ᠬᠠᠮᠢᠶᠠᠷᠣᠯᠳᠠ ᠶᠢᠨ ᠣᠷᠣᠨ ᠠᠴᠠ ᠠᠶᠣᠯ ᠦᠬᠡᠢ ᠦᠢᠯᠡᠳᠪᠦᠷᠢᠯᠡᠯ ᠤᠨ ᠠᠵᠢᠯ ᠤᠨ ᠬᠤᠷᠠᠯ ᠬᠤᠷᠠᠯᠳᠣᠪᠠ
ᠨᠡᠶᠢᠲᠡᠯᠡᠭᠰᠡᠨ ᠴᠠᠭ᠄
2017-08-18
     8 ᠰᠠᠷ᠎ᠠ ᠶᠢᠨ 9 ᠤ ᠡᠳᠣᠷ᠂   ᠬᠠᠮᠢᠶᠠᠷᠣᠯᠳᠠ ᠶᠢᠨ ᠣᠷᠣᠨ ᠠᠶᠣᠯ ᠦᠬᠡᠢ ᠦᠢᠯᠡᠳᠪᠦᠷᠢᠯᠡᠯ ᠤᠨ ᠠᠵᠢᠯ  ᠤᠨ ᠬᠤᠷᠠᠯ ᠬᠤᠷᠠᠯᠳᠣᠪᠠ᠃   ᠣᠯᠠᠭᠠᠢ ᠶᠢᠨ ᠠᠮᠣᠷ ᠤᠨ ᠵᠦᠪᠯᠡᠯ ᠤᠨ ᠠᠯᠪᠠᠨ ᠭᠡᠷ ᠤᠨ ᠡᠷᠬᠢᠯᠡᠭᠴᠢ᠂ ᠠᠮᠣᠷ ᠢ ᠬᠢᠨᠠᠬᠤ ᠲᠣᠪᠴᠢᠶ᠎ᠠ ᠶᠢᠨ ᠲᠠᠷᠤᠭ᠎ᠠ ᠸᠧᠨ ᠭᠥᠸᠧ ᠯᠢᠶᠠᠩ ᠠᠴᠠ ᠬᠤᠷᠠᠯ ᠡᠷᠬᠢᠯᠡᠵᠦ᠂ ᠬᠠᠮᠢᠶᠠᠷᠣᠯᠳᠠ ᠶᠢᠨ ᠵᠦᠪᠯᠡᠯ  ᠤᠨ ᠲᠡᠳ᠋ ᠡᠷᠬᠢᠯᠡᠭᠴᠢ᠂ ᠠᠮᠣᠷ ᠤᠨ ᠵᠦᠪᠯᠡᠯ ᠤᠨ ᠲᠡᠳ᠋ ᠡᠷᠬᠢᠯᠡᠭᠴᠢ ᠶᠠᠨ ᠯᠢ ᠵᠢᠶᠦ᠋ᠨ ᠬᠤᠷᠠᠯ ᠳᠤ ᠰᠠᠭᠠᠳᠠᠵᠦ ᠶᠠᠷᠢᠶ᠎ᠠ ᠲᠠᠯᠪᠢᠪᠠ᠃ ᠬᠤᠷᠠᠯ ᠲᠡᠭᠡᠷ᠎ᠡ ᠭᠠᠵᠠᠷ ᠣᠷᠣᠨ ᠤ 7 ᠰᠠᠷ᠎ᠠ ᠶᠢᠨ ᠲᠣᠮᠳᠠᠴᠢ ᠪᠠᠷ ᠦᠷᠨᠢᠬᠦᠯᠦᠭᠰᠡᠨ ᠠᠶᠣᠯ ᠦᠬᠡᠢ ᠦᠢᠯᠡᠳᠪᠦᠷᠢᠯᠡᠯ ᠤᠨ ᠶᠡᠭᠡ ᠪᠠᠶᠢᠴᠠᠭᠠᠯᠳᠠ ᠠᠴᠠ ᠨᠠᠰᠢ ᠶᠢᠨ ᠠᠵᠢᠯ ᠤᠨ ᠪᠠᠶᠢᠳᠠᠯ ᠢ ᠮᠡᠳᠡᠬᠦᠯᠪᠡ᠃ ᠲᠠᠷᠠᠭ᠎ᠠ  ᠨᠢ 8 ᠰᠠᠷ᠎ᠠ ᠶᠢᠨ 6 ᠤ ᠦᠳᠡ ᠶᠢᠨ ᠬᠤᠶᠢᠨᠠᠬᠢ ᠪᠦᠬᠦ ᠠᠶᠢᠮᠠᠭ ᠤᠨ ᠠᠶᠣᠯ ᠦᠬᠡᠢ ᠦᠢᠯᠡᠳᠪᠦᠷᠢᠯᠡᠯ ᠰᠡᠷᠡᠮᠵᠢᠯᠡᠬᠦᠯᠬᠦ ᠰᠣᠷᠭᠠᠨ ᠬᠦᠮᠦᠵᠢᠯ ᠵᠢᠴᠢ ᠠᠶᠣᠯ ᠦᠬᠡᠢ ᠦᠢᠯᠡᠳᠪᠦᠷᠢᠯᠡᠯ ᠤᠨ ᠠᠵᠢᠯ ᠤᠨ ᠬᠤᠷᠠᠯ ᠲᠡᠭᠡᠷ᠎ᠡ ᠵᠠᠰᠠᠭ ᠵᠠᠬᠢᠷᠭᠠᠨ ᠤ ᠲᠡᠳ᠋ ᠠᠶᠢᠮᠠᠭ ᠤᠨ ᠲᠠᠷᠤᠭ᠎ᠠ ᠮᠧᠩ ᠱᠣᠣ ᠵᠢᠶᠦ᠋ᠨ᠂ ᠠᠶᠢᠮᠠᠭ ᠤᠨ ᠠᠮᠣᠷ ᠢ ᠬᠢᠨᠠᠬᠤ ᠲᠣᠪᠴᠢᠶᠠᠨ ᠤ ᠲᠣᠪᠴᠢᠶᠠᠨ ᠲᠠᠷᠤᠭ᠎ᠠ ᠸᠠᠩ ᠶᠠᠨ ᠤ ᠶᠠᠷᠢᠶᠠᠨ ᠤ ᠵᠣᠷᠢᠭ ᠰᠠᠨᠠᠭ᠎ᠠ ᠶᠢ ᠣᠯᠠᠮᠵᠢᠯᠠᠵᠦ᠂ ᠬᠤᠷᠠᠯ ᠤᠨ ᠡᠴᠦᠰ ᠲᠤ ᠲᠠᠷᠠᠭᠠᠴᠢ ᠶᠢᠨ ᠠᠯᠬᠤᠮ ᠤᠨ ᠠᠶᠣᠯ ᠦᠬᠡᠢ ᠦᠢᠯᠡᠳᠪᠦᠷᠢᠯᠡᠯ ᠤᠨ ᠭᠤᠣᠯᠳᠠᠯᠭ᠎ᠠ ᠲᠠᠢ ᠠᠵᠢᠯ ᠳᠤ ᠲᠣᠬᠢᠷᠠᠭᠤᠯᠣᠯᠳᠠ ᠬᠢᠪᠠ᠃       ᠨᠢᠬᠡ ᠳᠤ ︽8·01︾ ᠦᠢᠯᠡᠳᠪᠦᠷᠢᠯᠡᠯ ᠤᠨ ᠠᠮᠣᠷ ᠲᠦᠪᠰᠢᠨ ᠤ ᠠᠳᠡᠯ ᠠᠴᠠ ᠰᠣᠷᠭᠠᠮᠵᠢ ᠠᠪᠴᠣ᠂ ᠬᠢᠵᠠᠭᠠᠷ ᠲᠠᠢ ᠣᠷᠣᠨ ᠵᠠᠢ ᠲᠣᠳᠣᠷᠠᠬᠢ ᠠᠵᠢᠯᠯᠠᠬᠤ ᠲᠠᠯᠠᠪᠠᠢ ᠶᠢᠨ ᠠᠮᠣᠷ ᠲᠦᠪᠰᠢᠨ ᠤ ᠪᠠᠶᠢᠴᠠᠭᠠᠯᠳᠠ ᠶᠢ ᠵᠣᠬᠢᠶᠠᠨ ᠪᠠᠶᠢᠭᠤᠯᠵᠦ᠂ ᠠᠳᠠᠯᠢ ᠲᠦᠷᠦᠯ ᠤᠨ ᠠᠳᠡᠯ ᠭᠠᠷᠬᠤ ᠶᠢ ᠡᠷᠡᠰ ᠬᠤᠷᠢᠭᠯᠠᠨ᠎ᠠ᠃ ᠬᠤᠶᠠᠷ ᠲᠤ ᠠᠶᠣᠯ ᠦᠬᠡᠢ ᠦᠢᠯᠡᠳᠪᠦᠷᠢᠯᠡᠯ ᠤᠨ ᠪᠠᠶᠢᠴᠠᠭᠠᠯᠳᠠ ᠵᠢᠴᠢ ᠨᠢᠭᠤᠴᠠ ᠠᠶᠣᠯ ᠤᠨ ᠪᠠᠶᠢᠴᠠᠭᠠᠯᠳᠠ ᠶᠢ ᠬᠢᠨᠠᠮᠠᠭᠠᠢ ᠦᠷᠨᠢᠬᠦᠯᠵᠦ᠂ ᠦᠪᠡᠷᠳᠡᠬᠡᠨ ᠵᠠᠰᠠᠬᠤ ᠣᠷᠣᠨ ᠪᠠᠶᠢᠭᠤᠯᠣᠭᠳᠠᠭᠰᠠᠨ 70 ᠵᠢᠯ ᠤᠨ ᠣᠢ ᠶᠢ ᠪᠡᠯᠬᠡᠯᠡᠬᠦ ᠬᠦᠳᠡᠯᠬᠡᠬᠡᠨ ᠵᠢᠴᠢ ᠠᠷᠪᠠ ᠶᠢᠰᠦᠳᠦᠬᠡᠷ ᠶᠡᠭᠡ ᠬᠤᠷᠠᠯ ᠬᠤᠷᠠᠯᠳᠣᠬᠤ ᠳᠤ ᠣᠬᠢ ᠰᠠᠶᠢᠨ ᠠᠶᠣᠯ ᠦᠬᠡᠢ ᠦᠢᠯᠡᠳᠪᠦᠷᠢᠯᠡᠯ ᠤᠨ ᠠᠭᠤᠷ ᠠᠮᠢᠰᠬᠤᠯ  ᠢ ᠪᠣᠢ ᠪᠣᠯᠭᠠᠵᠦ ᠦᠭᠬᠦᠨ᠎ᠡ᠃ ᠭᠤᠷᠪᠠ ᠳᠤ ᠢᠨᠵᠧᠨᠧᠷᠢᠩ ᠤᠨ ᠠᠵᠢᠯ᠂ ᠵᠠᠮ ᠱᠣᠭᠤᠮ ᠤᠨ ᠬᠠᠷᠢᠯᠴᠠᠭ᠎ᠠ ᠵᠡᠷᠬᠡ ᠬᠦᠷᠢᠶᠡᠨ ᠳᠤ ᠲᠣᠰᠬᠠᠢ ᠲᠦᠰᠦᠯ ᠤᠨ ᠴᠡᠭᠴᠡᠯᠡᠯᠳᠡ ᠶᠢ ᠦᠷᠬᠦᠯᠵᠢᠯᠡᠬᠦᠯᠦᠨ ᠦᠷᠨᠢᠬᠦᠯᠵᠦ᠂ ᠠᠳᠡᠯ ᠤᠨ ᠨᠢᠭᠤᠭᠳᠠᠮᠠᠯ ᠠᠶᠣᠯ ᠢ ᠠᠷᠢᠯᠭᠠᠨ᠂ ᠠᠳᠡᠯ ᠡᠬᠦᠰᠬᠦ ᠪᠣᠯᠣᠮᠵᠢ ᠶᠢ ᠲᠣᠷᠣᠭᠰᠢᠯᠠᠭᠤᠯᠣᠨ᠎ᠠ᠃
 
ᠢᠷᠡᠯᠲᠡ᠄ ᠣᠯᠠᠭᠠᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃   ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ : 010098    蒙ICP备05000248号