ᠢᠷᠡᠬᠦ ᠭᠤᠷᠪᠠᠨ ᠬᠤᠨᠤᠭ ᠦᠪᠦᠷ ᠮᠣᠩᠭᠤᠯ ᠤᠨ ᠵᠠᠷᠢᠮ ᠪᠦᠰᠡ ᠨᠤᠲᠤᠭ ᠢᠶᠠᠷ 35 ᠭᠷᠠᠳᠦ᠋ᠰ ᠠᠴᠠ ᠲᠡᠭᠡᠭᠰᠢᠬᠢ ᠦᠨᠳᠦᠷ ᠬᠠᠯᠠᠭᠤᠨ ᠴᠠᠭ ᠠᠭᠠᠷ ᠢᠯᠡᠷᠡᠨ᠎ᠡ
ᠨᠡᠶᠢᠲᠡᠯᠡᠭᠰᠡᠨ ᠴᠠᠭ᠄
2017/5/18
ᠦᠪᠦᠷ ᠮᠣᠩᠭᠤᠯ ᠤᠨ ᠴᠠᠭ ᠠᠭᠤᠷ ᠤᠨ ᠬᠤᠷᠢᠶᠠᠨ ᠠᠴᠠ ᠤᠶᠢᠯᠠᠭᠠᠭᠰᠠᠨ ᠢᠶᠠᠷ᠂ ᠰᠡᠬᠦᠯ ᠤᠨ ᠦᠶ᠎ᠠ ᠳᠤ ᠦᠪᠦᠷ ᠮᠣᠩᠭᠤᠯ ᠤᠨ ᠤᠯᠠᠩᠬᠢ ᠭᠠᠵᠠᠷ ᠤᠨ ᠠᠭᠠᠷ ᠤᠨ ᠲᠤᠯᠠᠭᠠᠨ 30 ᠭᠷᠠᠳᠦ᠋ᠰ ᠢ ᠲᠠᠪᠠᠵᠤ᠂ ᠲᠡᠦᠬᠡ ᠶᠢᠨ ᠠᠳᠠᠯᠢ ᠬᠤᠭᠤᠴᠠᠭᠠᠨ ᠤ ᠬᠢ ᠠᠴᠠ ᠦᠨᠳᠦᠷ ᠪᠤᠯᠤᠭᠰᠠᠨ ᠪᠠᠶᠢᠨ᠎ᠠ᠃ ᠢᠷᠡᠬᠦ ᠭᠤᠷᠪᠠᠨ ᠬᠤᠨᠤᠭ ᠦᠪᠦᠷ ᠮᠣᠩᠭᠤᠯ ᠤᠨ ᠤᠯᠠᠩᠬᠢ ᠭᠠᠵᠠᠷ ᠤᠨ ᠠᠭᠠᠷ ᠤᠨ ᠲᠤᠯᠠᠭᠠᠨ 35 ᠭᠷᠠᠳᠦ᠋ᠰ ᠠᠴᠠ ᠲᠡᠭᠡᠭᠰᠢ ᠪᠤᠯᠵᠤ᠂ ᠵᠡᠬᠦᠨ ᠪᠦᠰᠡ ᠳᠤ 38 ᠭᠷᠠᠳᠦ᠋ᠰ ᠠᠴᠠ ᠲᠡᠭᠡᠭᠰᠢ ᠦᠨᠳᠦᠷ ᠬᠠᠯᠠᠭᠤᠨ ᠴᠠᠭ ᠠᠭᠠᠷ ᠢᠯᠡᠷᠡᠨ᠎ᠡ ᠭᠡᠵᠦ ᠲᠤᠭᠠᠴᠠᠭᠠᠯᠠᠪᠠ᠃5 ᠰᠠᠷ᠎ᠠ ᠶᠢᠨ 17᠎ ᠤ ᠡᠲᠦᠷ ᠤᠨ 20᠄ 00 ᠴᠠᠭ ᠠᠴᠠ 5 ᠰᠠᠷ᠎ᠠ ᠶᠢᠨ 18᠎ ᠤ ᠡᠲᠦᠷ ᠤᠨ 20᠄ 00 ᠴᠠᠭ ᠪᠤᠯᠲᠠᠯ᠎ᠠ ᠦᠪᠦᠷ ᠮᠣᠩᠭᠤᠯ ᠤᠨ ᠬᠤᠶᠢᠲᠤ ᠪᠦᠰᠡ ᠳᠤ ᠲᠣᠩᠭᠠᠯᠠᠭᠰᠢᠨ᠎ᠠ᠂ ᠪᠤᠰᠤᠳ ᠭᠠᠵᠠᠷ ᠲᠤ ᠡᠭᠦᠯᠡᠰᠢᠨ᠎ᠡ᠃ ᠲᠤᠮᠲᠠ ᠪᠦᠰᠡ ᠶᠢᠨ ᠵᠡᠬᠦᠨ ᠬᠡᠰᠡᠭ ᠪᠠ ᠵᠡᠬᠦᠨ ᠬᠤᠶᠢᠲᠤ ᠬᠡᠰᠡᠭ ᠲᠤ ᠪᠠᠷᠠᠭᠤᠨ ᠬᠤᠶᠢᠨ᠎ᠠ ᠠᠴᠠ 4 — 5 ᠲᠡᠰ ᠤᠨ ᠰᠠᠯᠬᠢ ᠲᠠᠢ᠂ ᠵᠡᠬᠦᠨ ᠡᠮᠦᠨ᠎ᠡ ᠪᠦᠰᠡ ᠳᠤ ᠪᠠᠷᠠᠭᠤᠨ ᠡᠮᠦᠨ᠎ᠡ ᠠᠴᠠ 4 — 5 ᠲᠡᠰ ᠤᠨ ᠰᠠᠯᠬᠢ ᠲᠠᠢ᠃ ᠠᠯᠠᠱᠠ ᠶᠢᠨ ᠬᠤᠶᠢᠲᠤ ᠪᠦᠰᠡ᠂ ᠲᠦᠩᠯᠢᠶᠤᠤ ᠶᠢᠨ ᠡᠮᠦᠨ᠎ᠡ ᠪᠦᠰᠡ ᠳᠤ 35 ᠭᠷᠠᠳᠦ᠋ᠰ ᠠᠴᠠ ᠲᠡᠭᠡᠭᠰᠢ ᠦᠨᠳᠦᠷ ᠬᠠᠯᠠᠭᠤᠨ ᠴᠠᠭ ᠠᠭᠠᠷ ᠢᠯᠡᠷᠡᠨ᠎ᠡ᠃5 ᠰᠠᠷ᠎ᠠ ᠶᠢᠨ 18᠎ ᠤ ᠡᠲᠦᠷ ᠤᠨ 20᠄ 00 ᠴᠠᠭ ᠠᠴᠠ 5 ᠰᠠᠷ᠎ᠠ ᠶᠢᠨ 19᠎ ᠤ ᠡᠲᠦᠷ ᠤᠨ 20᠄ 00 ᠴᠠᠭ ᠪᠤᠯᠲᠠᠯ᠎ᠠ ᠦᠪᠦᠷ ᠮᠣᠩᠭᠤᠯ ᠤᠨ ᠶᠡᠬᠡᠩᠬᠢ ᠪᠦᠰᠡ ᠳᠤ ᠡᠭᠦᠯᠡᠰᠢᠨ᠎ᠡ᠃ ᠵᠡᠬᠦᠨ ᠬᠤᠶᠢᠲᠤ ᠪᠦᠰᠡ ᠳᠤ ᠪᠠᠷᠠᠭᠤᠨ ᠬᠤᠶᠢᠨ᠎ᠠ ᠠᠴᠠ 4 — 5 ᠲᠡᠰ ᠤᠨ ᠰᠠᠯᠬᠢ ᠲᠠᠢ᠃ ᠠᠯᠠᠱᠠ ᠶᠢᠨ ᠬᠤᠶᠢᠲᠤ ᠪᠦᠰᠡ᠂ ᠲᠦᠩᠯᠢᠶᠤᠤ ᠶᠢᠨ ᠡᠮᠦᠨ᠎ᠡ ᠪᠦᠰᠡ ᠳᠤ 35 ᠭᠷᠠᠳᠦ᠋ᠰ ᠠᠴᠠ ᠲᠡᠭᠡᠭᠰᠢ ᠦᠨᠳᠦᠷ ᠬᠠᠯᠠᠭᠤᠨ ᠴᠠᠭ ᠠᠭᠠᠷ ᠢᠯᠡᠷᠡᠨ᠎ᠡ᠃5 ᠰᠠᠷ᠎ᠠ ᠶᠢᠨ 19᠎ ᠤ ᠡᠲᠦᠷ ᠤᠨ 20᠄ 00 ᠴᠠᠭ ᠠᠴᠠ 5 ᠰᠠᠷ᠎ᠠ ᠶᠢᠨ 20᠎ ᠤ ᠡᠲᠦᠷ ᠤᠨ 20᠄ 00 ᠴᠠᠭ ᠪᠤᠯᠲᠠᠯ᠎ᠠ᠂ ᠦᠪᠦᠷ ᠮᠣᠩᠭᠤᠯ ᠤᠨ ᠲᠤᠮᠲᠠ ᠪᠦᠰᠡ ᠶᠢᠨ ᠵᠡᠬᠦᠨ ᠬᠡᠰᠡᠭ ᠪᠠ ᠵᠡᠬᠦᠨ ᠪᠦᠰᠡ ᠳᠤ ᠡᠬᠦᠯᠡ ᠲᠠᠢ᠂ ᠰᠢᠯᠢ ᠶᠢᠨ ᠭᠤᠤᠯ ᠤᠨ ᠵᠡᠬᠦᠨ ᠪᠦᠰᠡ᠂ ᠤᠯᠠᠭᠠᠨᠬᠠᠲᠠ ᠶᠢᠨ ᠵᠡᠬᠦᠨ ᠬᠤᠶᠢᠲᠤ ᠪᠦᠰᠡ᠂ ᠲᠦᠩᠯᠢᠶᠤᠤ ᠶᠢᠨ ᠬᠤᠶᠢᠲᠤ ᠪᠦᠰᠡ᠂ ᠬᠢᠩᠭᠠᠨ ᠤ ᠡᠮᠦᠨ᠎ᠡ ᠪᠦᠰᠡ ᠳᠤ ᠪᠠᠭ᠎ᠠ ᠪᠤᠷᠤᠭᠠᠨ ᠤᠷᠤᠨ᠎ᠠ᠂ ᠪᠤᠰᠤᠳ ᠭᠠᠵᠠᠷ ᠲᠤ ᠡᠭᠦᠯᠡᠰᠢᠨ᠎ᠡ᠃ ᠲᠤᠮᠲᠠ ᠪᠦᠰᠡ ᠶᠢᠨ ᠬᠤᠶᠢᠲᠤ ᠬᠡᠰᠡᠭ ᠲᠤ ᠵᠡᠬᠦᠨ ᠠᠴᠠ 4 — 5 ᠲᠡᠰ ᠤᠨ ᠰᠠᠯᠬᠢ ᠲᠠᠢ᠃ᠴᠠᠭ ᠠᠭᠠᠷ ᠤᠨ ᠬᠤᠪᠢᠷᠠᠯᠲᠠ ᠶᠢ ᠪᠠᠶᠢᠩᠭᠤ ᠠᠩᠬᠠᠷᠤᠨ ᠠᠮᠢᠲᠤᠷᠠᠯ ᠦᠢᠯᠡᠳᠪᠦᠷᠢᠯᠡᠯ ᠢᠶᠠᠨ ᠲᠤᠬᠢᠷᠠᠭᠤᠯᠵᠤ᠂ ᠨᠠᠷᠠᠰᠢᠬᠤ ᠠᠴᠠ ᠬᠢᠴᠢᠶᠠᠭᠡᠷᠡᠢ ᠬᠡᠮᠡᠨ ᠴᠠᠭ ᠠᠭᠠᠷ ᠤᠨ ᠰᠠᠯᠠᠭ᠎ᠠ ᠮᠦᠴᠢᠷ ᠤᠨ ᠬᠢᠨ ᠰᠠᠨᠠᠭᠤᠯᠵᠤ ᠪᠠᠶᠢᠨ᠎ᠠ᠃
 
ᠢᠷᠡᠯᠲᠡ᠄ ᠰᠢᠨᠬᠤᠸᠠ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号