ᠠᠯᠪᠠᠨ ᠶᠠᠪᠣᠳᠠᠯ ᠤᠨ ᠶᠣᠰᠣ ᠬᠦᠨᠳᠦᠳᠬᠡᠯ ᠤᠨ ᠲᠣᠳᠣᠷᠠᠬᠢ ᠢᠷᠡᠭᠰᠡᠳ ᠢ ᠵᠣᠴᠢᠯᠠᠬᠤ ᠶᠣᠰᠣ ᠬᠦᠨᠳᠦᠳᠬᠡᠯ
ᠨᠡᠶᠢᠲᠡᠯᠡᠭᠰᠡᠨ ᠴᠠᠭ᠄
2017/6/16
 ⒈ ᠡᠩ ᠤᠨ ᠪᠠᠶᠢᠳᠠᠯ ᠲᠣᠣᠷ᠎ᠠ ᠠᠰᠠᠭᠤᠬᠤ ᠪᠠᠷ ᠢᠷᠡᠭᠰᠡᠳ ᠤᠨ ᠦᠬᠡᠳᠡ ᠠᠴᠠ ᠪᠣᠰᠴᠣ ᠭᠠᠷ ᠠᠳᠬᠤᠨ ᠣᠭᠳᠣᠬᠤ᠂ ᠲᠡᠭᠡᠳᠣ ᠲᠡᠰ ᠤᠨ᠂ ᠠᠬᠠᠮᠠᠳ᠂ ᠠᠰᠠᠭᠤᠬᠤ ᠪᠠᠷ ᠢᠷᠡᠭᠰᠡᠳ ᠤᠨ ᠦᠬᠡᠳᠡ ᠠᠴᠠ ᠪᠣᠰᠴᠣ ᠣᠭᠳᠣᠨ᠎ᠠ᠃ ᠬᠠᠮᠳᠣ ᠠᠵᠢᠯᠳᠠᠨ᠂ ᠠᠵᠢᠯᠴᠢᠨ ᠲᠦᠷᠦᠬᠦᠦ ᠣᠳᠠᠭ᠎ᠠ ᠠᠭᠤᠯᠵᠠᠬᠤ ᠠᠴᠠ ᠭᠠᠳᠠᠨ᠎ᠠ ᠪᠣᠰᠬᠤ ᠦᠬᠡᠢ  ᠳᠤ ᠪᠣᠯᠣᠨ᠎ᠠ᠃⒉ᠠᠰᠠᠭᠤᠬᠤ ᠪᠠᠷ ᠢᠷᠡᠭᠰᠡᠳ ᠢ ᠣᠶᠢᠰᠢᠶᠠᠬᠤ ᠦᠬᠡᠢ ᠪᠠᠶᠢᠵᠦ ᠪᠣᠯᠬᠤ ᠦᠬᠡᠢ᠃ ᠬᠡᠷᠪᠡ ᠦᠪᠡᠷᠳᠡᠬᠡᠨ ᠠᠰᠠᠭᠤᠬᠤ  ᠪᠠᠷ ᠢᠷᠡᠭᠰᠡᠳ ᠢ ᠲᠦᠷ ᠵᠠᠭᠤᠷ᠎ᠠ  ᠬᠦᠯᠢᠶᠡᠨ ᠶᠠᠷᠢᠯᠴᠠᠵᠦ ᠵᠠᠪᠳᠣᠬᠤ ᠦᠬᠡᠢ ᠪᠣᠯ᠂ ᠨᠠᠷᠢᠨ ᠪᠢᠴᠢᠭᠡᠴᠢ ᠪᠠᠨ ᠲᠣᠬᠢᠷᠠᠭᠤᠯᠵᠦ ᠢᠷᠡᠭᠰᠡᠳ ᠢ   ᠲᠠᠢ ᠶᠠᠷᠢᠯᠴᠠᠭᠤᠯᠣᠨ᠎ᠠ᠃ ᠢᠷᠡᠭᠰᠡᠳ ᠢ ᠬᠦᠨᠳᠣ ᠦᠬᠡᠶᠢᠳᠡᠬᠦᠯᠵᠦ ᠪᠣᠯᠬᠤ ᠦᠬᠡᠢ᠃⒊ ᠠᠰᠠᠭᠤᠬᠤ ᠪᠠᠷ ᠢᠷᠡᠭᠰᠡᠳ ᠤᠨ ᠲᠣᠭᠠᠴᠢᠯᠳᠠ ᠶᠢ ᠬᠢᠨᠡᠮᠡᠭᠠᠢ ᠰᠣᠨᠣᠰᠬᠤ ᠬᠡᠷᠡᠭᠳᠡᠢ᠃ ᠠᠯᠪᠠᠨ ᠶᠠᠪᠣᠳᠠᠯ ᠢᠶᠠᠷ ᠢᠷᠡᠭᠰᠡᠳ ︽ᠣᠴᠢᠷ ᠦᠬᠡᠢ ᠪᠠᠷ ᠣᠷᠳᠣᠨ ᠳᠤ ᠢᠷᠡᠬᠦ ᠦᠬᠡᠢ︾᠂ ᠠᠰᠠᠭᠤᠬᠤ ᠪᠠᠷ ᠢᠷᠡᠭᠰᠡᠳ ᠪᠦᠷ ᠶᠠᠮᠠᠷ ᠨᠢᠬᠡᠨ ᠬᠡᠷᠡᠭ ᠶᠠᠪᠣᠳᠠᠯ ᠢ ᠬᠡᠯᠡᠯᠴᠡᠬᠦ ᠪᠠᠷ ᠢᠷᠡᠵᠡᠢ᠂ ᠡᠶᠢᠮᠦ ᠠᠴᠠ ᠴᠢᠳᠠᠬᠤ ᠶᠢᠨ ᠲᠣᠳᠣᠷ᠎ᠠ ᠢᠷᠡᠭᠰᠡᠳ ᠤᠨ ᠦᠬᠡ  ᠶᠢ ᠰᠣᠨᠣᠰᠴᠣ ᠪᠠᠷᠠᠬᠤ ᠮᠦᠷᠳᠡᠬᠡᠨ᠂ ᠬᠢᠨᠠᠮᠠᠭᠠᠢ ᠰᠣᠨᠣᠰᠬᠤ ᠬᠡᠷᠡᠭᠳᠡᠢ᠃⒋ ᠠᠰᠠᠭᠤᠬᠤ ᠪᠠᠷ ᠢᠷᠡᠭᠰᠡᠳ ᠤᠨ ᠰᠠᠨᠠᠯ ᠰᠠᠨᠠᠭᠠᠴᠢᠯᠠᠭ᠎ᠠ ᠶᠢᠨ ᠦᠬᠡᠳᠡ ᠠᠴᠠ ᠬᠢᠯᠪᠡᠷ ᠬᠠᠷᠢᠭᠤ ᠦᠭᠴᠦ ᠪᠣᠯᠬᠤ ᠦᠬᠡᠢ᠂ ᠪᠣᠳᠣᠯᠬᠢᠯᠠᠭᠰᠠᠨ ᠤ ᠲᠠᠷᠠᠭ᠎ᠠ ᠰᠠᠶ᠋ᠢ ᠬᠠᠷᠢᠭᠤᠯᠳᠠ ᠦᠭᠬᠦᠨ᠎ᠡ᠃ ᠨᠢᠬᠡᠨ ᠴᠠᠭ ᠢᠶᠠᠷ ᠬᠠᠷᠢᠭᠤᠯᠳᠠ ᠦᠭᠴᠦ ᠴᠢᠳᠠᠬᠤ ᠦᠬᠡᠢ ᠪᠠᠶᠢᠳᠠᠯ ᠳᠤ ᠴᠠᠭ ᠪᠣᠯᠵᠣᠵᠦ ᠲᠠᠬᠢᠨ ᠬᠠᠷᠢᠯᠴᠠᠨ᠎ᠠ᠃⒌ ᠲᠠᠷᠣᠢ ᠬᠠᠷᠢᠭᠤᠯᠳᠠ ᠦᠭᠴᠦ ᠴᠢᠳᠠᠬᠤ ᠪᠣᠶᠣ ᠬᠦᠢᠴᠡᠳᠬᠡᠵᠦ ᠪᠣᠯᠬᠤ ᠶᠠᠪᠣᠳᠠᠯ ᠢ ᠲᠠᠷᠡ ᠲᠠᠷᠣᠢ ᠬᠠᠷᠢᠭᠤᠯᠳᠠ ᠦᠭᠴᠦ ᠲᠦᠷᠬᠡᠨ ᠬᠦᠢᠴᠡᠳᠬᠡᠵᠦ ᠦᠭᠬᠦᠨ᠎ᠡ᠂ ᠠᠰᠠᠭᠤᠳᠠᠯ ᠲᠠᠢ ᠢᠷᠡᠭᠰᠡᠳ ᠢ ᠣᠴᠢᠷ ᠦᠬᠡᠢ ᠬᠦᠯᠢᠶᠡᠯᠬᠡᠬᠦ ᠪᠣᠶᠣ ᠲᠠᠬᠢᠨᠳᠠ ᠢᠷᠡᠬᠦᠯᠵᠦ ᠪᠣᠯᠬᠤ ᠦᠬᠡᠢ᠃⒍ ᠶᠠᠭ ᠰᠠᠶ᠋ᠢᠬᠠᠨ ᠠᠰᠠᠭᠤᠳᠠᠯ ᠲᠠᠢ ᠢᠷᠡᠭᠰᠡᠳ ᠯᠤᠭ᠎ᠠ ᠶᠠᠷᠢᠯᠴᠠᠵᠦ ᠪᠠᠶᠢᠬᠤ ᠳᠤ ᠣᠳᠠᠰᠣ ᠢᠷᠡᠬᠦ ᠪᠣᠶᠣ ᠪᠣᠰᠣᠳ ᠬᠦᠮᠦᠨ ᠢᠷᠡᠬᠦ ᠦᠶᠡᠰ ᠨᠠᠷᠢᠨ ᠪᠢᠴᠢᠬᠡᠴᠢ ᠪᠣᠶᠣ ᠪᠣᠰᠣᠳ ᠬᠦᠮᠦᠨ ᠢᠶᠠᠷ ᠬᠦᠯᠢᠶᠡᠨ ᠶᠠᠷᠢᠯᠴᠠᠭᠤᠯᠵᠦ᠂ ᠰᠠᠶ᠋ᠢ ᠶᠢᠨ ᠶᠠᠷᠢᠯᠴᠠᠭ᠎ᠠ ᠶᠢ ᠲᠠᠰᠣᠯᠠᠬᠤ ᠶᠢ ᠬᠢᠴᠢᠢᠶᠡᠨ᠎ᠡ᠃⒎ ᠠᠰᠠᠭᠤᠳᠠᠯ ᠲᠠᠢ ᠢᠷᠡᠭᠰᠡᠳ ᠤᠨ ᠶᠣᠰᠣ ᠪᠣᠰᠣ ᠱᠠᠭᠠᠷᠳᠠᠯᠭ᠎ᠠ ᠪᠣᠶᠣ ᠪᠣᠷᠣᠭᠤ ᠰᠠᠨᠠᠯ ᠢ ᠶᠣᠰᠣᠷᠬᠠᠭ ᠢᠶᠠᠷ ᠦᠯᠦ ᠬᠦᠯᠢᠶᠡᠵᠦ᠂ ᠠᠰᠠᠭᠤᠳᠠᠯ ᠲᠠᠢ ᠢᠷᠡᠭᠰᠡᠳ ᠲᠤ ᠰᠡᠳᠦᠯᠳᠡ ᠦᠭᠴᠦ ᠡᠪ ᠦᠬᠡᠢ ᠪᠣᠯᠭᠠᠬᠤ ᠶᠢ ᠬᠢᠴᠢᠶᠡᠨ᠎ᠡ᠃⒏ ᠬᠡᠷᠪᠡ ᠶᠠᠷᠢᠯᠴᠠᠭ᠎ᠠ ᠲᠠᠭᠤᠰᠣᠭᠰᠠᠨ ᠪᠣᠯ᠂ ᠡᠪᠳᠡᠶᠢᠬᠡᠨ ᠦᠬᠡ ᠪᠠᠷ ᠰᠢᠯᠳᠠᠭ ᠡᠷᠢᠵᠦ᠂ ᠵᠢᠱᠢᠶᠡᠯᠡᠪᠡᠯ ︽ᠡᠪ ᠦᠬᠡᠢ ᠪᠣᠯᠣᠯ᠎ᠠ᠂ ᠣᠳᠣ ᠪᠢ ᠨᠢᠬᠡ ᠬᠤᠷᠠᠯ ᠳᠤ ᠰᠠᠭᠤᠬᠤ ᠴᠢᠬᠤᠯᠠ ᠲᠠᠢ ᠪᠠᠶᠢᠨ᠎ᠠ᠂ ᠦᠨᠦᠳᠣᠷ ᠠᠳᠡ ᠬᠦᠷᠳᠡᠯ᠎ᠡ ᠶᠠᠷᠢᠯᠴᠠᠶ᠎ᠠ᠂ ᠪᠣᠯᠣᠨ᠎ᠠ ᠤᠤ︖︾ ᠵᠡᠷᠬᠡ᠂ ᠪᠠᠰᠠ ᠪᠣᠰᠴᠣ ᠵᠣᠭᠰᠣᠬᠤ ᠪᠡᠶ᠎ᠡ ᠶᠢᠨ ᠶᠠᠷᠢᠶ᠎ᠠ ᠪᠠᠷ ᠡᠰᠡᠷᠬᠦ ᠡᠳᠡᠭᠡᠳ  ᠲᠡᠭᠡᠨ ᠶᠠᠷᠢᠯᠴᠠᠭ᠎ᠠ ᠲᠡᠬᠦᠰᠦᠭᠰᠡᠨ ᠢ ᠮᠡᠳᠡᠬᠦᠯᠵᠦ ᠪᠣᠯᠣᠨ᠎ᠠ᠃
 
ᠢᠷᠡᠯᠲᠡ᠄ ᠣᠯᠠᠭᠠᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号