲᠠᠢ ᠠᠰᠢᠬᠯᠠᠬᠳᠠᠬᠰᠠᠨ ᠪᠠᠶᠢᠨ᠎ᠠ᠃ ︽ᠲᠡᠭᠷᠢ ᠶᠢᠨ ᠤᠷᠳᠤᠨ ᠨᠢᠬᠡᠳᠤᠬᠡᠷ︾᠎ ᠢ ᠰᠤᠳᠤᠯᠤᠨ ᠤᠶᠢᠯᠡᠳᠬᠦ ᠶᠠᠪᠤᠴᠠ ᠳᠤ᠂ ᠪᠤᠶᠠᠨᠬᠡᠰᠢᠭ ᠢ ᠪᠠᠭᠳᠠᠭᠠᠬᠰᠠᠨ ᠴᠢᠩᠬᠤᠸᠠ ᠶᠡᠭᠡ ᠰᠤᠷᠭᠠᠭᠤᠯᠢ ᠶᠢᠨ ᠰᠢᠨᠵᠢᠯᠡᠬᠦ ᠤᠬᠠᠭᠠᠨᠳᠠᠳ ᠰᠠᠨᠰᠠᠷᠴᠢᠨ ᠤ ᠡᠷᠡᠬᠦᠯ ᠮᠠᠨᠳᠤ ᠶᠢᠨ ᠪᠠᠶᠢᠴᠠᠭᠠᠯᠳᠠ᠂ ᠰᠠᠨᠰᠠᠷ ᠤᠨ ᠦᠷᠳᠡᠭᠡ ᠪᠠ ᠨᠢᠰᠤᠬᠦᠷ ᠤᠨ ᠠᠭᠤᠯᠵᠠᠯᠳᠠ᠂ ᠨᠢᠰᠤᠬᠦᠷ ᠤᠨ ᠬᠠᠳᠠᠭᠤᠴᠠ ᠪᠠ ᠡᠳ᠋ᠯᠡᠯᠬᠡ ᠵᠡᠷᠬᠡ ᠲᠡᠯ᠎ᠡ ᠳᠤ ᠶᠡᠭᠡ ᠬᠡᠮᠵᠢᠶᠠᠨ ᠤ ᠤᠤᠷ ᠡᠬᠦᠳᠦᠯᠳᠡ ᠲᠠᠢ ᠰᠤᠳᠤᠯᠭᠠᠨ ᠤ ᠠᠵᠢᠯ ᠢ ᠬᠢᠪᠠ᠃ 2013 ᠤᠨ ᠳᠤ᠂ ᠤᠳᠤ ᠦᠶ᠎ᠡ ᠶᠢᠨ ᠰᠠᠨᠰᠠᠷ ᠤᠨ ᠮᠡᠷᠬᠡᠵᠢᠯ ᠤᠨ ᠠᠷᠭ᠎ᠠ ᠪᠠᠷᠢᠯ ᠢᠶᠠᠷ ᠤᠯᠵᠠᠯᠠᠵᠤ ᠪᠤᠯᠬᠤ ︽ᠲᠡᠯᠡᠬᠡᠢ ᠶᠢᠨ ᠪᠦᠮᠪᠦᠷᠴᠡᠭ ᠤᠨ ᠬᠤᠶᠠᠳᠤᠭᠠᠷ ᠰᠠᠷᠠ︾ ᠬᠡᠰᠡᠨ ᠵᠢᠵᠢᠭ ᠲᠠᠭᠠᠭᠤᠯᠢ ᠤᠳᠤ ᠶᠢ ᠢᠯᠡᠷᠡᠬᠦᠯᠪᠠ ᠬᠡᠬᠦ ᠦᠬᠦᠯᠡᠯ ᠨᠢ ︽ᠲᠤᠮᠳᠠᠳᠤ ᠤᠯᠤᠰ ᠤᠨ ᠰᠢᠨᠵᠢᠯᠡᠬᠦ ᠤᠬᠠᠭᠠᠨᠳᠡᠨ ᠲᠡᠯᠡᠬᠡᠢ ᠶᠢᠨ ᠪᠦᠮᠪᠦᠷᠴᠡᠭ ᠢ ᠤᠶᠢᠯᠠᠭᠠᠵᠤ ᠪᠤᠯᠬᠤ ᠵᠢᠵᠢᠭ ᠲᠠᠭᠠᠭᠤᠯᠢ ᠤᠳᠤ ᠶᠢ ᠢᠯᠡᠷᠡᠬᠦᠯᠦᠭᠰᠡᠨ ᠪᠠᠶᠢᠨ᠎ᠠ︾ ᠬᠡᠳᠡᠭ ᠲᠡᠳ᠋ ᠭᠠᠷᠴᠠᠭ ᠢᠶᠠᠷ MIT ᠰᠢᠨᠵᠢᠯᠡᠭᠡ ᠮᠡᠷᠬᠡᠵᠢᠯ ᠤᠨ ᠰᠢᠬᠦᠮᠵᠢ ᠳᠤ ᠮᠡᠳᠡᠭᠡᠯᠡᠭᠳᠡᠭᠰᠡᠨ ᠤ ᠲᠠᠷᠠᠭ᠎ᠠ᠂ ᠲᠡᠯᠡᠬᠡᠢ ᠶᠢᠨ ᠬᠡᠪᠴᠢᠶᠠᠨ ᠤ ᠠᠩᠬᠠᠷᠤᠯ ᠢ ᠲᠡᠳᠡᠪᠡ᠃ ᠡᠨᠡᠬᠦ ᠦᠬᠦᠯᠡᠯ ᠨᠡᠶᠢᠳᠡᠯᠡᠭᠳᠡᠭᠰᠡᠨ ᠤ ᠬᠤᠶᠠᠷ ᠵᠢᠯ ᠤᠨ ᠲᠠᠷᠠᠭ᠎ᠠ᠂ ᠠᠮᠧᠷᠢᠺᠠ ᠶᠢᠨ ᠰᠠᠨᠰᠠᠷ ᠤᠨ ᠲᠤᠪᠴᠢᠶ᠎ᠠ ᠠᠴᠠ ᠵᠢᠵᠢᠭ ᠲᠠᠭᠠᠭᠤᠯᠢ ᠤᠳᠤ ᠶᠢ ᠬᠠᠶᠢᠬᠤ ᠲᠦᠯᠦᠪᠯᠡᠭᠡ ᠪᠠᠨ ᠨᠡᠶᠢᠳᠡᠯᠡᠪᠡ᠃ 2016 ᠤᠨ ᠳᠤ ᠪᠤᠶᠠᠨᠬᠡᠰᠢᠭ ᠤᠨ ᠲᠠᠭᠠᠭᠤᠯᠤᠬᠰᠠᠨ ᠰᠤᠳᠤᠯᠭᠠᠨ ᠤ ᠪᠠᠭ ᠤᠯᠠᠨ ᠤᠯᠤᠰ ᠤᠨ ᠬᠦᠨ ᠤᠬᠳᠠᠷᠭᠤᠢ ᠶᠢᠨ ᠪᠠᠶᠢᠷᠢᠯᠠᠯ ᠢ ᠤᠬᠢᠵᠢᠭᠤᠯᠬᠤ ᠮᠦᠷᠦ᠋ᠢᠴᠡᠬᠡᠨ ᠳᠤ ᠬᠤᠶᠠᠳᠤᠭᠠᠷ ᠪᠠᠶᠢᠷᠢᠨ ᠳᠤ ᠲᠤᠳᠤᠷᠠᠵᠤ᠂ ᠠᠽᠢᠶ᠎ᠠ ᠲᠢᠪ ᠤᠨ ᠬᠠᠮᠤᠭ ᠤᠨ ᠬᠦᠴᠦᠷᠭᠡᠭ ᠪᠠᠭ ᠪᠤᠯᠤᠬᠰᠠᠨ ᠪᠠᠶᠢᠨ᠎ᠠ᠃
 
ᠢᠷᠡᠯᠲᠡ᠄ ᠰᠢᠨᠬᠤᠸᠠ ᠮᠣᠩᠭᠤᠯ ᠨᠧᠲ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号