ᠣᠯᠠᠭᠠᠨ ᠵᠠᠭᠠᠯᠮᠠᠶᠢᠳᠠᠨ ᠤ ︽ᠬᠦᠮᠦᠨᠴᠢ ᠦᠵᠡᠯ᠂ ᠲᠡᠯᠬᠡᠷ ᠬᠠᠶᠢᠷ᠎ᠠ᠂ ᠵᠣᠷᠢᠭᠤᠯᠬᠤ︾ ᠵᠣᠷᠢᠭ ᠰᠠᠨᠠᠭ᠎ᠠ ᠶᠢ | ᠣᠯᠠᠮ ᠨᠢᠬᠡ ᠠᠯᠬᠤᠮ ᠪᠠᠳᠠᠷᠠᠭᠤᠯᠵᠦ᠂ ᠶᠠᠳᠠᠭᠤ ᠠᠷᠠᠳ ᠤᠨ ᠪᠠᠶᠠᠷ ᠬᠦᠷ ᠲᠠᠢ ᠰᠢᠨᠡᠯᠡᠬᠦ ᠶᠢ ᠪᠠᠳᠣᠯᠠᠬᠤ ᠶᠢᠨ | ᠲᠦᠯᠦᠬᠡ᠂ 1 ᠰᠠᠷ᠎ᠠ ᠶᠢᠨ 25 ᠤ ᠡᠳᠣᠷ᠂ ᠣᠯᠠᠭᠠᠢ ᠬᠠᠮᠢᠶᠠᠷᠣᠯᠳᠠ ᠶᠢᠨ ᠣᠷᠣᠨ ᠤ ᠣᠯᠠᠭᠠᠨ ᠵᠠᠭᠠᠯᠮᠠᠶᠢᠳᠠᠨ ᠤ | ᠨᠡᠶᠢᠬᠡᠮᠯᠢᠭ ᠠᠴᠠ ᠪᠦᠯᠬᠦᠮᠳᠡᠯ ᠰᠠᠭᠤᠭᠠᠯᠢ ᠶᠢᠨ ᠲᠣᠭᠤᠷᠢᠭ ᠲᠤ 2018 ᠣᠨ ᠤ ︽ᠣᠯᠠᠭᠠᠨ ᠵᠠᠭᠠᠯᠮᠠᠶᠢᠳᠠᠨ ᠤ | ᠲᠡᠯᠬᠡᠷ ᠬᠠᠶᠢᠷ᠎ᠠ ᠶᠢ ᠲᠦᠮᠡᠨ ᠡᠷᠦᠬᠡ ᠳᠤ ᠲᠦᠬᠡᠬᠡᠬᠦ︾ ᠬᠦᠳᠡᠯᠬᠡᠬᠡᠨ ᠤ ᠡᠳ᠋ ᠪᠣᠳᠠᠰ ᠲᠦᠬᠡᠬᠡᠬᠦ ᠶᠣᠰᠣᠯᠠᠯ | ᠶᠠᠪᠣᠭᠤᠯᠪᠠ᠃ ᠬᠡᠳᠦᠶᠢᠪᠡᠷ ᠬᠠᠬᠢᠷ ᠡᠪᠦᠯ ᠪᠣᠯᠪᠠᠴᠣ᠂ ᠬᠦᠳᠡᠯᠬᠡᠬᠡᠨ ᠤ ᠲᠠᠯᠠᠪᠠᠢ ᠬᠠᠯᠠᠭᠤᠨ ᠰᠡᠳᠬᠢᠯᠬᠡ ᠢᠶᠠᠷ | ᠪᠢᠯᠬᠠᠭᠰᠠᠨ ᠪᠠᠶᠢᠨ᠎ᠠ᠃ ᠬᠠᠮᠢᠶᠠᠷᠣᠯᠳᠠ ᠶᠢᠨ ᠣᠷᠣᠨ ᠤ ᠲᠡᠳ᠋ ᠡᠷᠬᠢᠯᠡᠭᠴᠢ ᠷᠧᠨ ᠰᠢ ᠵᠢᠶᠦ᠋ᠨ᠂ ᠣᠯᠣᠰ ᠲᠦᠷᠦ | ᠶᠢᠨ ᠵᠦᠪᠯᠡᠯᠬᠡᠨ ᠤ ᠠᠯᠪᠠᠨ ᠭᠡᠷ ᠤᠨ ᠡᠷᠬᠢᠯᠡᠭᠴᠢ ᠪᠠᠢ ᠬᠠᠢ ᠲᠠᠩ ᠵᠢᠴᠢ ᠬᠠᠮᠢᠶᠠᠷᠣᠯᠳᠠ ᠶᠢᠨ ᠣᠷᠣᠨ ᠤ ᠣᠯᠠᠭᠠᠨ | ᠵᠠᠭᠠᠯᠮᠠᠶᠢᠳᠠᠨ ᠤ ᠨᠡᠶᠢᠬᠡᠮᠯᠢᠭ ᠪᠠ ᠡᠯ᠎ᠡ ᠲᠠᠯᠠᠪᠠᠢ ᠪᠠᠯᠭᠠᠰᠣᠨ ᠤ ᠬᠠᠷᠢᠭᠤᠴᠠᠭᠴᠢ ᠨᠠᠷ ᠬᠦᠳᠡᠯᠬᠡᠬᠡᠨ ᠤ ᠠᠬᠤᠢ | ᠲᠠᠯᠠᠪᠠᠢ ᠳᠤ ᠢᠷᠡᠵᠦ ᠲᠣᠰᠠᠯᠠᠨ ᠪᠣᠯᠭᠤᠭᠠᠬᠤ ᠮᠦᠩᠬᠦ ᠪᠣᠳᠠᠰ ᠢ ᠲᠠᠷᠬᠠᠭᠠᠨ ᠲᠦᠬᠡᠬᠡᠬᠦ ᠪᠣᠯᠣᠨ ᠡᠷᠦᠬᠡ ᠳᠤ | ᠣᠷᠣᠵᠦ ᠲᠣᠬᠢᠨᠠᠭᠤᠯᠬᠤ ᠬᠦᠳᠡᠯᠬᠡᠬᠡᠨ ᠳᠤ ᠣᠷᠣᠯᠴᠠᠪᠠ᠃ | ᠲᠣᠰ ᠣᠳᠠᠭᠠᠨ ᠤ ᠲᠣᠰᠠᠯᠠᠬᠤ ᠬᠦᠳᠡᠯᠬᠡᠬᠡᠨ ᠳᠤ ᠬᠠᠮᠢᠶᠠᠷᠣᠯᠳᠠ ᠶᠢᠨ ᠣᠷᠣᠨ ᠤ ᠣᠯᠠᠭᠠᠨ ᠵᠠᠭᠠᠯᠮᠠᠶᠢᠳᠠᠨ ᠤ | ᠨᠡᠶᠢᠬᠡᠮᠯᠢᠭ ᠠᠴᠠ 8 ᠲᠦᠮᠡ ᠭᠠᠷᠣᠢ ᠲᠦᠬᠦᠷᠢᠭ ᠪᠡᠯᠡᠳᠬᠡᠨ᠂ ᠡᠷᠦᠬᠡ ᠪᠦᠷᠢ ᠳᠤ 500 ᠲᠦᠬᠦᠷᠢᠭ ᠤᠨ | ᠪᠠᠷᠢᠮᠵᠢᠶ᠎ᠠ ᠪᠠᠷ ᠬᠠᠷᠢᠶ᠎ᠠ ᠣᠷᠣᠨ ᠤ 170 ᠡᠷᠦᠬᠡ ᠶᠠᠳᠠᠭᠤ ᠠᠷᠠᠳ ᠢ ᠲᠣᠰᠠᠯᠠᠨ ᠲᠣᠬᠢᠨᠠᠭᠤᠯᠪᠠ᠃ ᠬᠠᠮᠢᠶᠠᠷᠣᠯᠳᠠ | ᠶᠢᠨ ᠣᠷᠣᠨ ᠤ ᠣᠯᠠᠭᠠᠨ ᠵᠠᠭᠠᠯᠮᠠᠶᠢᠳᠠᠨ ᠤ ᠨᠡᠶᠢᠬᠡᠮᠯᠢᠭ ᠨᠢ ᠨᠠᠮ ᠪᠠ ᠵᠠᠰᠠᠭ ᠤᠨ ᠣᠷᠳᠣᠨ ᠤ ᠬᠦᠮᠦᠨᠴᠢ ᠦᠵᠡᠯ | ᠤᠨ ᠠᠵᠢᠯ ᠤᠨ ᠬᠦᠷᠢᠶᠡᠨ ᠳᠠᠬᠢ ᠴᠢᠬᠤᠯᠠ ᠬᠠᠪᠰᠣᠷᠣᠭᠴᠢ ᠪᠣᠯᠣᠭᠰᠠᠨ ᠤ ᠬᠤᠪᠢ ᠳᠤ ᠦᠢᠯᠡᠳᠣᠯ ᠢᠶᠠᠨ ᠬᠦᠢᠴᠡᠳ | ᠪᠠᠳᠠᠷᠠᠭᠤᠯᠵᠦ᠂ ᠵᠠᠰᠠᠭ ᠤᠨ ᠣᠷᠳᠣᠨ ᠤ ᠵᠣᠪᠠᠯ ᠢ ᠦᠨᠡᠨᠬᠦ ᠬᠤᠪᠢᠶᠠᠯᠴᠠᠨ᠂ ᠠᠷᠠᠳ ᠲᠦᠮᠡᠨ ᠤ ᠬᠦᠴᠢᠷ ᠢ | ᠰᠢᠢᠳᠪᠦᠷᠢᠯᠡᠨ᠂ ︽ᠣᠯᠠᠭᠠᠨ ᠵᠠᠭᠠᠯᠮᠠᠶᠢᠳᠠᠨ ᠤ ᠲᠡᠯᠬᠡᠷ ᠬᠠᠶᠢᠷ᠎ᠠ ᠶᠢ ᠲᠦᠮᠡᠨ ᠡᠷᠦᠬᠡ ᠳᠤ ᠲᠦᠬᠡᠬᠡᠬᠦ︾ | ᠬᠦᠳᠡᠯᠬᠡᠬᠡᠨ ᠦᠷᠨᠢᠬᠦᠯᠬᠦ ᠶᠢ ᠣᠯᠠᠭᠠᠨ ᠵᠠᠭᠠᠯᠮᠠᠶᠢᠳᠠᠨ ᠤ ᠨᠡᠶᠢᠬᠡᠮᠯᠢᠭ ᠤᠨ ᠨᠢᠬᠡ ᠵᠦᠢᠯ ᠤᠨ ᠨᠡᠶᠢᠳᠡ ᠶᠢᠨ ᠬᠠᠯᠠᠮᠵᠢ | ᠶᠢᠨ ᠨᠡᠷᠡᠳᠣ ᠲᠡᠮᠳᠡᠭᠳᠣ ᠲᠦᠰᠦᠯ ᠪᠣᠯᠭᠠᠵᠦ᠂ ᠠᠷᠠᠳ ᠤᠨ ᠠᠮᠢᠳᠣᠷᠠᠯ ᠤᠨ ᠲᠣᠭᠤᠷᠢᠨ ᠳᠤ ᠶᠠᠳᠠᠭᠤ ᠬᠦᠴᠢᠷ ᠲᠠᠢ | ᠠᠷᠠᠳ ᠲᠦᠮᠡᠨ ᠢ ᠬᠠᠪᠰᠣᠷᠣᠨ ᠣᠨᠣᠪᠴᠢᠳᠠᠢ ᠲᠣᠰᠠᠯᠠᠭᠰᠠᠭᠠᠷ᠂ ︽ᠣᠯᠠᠭᠠᠨ ᠵᠠᠭᠠᠯᠮᠠᠶᠢᠳᠠᠨ ᠤ ᠲᠡᠯᠬᠡᠷ ᠬᠠᠶᠢᠷ᠎ᠠ ᠶᠢ | ᠲᠦᠮᠡᠨ ᠡᠷᠦᠬᠡ ᠳᠤ ᠲᠦᠬᠡᠬᠡᠬᠦ ᠬᠦᠳᠡᠯᠬᠡᠬᠡᠨ︾ ᠢ ᠣᠳᠣ ᠨᠢᠬᠡᠨᠳᠡ ᠵᠠᠯᠭᠠᠭ᠎ᠠ ᠪᠠᠷ 6 ᠵᠢᠯ ᠦᠷᠨᠢᠬᠦᠯᠵᠦ᠂ ᠨᠡᠶᠢᠳᠡ | 1200 ᠭᠠᠷᠣᠢ ᠶᠠᠳᠠᠭᠤ ᠬᠦᠴᠢᠷᠳᠡᠢ ᠬᠡᠷ ᠪᠦᠯᠢ ᠳᠤ ᠠᠰᠢᠭ ᠬᠦᠷᠳᠡᠬᠡᠪᠡ᠃ ᠲᠣᠰ ᠣᠳᠠᠭᠠᠨ ᠤ ᠬᠦᠳᠡᠯᠬᠡᠬᠡᠨ ᠤ | ᠣᠷᠣᠭᠰᠢᠳᠠᠢ ᠶᠠᠪᠣᠭᠳᠠᠬᠤ ᠶᠢ ᠪᠠᠳᠣᠯᠠᠬᠤ ᠶᠢᠨ ᠲᠦᠯᠦᠬᠡ ᠬᠠᠮᠢᠶᠠᠷᠣᠯᠳᠠ ᠶᠢᠨ ᠣᠷᠣᠨ ᠤ ᠣᠯᠠᠭᠠᠨ ᠵᠠᠭᠠᠯᠮᠠᠶᠢᠳᠠᠨ | ᠤ ᠨᠡᠶᠢᠬᠡᠮᠯᠢᠭ ᠠᠴᠠ ︽ᠡᠷᠬᠡ ᠲᠡᠭᠰᠢ᠂ ᠲᠦᠪ ᠭᠤᠣᠯᠴᠢ᠂ ᠢᠯᠡ ᠲᠣᠳᠣ︾ ᠪᠠᠶᠢᠬᠤ ᠵᠠᠷᠴᠢᠮ ᠢ ᠪᠠᠷᠢᠮᠳᠠᠯᠠᠵᠦ᠂ | ᠲᠣᠰᠠᠯᠠᠬᠤ ᠡᠳᠡᠭᠡᠳ ᠢ ᠰᠢᠬᠦᠨ ᠬᠢᠨᠠᠬᠤ ᠪᠣᠭᠤᠮᠳᠠ ᠶᠢ ᠴᠢᠩᠭ᠎ᠠ ᠠᠳᠬᠤᠵᠦ᠂ ᠬᠠᠮᠳᠣ ᠳᠤᠨᠢ ᠶᠠᠪᠣᠴᠠ ᠶᠢ | ᠴᠢᠩᠭᠠᠯᠠᠨ᠂ ᠬᠠᠷᠢᠭᠤᠴᠠᠯᠭ᠎ᠠ ᠶᠢ ᠲᠣᠳᠣᠳᠬᠠᠵᠦ᠂ ᠲᠣᠰᠠᠯᠠᠨ ᠪᠣᠯᠭᠤᠭᠠᠬᠤ ᠮᠦᠩᠬᠦ ᠪᠣᠳᠠᠰ ᠶᠢ ᠲᠣᠰᠢᠶᠠᠬᠤ ᠪᠠ | ᠬᠦᠯᠢᠶᠡᠨ ᠠᠪᠬᠤ᠂ ᠬᠠᠳᠠᠭᠠᠯᠠᠨ ᠬᠠᠮᠢᠶᠠᠷᠬᠤ᠂ ᠪᠠᠭᠤᠯᠭᠠᠨ ᠲᠠᠷᠬᠠᠭᠠᠬᠤ᠂ ᠪᠦᠷᠢᠳᠭᠡᠬᠦ ᠵᠡᠷᠬᠡ ᠠᠵᠢᠯ ᠤᠨ ᠠᠮᠣᠷ | ᠲᠦᠪᠰᠢᠨ ᠡᠮᠬᠢ ᠵᠢᠷᠣᠮ ᠲᠠᠢ ᠪᠠᠶᠢᠬᠤ ᠶᠢ ᠪᠠᠳᠣᠯᠠᠪᠠ᠃ ᠲᠣᠬᠢᠨᠠᠭᠤᠯᠬᠤ ᠬᠦᠳᠡᠯᠬᠡᠬᠡᠨ ᠲᠠᠢ ᠬᠤᠯᠪᠣᠭ᠎ᠠ ᠲᠠᠢ | ᠮᠦᠩᠬᠦ ᠪᠣᠳᠠᠰ ᠢ ᠪᠠᠭᠤᠯᠭᠠᠨ ᠲᠠᠷᠬᠠᠭᠠᠬᠤ ᠬᠡᠷᠡᠭᠯᠡᠬᠦ ᠪᠠ ᠬᠦᠳᠡᠯᠬᠡᠬᠡᠨ ᠤ ᠪᠠᠶᠢᠳᠠᠯ ᠢ ᠴᠠᠭ ᠢ ᠠᠮᠵᠢᠨ ᠵᠠᠷᠯᠠᠵᠦ᠂ | ᠨᠠᠮ ᠪᠠ ᠵᠠᠰᠠᠭ ᠤᠨ ᠣᠷᠳᠣᠨ ᠤ ᠬᠠᠯᠠᠮᠵᠢ᠂ ᠣᠯᠠᠭᠠᠨ ᠵᠠᠭᠠᠯᠮᠠᠶᠢᠳᠠᠨ ᠤ ᠬᠠᠶᠢᠷ᠎ᠠ ᠬᠠᠯᠠᠮᠵᠢ ᠶᠢ ᠣᠯᠠᠨ ᠲᠦᠮᠡᠨ ᠤ | ᠭᠠᠷ ᠲᠤ ᠦᠨᠡᠨᠬᠦ ᠬᠦᠷᠬᠡᠵᠦ ᠴᠢᠳᠠᠪᠠ᠃ |