2017 ᠣᠨ ᠤ ︽ᠣᠯᠠᠭᠠᠢ ᠬᠤᠨᠳᠠᠭᠠᠳᠣ︾ ᠬᠤᠶᠠᠳᠣᠭᠠᠷ ᠬᠤᠭᠤᠴᠠᠭᠠᠨ ᠤ ᠦᠪᠦᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠦᠰᠪᠦᠷᠢ ᠶᠢᠨ ᠵᠢᠣᠳᠣᠣ ᠶᠢᠨ ᠱᠠᠩᠨᠠᠯᠳᠣ ᠣᠷᠣᠯᠳᠣᠭᠠᠨ ᠬᠠᠮᠢᠶᠠᠷᠣᠯᠳᠠ  ᠶᠢᠨ ᠣᠷᠣᠨ ᠳᠤ ᠲᠡᠬᠦᠰ ᠠᠮᠵᠢᠯᠳᠠ ᠲᠠᠢ ᠦᠨᠳᠦᠷᠯᠡᠪᠡ
ᠨᠡᠶᠢᠲᠡᠯᠡᠭᠰᠡᠨ ᠴᠠᠭ᠄
2017/8/25
     2017 ᠣᠨ ᠤ 8 ᠰᠠᠷ᠎ᠠ ᠶᠢᠨ 19 ᠠᠴᠠ 20 ᠪᠣᠯᠳᠠᠯ᠎ᠠ᠂ ᠦᠪᠦᠷ ᠮᠣᠩᠭᠤᠯ ᠤᠨ ᠬᠦᠨᠳᠦ ᠬᠦᠩᠬᠡᠨ ᠪᠡᠶ᠎ᠡ ᠶᠢᠨ ᠲᠠᠮᠢᠷ ᠵᠢᠣᠳᠣᠣ ᠵᠡᠪᠰᠡᠭ ᠤᠨ ᠡᠷᠳᠡᠮ ᠬᠦᠳᠡᠯᠬᠡᠬᠡᠨ ᠤ ᠬᠠᠮᠢᠶᠠᠷᠣᠯᠳᠠ ᠶᠢᠨ ᠲᠦᠪ᠂ ᠰᠢᠯᠢ ᠶᠢᠨ ᠭᠤᠣᠯ ᠠᠶᠢᠮᠠᠭ ᠤᠨ ᠰᠣᠶᠣᠯ ᠪᠡᠶ᠎ᠡ ᠲᠠᠮᠢᠷ ᠰᠣᠨᠢᠨ ᠮᠡᠳᠡᠭᠡ ᠬᠡᠪᠯᠡᠯ ᠷᠠᠳᠢᠣ᠋ ᠲᠧᠯᠸᠢᠰ ᠤᠨ ᠲᠣᠪᠴᠢᠶ᠎ᠠ ᠠᠴᠠ ᠭᠤᠣᠯᠯᠠᠨ ᠡᠷᠬᠢᠯᠡᠭᠰᠡᠨ᠂ ᠦᠪᠦᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠵᠢᠣᠳᠣᠣ ᠶᠢᠨ ᠨᠡᠶᠢᠬᠡᠮᠯᠢᠭ᠂ ᠣᠯᠠᠭᠠᠢ ᠬᠠᠮᠢᠶᠠᠷᠣᠯᠳᠠ ᠶᠢᠨ ᠣᠷᠣᠨ ᠤ ᠬᠠᠮᠢᠶᠠᠷᠣᠯᠳᠠ ᠶᠢᠨ ᠵᠦᠪᠯᠡᠯ᠂ ᠣᠯᠠᠭᠠᠢ ᠬᠠᠮᠢᠶᠠᠷᠣᠯᠳᠠ ᠶᠢᠨ ᠣᠷᠣᠨ ᠤ ᠰᠣᠶᠣᠯ ᠲᠠᠮᠢᠷ ᠷᠠᠳᠢᠣ᠋ ᠲᠧᠯᠸᠢᠰ ᠵᠢᠭᠤᠯᠴᠢᠯᠠᠯ ᠤᠨ ᠲᠣᠪᠴᠢᠶ᠎ᠠ ᠠᠴᠠ ᠲᠠᠭᠠᠭᠠᠴᠢᠯᠠᠨ ᠡᠷᠬᠢᠯᠡᠭᠰᠡᠨ᠂ ᠣᠯᠠᠭᠠᠢ ᠬᠠᠮᠢᠶᠠᠷᠣᠯᠳᠠ  ᠶᠢᠨ ᠣᠷᠣᠨ ᠤ ᠮᠣᠩᠭᠤᠯ ᠦᠨᠳᠦᠰᠦᠳᠡᠨ ᠤ ᠰᠣᠷᠭᠠᠭᠤᠯᠢ᠂ ᠣᠯᠠᠭᠠᠢ ᠬᠠᠮᠢᠶᠠᠷᠣᠯᠳᠠ ᠶᠢᠨ ᠣᠷᠣᠨ ᠤ ᠦᠰᠪᠦᠷᠢ  ᠶᠢᠨ ᠵᠢᠣᠳᠣᠣ ᠶᠢᠨ ᠺᠯᠦ᠋ᠹ ᠠᠴᠠ ᠬᠠᠮᠵᠢᠨ ᠡᠷᠬᠢᠯᠡᠭᠰᠡᠨ ︽ᠣᠯᠠᠭᠠᠢ ᠬᠤᠨᠳᠠᠭᠠᠳᠣ︾ ᠬᠤᠶᠠᠳᠣᠭᠠᠷ ᠬᠤᠭᠤᠴᠠᠭᠠᠨ ᠤ ᠦᠪᠦᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠦᠰᠪᠦᠷᠢ ᠶᠢᠨ ᠵᠢᠣᠳᠣᠣ ᠶᠢᠨ ᠱᠠᠩᠨᠠᠯᠳᠣ ᠣᠷᠣᠯᠳᠣᠭᠠᠨ ᠬᠠᠮᠢᠶᠠᠷᠣᠯᠳᠠ ᠶᠢᠨ ᠣᠷᠣᠨ ᠤ ᠪᠡᠶ᠎ᠡ ᠲᠠᠮᠢᠷ ᠤᠨ ᠣᠷᠳᠣᠨ ᠳᠤ ᠦᠪᠡᠳᠡᠭᠰᠢ ᠶᠡᠭᠡ ᠪᠠᠷ ᠶᠠᠪᠣᠭᠳᠠᠪᠠ᠃ ᠪᠦᠬᠦ ᠣᠷᠣᠨ ᠤ 6 ᠠᠶᠢᠮᠠᠭ ᠬᠤᠳᠠ ᠶᠢᠨ 14 ᠲᠦᠯᠦᠡᠯᠡᠭᠴᠢ ᠶᠢᠨ ᠪᠠᠭ ᠤᠨ 126 ᠨᠡᠷᠡᠰ ᠵᠢᠣᠳᠣᠣ ᠶᠢᠨ ᠲᠠᠮᠢᠷᠴᠢᠨ ᠣᠷᠣᠯᠳᠣᠭᠠᠨ ᠳᠤ ᠣᠷᠣᠯᠴᠠᠵᠦ᠂ ᠣᠷᠣᠯᠳᠣᠭᠠᠨ ᠢ ᠦᠨᠳᠦᠷ ᠲᠣᠮᠳᠠᠳᠣ ᠶᠢᠨ ᠪᠠᠭ᠂  ᠠᠩᠬ᠎ᠠ ᠲᠣᠮᠳᠠᠳᠣ ᠶᠢᠨ ᠪᠠᠭ ᠂ ᠪᠠᠭ᠎ᠠ ᠰᠣᠷᠭᠠᠭᠤᠯᠢ ᠶᠢᠨ ᠬᠦᠬᠡ ᠪᠠᠭ᠂ ᠬᠦᠬᠡᠭᠴᠢᠨ ᠪᠠᠭ᠂ ᠡᠮᠡᠭᠳᠡᠢ ᠶᠢᠨ ᠦᠨᠳᠦᠷ ᠲᠣᠮᠳᠠᠳᠣ ᠶᠢᠨ ᠪᠠᠭ᠂  ᠠᠩᠬ᠎ᠠ ᠲᠣᠮᠳᠠᠳᠣ ᠶᠢᠨ ᠪᠠᠭ᠂ ᠪᠠᠭ᠎ᠠ ᠰᠣᠷᠭᠠᠭᠤᠯᠢ ᠶᠢᠨ ᠪᠠᠭ᠂ ᠰᠣᠷᠬᠤ ᠠᠴᠠ ᠡᠮᠦᠨᠡᠬᠢ ᠬᠡᠦᠬᠡᠳ ᠤᠨ ᠪᠠᠭ ᠬᠡᠵᠦ ᠨᠠᠢᠮᠠᠨ ᠪᠠᠭ ᠬᠤᠪᠢᠶᠠᠨ ᠣᠷᠣᠯᠳᠣᠭᠤᠯᠪᠠ᠃      ᠲᠣᠰ ᠣᠳᠠᠭᠠᠨᠨ ᠣᠷᠣᠯᠳᠣᠭᠠᠨ ᠳᠤ ᠣᠯᠠᠭᠠᠢ ᠬᠠᠮᠢᠶᠠᠷᠣᠯᠳᠠ ᠶᠢᠨ ᠣᠷᠣᠨ ᠤ ᠦᠰᠪᠦᠷᠢ ᠶᠢᠨ ᠵᠢᠣᠳᠣᠣ ᠶᠢᠨ ᠺᠯᠦ᠋ᠹ ᠠᠴᠠ 31 ᠲᠠᠮᠢᠷᠴᠢᠨ ᠰᠣᠩᠭᠤᠨ 13 ᠪᠠᠭ ᠤᠨ ᠣᠷᠣᠯᠳᠣᠭᠠᠨ ᠳᠤ ᠣᠷᠣᠯᠴᠠᠵᠦ᠂ ᠣᠷᠣᠯᠳᠣᠭᠠᠨ ᠳᠤ 11 ᠠᠯᠳᠠᠨ ᠮᠧᠲᠠᠯ 6 ᠮᠦᠩᠬᠦᠨ ᠮᠧᠲᠠᠯ 10 ᠬᠦᠷᠡᠯ ᠮᠧᠲᠠᠯ ᠤᠨ ᠰᠢᠯᠢᠳᠡᠭ ᠠᠮᠵᠢᠯᠳᠡ ᠣᠯᠪᠠ᠃
 
ᠢᠷᠡᠯᠲᠡ᠄ ᠣᠯᠠᠭᠠᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号