ᠢᠳᠡᠬᠡᠨ ᠡᠮ ᠦᠢᠯᠡᠳᠪᠦᠷᠢ ᠬᠤᠳᠠᠯᠳᠤᠭ᠎ᠠ ᠴᠢᠨᠠᠷ ᠬᠢᠨᠠᠯᠳᠠ ᠶᠢᠨ ᠲᠣᠪᠴᠢᠶ᠎ᠠ ᠠᠷᠢᠬᠢᠨ ᠤ ᠲᠦᠷᠦᠯ ᠢ ᠡᠵᠡᠩᠨᠡᠭᠴᠢ ᠪᠠᠶᠢᠭᠤᠯᠭ᠎ᠠ ᠶᠢᠨ ᠬᠠᠷᠢᠭᠤᠴᠠᠭᠴᠢ ᠨᠠᠷ ᠲᠠᠢ ᠰᠠᠭᠤᠳᠠᠯ ᠤᠨ ᠬᠤᠷᠠᠯ ᠬᠢᠪᠡ
ᠨᠡᠶᠢᠲᠡᠯᠡᠭᠰᠡᠨ ᠴᠠᠭ᠄
2018-01-11
      ᠬᠠᠷ᠎ᠠ ᠠᠷᠢᠬᠢᠨ ᠤ ᠦᠢᠯᠡᠳᠪᠦᠷᠢᠯᠡᠯ ᠡᠵᠡᠩᠨᠡᠯᠳᠡ ᠬᠢᠨᠠᠯᠳᠠ ᠬᠠᠮᠢᠶᠠᠷᠣᠯᠳᠠ ᠶᠢ ᠣᠯᠠᠮ ᠨᠢᠬᠡ ᠠᠯᠬᠤᠮ ᠴᠢᠩᠭᠠᠳᠬᠠᠵᠦ᠂ ᠬᠠᠷ᠎ᠠ ᠠᠷᠢᠬᠢ ᠡᠵᠡᠩᠨᠡᠭᠴᠢ ᠪᠠᠶᠢᠭᠤᠯᠭ᠎ᠠ ᠶᠢ ᠢᠳᠡᠬᠡᠨ ᠤ ᠠᠮᠣᠷ ᠲᠦᠪᠰᠢᠨ ᠤ ᠬᠠᠮᠢᠶᠠᠷᠣᠯᠳᠠ ᠎ ᠶᠢᠨ ᠲᠦᠷᠢᠮ ᠪᠠᠶᠢᠭᠤᠯᠬᠤ ᠶᠢ ᠱᠠᠭᠠᠷᠳᠠᠨ᠂ ᠲᠡᠬᠦᠨ ᠤ ᠢᠳᠡᠬᠡᠨ ᠤ ᠵᠦᠢᠯ ᠤᠨ ᠠᠮᠣᠷ ᠲᠦᠪᠰᠢᠨ ᠤ ᠭᠤᠣᠯ ᠴᠣᠭᠴᠠ ᠶᠢᠨ ᠬᠠᠷᠢᠭᠤᠴᠠᠯᠭ᠎ᠠ ᠶᠢ ᠴᠢᠩᠭ᠎ᠠ ᠬᠡᠷᠡᠭᠵᠢᠬᠦᠯᠬᠦ ᠶᠢ ᠬᠢᠨᠠᠨ ᠱᠠᠭᠠᠷᠳᠠᠵᠦ᠂ ᠬᠠᠷ᠎ᠠ ᠠᠷᠢᠬᠢ ᠦᠢᠯᠡᠳᠪᠦᠷᠢᠯᠡᠨ ᠡᠵᠡᠩᠨᠡᠬᠦ ᠬᠠᠣᠯᠢ ᠲᠣᠭᠳᠠᠭᠠᠯ ᠢ ᠵᠦᠷᠢᠴᠡᠭᠰᠡᠨ ᠦᠢᠯᠡ ᠠᠵᠢᠯᠯᠠᠭ᠎ᠠ ᠳᠤ ᠬᠠᠳᠠᠭᠤ ᠴᠣᠬᠢᠯᠳᠠ ᠦᠭᠬᠦ ᠶᠢᠨ ᠲᠦᠯᠦᠬᠡ᠂ ᠢᠳᠡᠬᠡᠨ ᠡᠮ ᠦᠢᠯᠡᠳᠪᠦᠷᠢ ᠬᠤᠳᠠᠯᠳᠤᠭ᠎ᠠ ᠴᠢᠨᠠᠷ ᠬᠢᠨᠠᠯᠳᠠ ᠶᠢᠨ ᠲᠣᠪᠴᠢᠶ᠎ᠠ ᠬᠤᠪᠠᠨᠴᠠᠷ ᠬᠦᠨᠦᠭ ᠲᠤ ᠰᠠᠪᠠᠯᠠᠭᠰᠠᠨ ᠬᠠᠷ᠎ᠠ ᠠᠷᠢᠬᠢ᠂ ᠰᠣᠯᠠ ᠰᠠᠪᠠᠯᠠᠭᠰᠠᠨ ᠬᠠᠷ᠎ᠠ ᠠᠷᠢᠬᠢᠨ ᠳᠤ ᠲᠣᠰᠬᠠᠢ ᠪᠠᠶᠢᠴᠠᠭᠠᠯᠳᠠ ᠦᠷᠨᠢᠬᠦᠯᠦᠭᠰᠡᠨ ᠤ ᠰᠠᠭᠤᠷᠢᠨ ᠲᠡᠭᠡᠷ᠎ᠡ᠂ 1 ᠰᠠᠷ᠎ᠠ ᠶᠢᠨ 5᠎ ᠤ ᠡᠳᠣᠷ ᠤᠨ ᠦᠳᠡ ᠶᠢᠨ ᠡᠮᠦᠨ᠎ᠡ ᠠᠷᠢᠬᠢᠨ ᠤ ᠲᠦᠷᠦᠯ ᠢ ᠡᠵᠡᠩᠨᠡᠭᠴᠢ ᠪᠠᠶᠢᠭᠤᠯᠭ᠎ᠠ ᠶᠢᠨ ᠬᠠᠷᠢᠭᠤᠴᠠᠭᠴᠢ ᠨᠠᠷ ᠲᠠᠢ ᠰᠠᠭᠤᠳᠠᠯ ᠤᠨ ᠬᠤᠷᠠᠯ ᠬᠢᠪᠡ᠃       ᠬᠤᠷᠠᠯ ᠲᠡᠭᠡᠷ᠎ᠡ ᠦᠪᠡᠷᠳᠡᠬᠡᠨ ᠵᠠᠰᠠᠬᠤ ᠣᠷᠣᠨ᠂ ᠠᠶᠢᠮᠠᠭ ᠤᠨ ᠬᠠᠷ᠎ᠠ ᠠᠷᠢᠬᠢᠨ ᠤ ᠦᠢᠯᠡᠳᠪᠦᠷᠢᠯᠡᠯ ᠡᠵᠡᠩᠨᠡᠯᠳᠡ ᠶᠢ ᠲᠦᠪᠯᠡᠷᠡᠬᠦᠯᠦᠨ ᠴᠡᠭᠴᠡᠯᠡᠬᠦ ᠠᠵᠢᠯ ᠢ ᠴᠢᠩᠭᠠᠳᠬᠠᠬᠤ ᠬᠠᠮᠢᠶ᠎ᠠ ᠪᠦᠬᠦᠢ ᠪᠢᠴᠢᠭ ᠮᠠᠲ᠋ᠧᠷᠢᠶᠠᠯ ᠤᠨ ᠵᠣᠷᠢᠭ ᠰᠠᠨᠠᠭ᠎ᠠ ᠪᠣᠯᠣᠨ ᠰᠣᠯᠠ ᠰᠠᠪᠠᠯᠠᠭᠰᠠᠨ ᠬᠠᠷ᠎ᠠ ᠠᠷᠢᠬᠢ ᠪᠣᠷᠣᠯᠠᠭᠤᠯᠬᠤ ᠡᠵᠡᠩᠨᠡᠬᠦ ᠪᠠᠶᠢᠭᠤᠯᠭ᠎ᠠ ᠶᠢ ᠬᠢᠨᠠᠨ ᠬᠠᠮᠢᠶᠠᠷᠬᠤ ᠠᠵᠢᠯ ᠢ ᠴᠢᠩᠭᠠᠳᠬᠠᠬᠤ ᠬᠠᠮᠢᠶ᠎ᠠ ᠪᠦᠬᠦᠢ ᠱᠠᠭᠠᠷᠳᠠᠯᠭ᠎ᠠ ᠶᠢ ᠲᠠᠮᠵᠢᠭᠤᠯᠬᠤ ᠶᠢᠨ ᠬᠠᠮᠳᠣ ︽ᠠᠷᠢᠬᠢᠨ ᠤ ᠵᠦᠢᠯ ᠢ ᠡᠵᠡᠩᠨᠡᠬᠦ ᠪᠠᠶᠢᠭᠤᠯᠭ᠎ᠠ ᠶᠢᠨ ᠬᠦᠢᠴᠡᠳᠬᠡᠪᠡᠰᠣ ᠵᠣᠬᠢᠬᠤ ᠡᠬᠦᠷᠭᠡ ᠶᠢᠨ ᠮᠡᠳᠡᠭᠳᠡᠯ ᠤᠨ ᠪᠢᠴᠢᠭ︾᠎ ᠢ ᠲᠠᠷᠣᠮᠠᠯᠯᠠᠨ ᠲᠠᠷᠠᠭᠠᠵᠦ᠂ ᠬᠠᠷ᠎ᠠ ᠠᠷᠢᠬᠢ ᠡᠵᠡᠩᠨᠡᠵᠦ ᠪᠠᠶᠢᠭ᠎ᠠ ᠪᠠᠶᠢᠭᠤᠯᠭ᠎ᠠ ᠶᠢᠨ ᠬᠦᠢᠴᠡᠳᠬᠡᠪᠡᠰᠣ ᠵᠣᠬᠢᠬᠤ ᠬᠠᠣᠯᠢ ᠎ ᠶᠢᠨ ᠡᠬᠦᠷᠬᠡ ᠶᠢ ᠮᠡᠳᠡᠭᠳᠡᠪᠡ᠃       ᠬᠤᠷᠠᠯ ᠲᠡᠭᠡᠷ᠎ᠡ ᠡᠯ᠎ᠡ ᠠᠷᠢᠬᠢ ᠡᠵᠡᠩᠨᠡᠭᠴᠢ ᠪᠠᠶᠢᠭᠤᠯᠭ᠎ᠠ ᠶᠢ ᠢᠳᠡᠬᠡᠨ ᠤ ᠠᠮᠣᠷ ᠲᠦᠪᠰᠢᠨ ᠤ ᠬᠠᠮᠢᠶᠠᠷᠣᠯᠳᠠ ᠶᠢᠨ ᠲᠦᠷᠢᠮ ᠪᠠᠶᠢᠭᠤᠯᠬᠤ ᠶᠢ ᠱᠠᠭᠠᠷᠳᠠᠨ᠂ ᠢᠳᠡᠬᠡᠨ ᠤ ᠵᠦᠢᠯ ᠤᠨ ᠠᠮᠣᠷ ᠲᠦᠪᠰᠢᠨ ᠤ ᠭᠤᠣᠯ ᠴᠣᠭᠴᠠ ᠶᠢᠨ ᠬᠠᠷᠢᠭᠤᠴᠠᠯᠭ᠎ᠠ ᠶᠢ ᠴᠢᠩᠭ᠎ᠠ   ᠬᠡᠷᠡᠭᠵᠢᠬᠦᠯᠵᠦ᠂ ᠦᠪᠡᠷ ᠤᠨ ᠪᠣᠷᠣᠯᠠᠭᠤᠯᠣᠭᠰᠠᠨ ᠬᠠᠷ᠎ᠠ ᠠᠷᠢᠬᠢ ᠶᠢᠨ ᠢᠳᠡᠬᠡᠨ ᠤ ᠠᠮᠣᠷ ᠲᠦᠪᠰᠢᠨ ᠳᠤ ᠬᠠᠷᠢᠭᠤᠴᠠᠬᠤ᠂ ᠬᠡᠷᠡᠭᠯᠡᠭᠴᠢ ᠳᠤ ᠬᠠᠷᠢᠭᠤᠴᠠᠬᠤ᠂ ᠨᠡᠶᠢᠬᠡᠮ ᠳᠤ ᠬᠠᠷᠢᠭᠤᠴᠠᠬᠤ ᠬᠡᠷᠡᠭᠳᠡᠢ ᠬᠡᠰᠡᠨ ᠪᠠᠶᠢᠨ᠎ᠠ᠃ ᠡᠯ᠎ᠡ ᠠᠷᠢᠬᠢᠨ ᠤ ᠵᠦᠢᠯ ᠢ ᠡᠵᠡᠩᠨᠡᠭᠴᠢ ᠪᠠᠷᠠᠭ᠎ᠠ ᠣᠷᠣᠭᠤᠯᠬᠤ ᠦᠶᠡᠰ ᠤᠨ ᠰᠢᠯᠭᠠᠨ ᠪᠠᠶᠢᠴᠠᠭᠠᠵᠦ ᠲᠡᠮᠳᠡᠭᠯᠡᠬᠦ ᠲᠦᠷᠢᠮ ᠪᠠᠶᠢᠭᠤᠯᠬᠤ᠂ ᠪᠦᠬᠡᠮ ᠢᠶᠠᠷ ᠬᠤᠳᠠᠯᠳᠣᠭᠴᠢ ᠢᠳᠡᠬᠡᠨ ᠪᠣᠷᠣᠯᠠᠭᠤᠯᠭᠰᠠᠨ ᠲᠡᠮᠳᠡᠭᠯᠡᠯ ᠬᠢᠬᠦ ᠲᠦᠷᠢᠮ ᠪᠠᠶᠢᠭᠤᠯᠬᠤ ᠶᠢᠨ ᠬᠠᠮᠳᠣ ᠦᠨᠡᠨ ᠪᠣᠳᠠᠳᠠᠢ ᠲᠡᠮᠳᠡᠭᠯᠡᠯ ᠬᠢᠵᠦ᠂ ᠬᠠᠮᠢᠶ᠎ᠠ ᠪᠦᠬᠦᠢ ᠬᠡᠷᠡᠴᠢ ᠪᠠᠷᠢᠮᠳᠠ ᠶᠢ ᠰᠠᠶᠢᠳᠣᠷ ᠬᠠᠳᠠᠭᠠᠯᠠᠨ᠂ ᠢᠳᠡᠬᠡᠨ ᠤ ᠠᠮᠣᠷ ᠲᠦᠪᠰᠢᠨ ᠤ ᠱᠠᠭᠠᠷᠳᠠᠯᠭ᠎ᠠ ᠶᠢᠨ ᠶᠣᠰᠣᠭᠠᠷ ᠬᠠᠳᠠᠭᠠᠯᠠᠨ᠂ ᠬᠦᠮᠦᠷᠬᠡᠯᠡᠭᠰᠡᠨ ᠪᠠᠷᠠᠭ᠎ᠠ ᠶᠢ ᠲᠣᠭᠳᠠᠭᠰᠠᠨ ᠬᠤᠭᠤᠴᠠᠭ᠎ᠠ ᠲᠠᠢ ᠪᠠᠶᠢᠴᠠᠭᠠᠯᠳᠠ ᠬᠢᠬᠦ ᠭᠡᠷᠡᠭᠳᠡᠢ ᠭᠡᠵᠦ ᠱᠠᠭᠠᠷᠳᠠᠪᠠ᠃ ᠡᠬᠦᠨ ᠤ ᠬᠠᠮᠳᠣ ᠰᠣᠯᠠ ᠰᠠᠪᠠᠯᠠᠭᠰᠠᠨ ᠬᠠᠷ᠎ᠠ ᠠᠷᠢᠬᠢ ᠪᠣᠷᠣᠯᠠᠭᠤᠯᠬᠤ ᠨᠦᠬᠦᠴᠡᠯ᠂ ᠱᠠᠭᠠᠷᠳᠠᠯᠭ᠎ᠠ ᠵᠡᠷᠬᠡ ᠶᠢ ᠣᠯᠠᠮ ᠨᠢᠬᠡ ᠠᠯᠬᠤᠮ ᠮᠡᠳᠡᠬᠦᠯᠪᠡ᠃         ᠬᠠᠮᠢᠶᠠᠷᠣᠯᠳᠠ ᠶᠢᠨ ᠣᠷᠣᠨ ᠤ ᠬᠢᠯᠢ ᠲᠣᠳᠣᠷᠠᠬᠢ ᠡᠯ᠎ᠡ ᠬᠠᠷ᠎ᠠ ᠠᠷᠢᠬᠢ ᠪᠦᠬᠡᠮᠳᠡᠬᠦ ᠡᠵᠡᠩᠨᠡᠬᠦ ᠬᠤᠳᠠᠯᠳᠣᠭᠠᠴᠢᠨ᠂ ᠬᠡᠰᠡᠭ ᠵᠢᠵᠢᠭᠯᠡᠨ ᠬᠤᠳᠠᠯᠳᠣᠬᠤ ᠡᠵᠡᠩᠨᠡᠭᠴᠢ ᠪᠣᠯᠣᠨ ᠬᠤᠭᠤᠯᠠ ᠣᠮᠳᠠ ᠶᠢᠨ ᠦᠢᠯᠡᠴᠢᠯᠡᠬᠡᠨ ᠎ ᠤ ᠪᠠᠶᠢᠭᠤᠯᠭ᠎ᠠ ᠶᠢᠨ ᠬᠠᠷᠢᠭᠤᠴᠠᠭᠴᠢ ᠨᠠᠷ ᠬᠤᠷᠠᠯ ᠳᠤ ᠣᠷᠣᠯᠴᠠᠪᠠ᠃
 
ᠢᠷᠡᠯᠲᠡ᠄ ᠣᠯᠠᠭᠠᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃   ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ : 010098    蒙ICP备05000248号