5 ᠰᠠᠷ᠎ᠠ ᠶᠢᠨ 18 ᠤ ᠡᠳᠣᠷ ᠤᠨ ᠦᠳᠡ ᠶᠢᠨ ᠡᠮᠦᠨ᠎ᠡ᠂ 2019 ᠣᠨ ᠤ ᠪᠡᠭᠡᠵᠢᠩ ᠤᠨ ᠲᠡᠯᠡᠬᠡᠢ ᠶᠢᠨ | ᠴᠡᠴᠡᠷᠯᠢᠭ ᠤᠨ ᠦᠵᠡᠰᠬᠦᠯᠡᠩ ᠤᠨ ︽ᠦᠪᠦᠷ ᠮᠣᠩᠭᠤᠯ ᠤᠨ ᠬᠦᠳᠡᠯᠬᠡᠬᠡᠨ ᠤ ᠭᠠᠷᠠᠭ︾ ᠤᠨ ᠰᠢᠯᠢ ᠶᠢᠨ ᠭᠤᠣᠯ | ᠰᠡᠳᠣᠪᠳᠣ ᠬᠦᠳᠡᠯᠬᠡᠬᠡᠨ ᠤ ᠡᠳᠣᠷ ᠪᠡᠬᠡᠵᠢᠩ ᠤᠨ ᠲᠡᠯᠡᠬᠡᠢ ᠶᠢᠨ ᠴᠡᠴᠡᠷᠯᠢᠭ ᠤᠨ ᠦᠵᠡᠰᠬᠦᠯᠡᠩ ᠤᠨ ᠬᠦᠷᠢᠶᠡᠯᠡᠩ | ᠤᠨ ᠲᠥᠩ ᠰᠢᠩ ᠲᠠᠯᠠᠪᠠᠢ ᠳᠤ ᠡᠬᠢᠯᠡᠭᠰᠡᠨ ᠪᠠᠶᠢᠨ᠎ᠠ᠃ | ᠦᠪᠡᠷᠳᠡᠬᠡᠨ ᠵᠠᠰᠠᠬᠤ ᠣᠷᠣᠨ ᠤ ᠠᠷᠯᠵᠢᠶᠠ ᠶᠢ ᠠᠬᠢᠭᠤᠯᠬᠤ ᠨᠡᠶᠢᠬᠡᠮᠯᠢᠭ ᠤᠨ ᠲᠠᠷᠤᠭ᠎ᠠ ᠸᠧᠢ ᠾᠥᠩ᠂ | ᠦᠪᠡᠷᠳᠡᠬᠡᠨ ᠵᠠᠰᠠᠬᠤ ᠣᠷᠣᠨ ᠤ ᠣᠢ ᠰᠢᠭᠤᠢ ᠲᠠᠯ᠎ᠠ ᠨᠣᠳᠤᠭ ᠤᠨ ᠲᠣᠪᠴᠢᠶᠠᠨ ᠤ ᠨᠠᠮ ᠤᠨ ᠣᠳᠣᠷᠢᠳᠬᠤ | ᠲᠣᠭᠤᠶᠢᠯᠠᠩ ᠤᠨ ᠬᠡᠰᠢᠬᠦᠨ ᠲᠡᠳ᠋ ᠲᠣᠪᠴᠢᠶᠠᠨ ᠲᠠᠷᠤᠭ᠎ᠠ ᠰᠦᠬᠡ᠂ ᠰᠢᠯᠢ ᠶᠢᠨ ᠭᠤᠣᠯ ᠠᠶᠢᠮᠠᠭ ᠤᠨ ᠨᠠᠮ ᠤᠨ | ᠬᠤᠷᠢᠶᠠᠨ ᠤ ᠱᠦᠵᠢ ᠯᠥᠸᠧ ᠬᠤ᠋ ᠽᠠᠢ᠂ ᠠᠶᠢᠮᠠᠭ ᠤᠨ ᠨᠠᠮ ᠤᠨ ᠬᠤᠷᠢᠶᠠᠨ ᠤ ᠲᠡᠳ᠋ ᠱᠦᠵᠢ ᠣᠯᠣᠰ ᠲᠦᠷᠦ | ᠬᠠᠣᠯᠢ ᠴᠠᠭᠠᠵᠠ ᠶᠢᠨ ᠬᠤᠷᠢᠶᠠᠨ ᠤ ᠱᠦᠵᠢ ᠪᠣᠣ ᠭᠥᠸᠧ ᠴᠢᠤᠸᠠᠨ᠂ ᠠᠶᠢᠮᠠᠭ ᠤᠨ ᠨᠠᠮ ᠤᠨ ᠬᠤᠷᠢᠶᠠᠨ ᠤ | ᠬᠡᠰᠢᠬᠦᠨ ᠲᠡᠳ᠋ ᠠᠶᠢᠮᠠᠭ ᠤᠨ ᠲᠠᠷᠤᠭ᠎ᠠ ᠴᠢᠦᠢ ᠸᠧᠢ ᠭᠥᠸᠧ ᠨᠠᠷ ᠬᠦᠳᠡᠯᠬᠡᠬᠡᠨ ᠳᠤ ᠰᠠᠭᠠᠳᠠᠪᠠ᠃ ᠬᠠᠮᠢᠶᠠᠷᠣᠯᠳᠠ | ᠶᠢᠨ ᠣᠷᠣᠨ ᠤ ᠬᠠᠮᠢᠶᠠᠷᠣᠯᠳᠠ ᠶᠢᠨ ᠵᠦᠪᠯᠡᠯ ᠤᠨ ᠨᠠᠮ ᠤᠨ ᠣᠳᠣᠷᠢᠳᠬᠤ ᠲᠣᠭᠤᠶᠢᠯᠠᠩ ᠤᠨ ᠲᠡᠳ᠋ ᠱᠦᠵᠢ ᠸᠧᠨ | ᠪᠣᠣ ᠯᠥᠩ ᠪᠠᠭ ᠲᠠᠭᠠᠭᠤᠯᠣᠨ ᠬᠦᠳᠡᠯᠬᠡᠬᠡᠨ ᠳᠤ ᠣᠷᠣᠯᠴᠠᠪᠠ᠃ | ᠹᠷᠠᠨᠼᠢ᠂ ᠠᠷᠠᠪ ᠤᠨ ᠬᠤᠯᠪᠣᠭᠠᠳᠣ ᠣᠯᠣᠰ᠂ ᠠᠩᠭ᠍ᠯᠢ᠂ ᠬᠤᠯᠠᠨᠳ᠋᠂ ᠦᠷᠣᠭᠤᠸᠠᠢ᠂ ᠮᠣᠩᠭᠤᠯ ᠵᠡᠷᠭᠡ | ᠣᠯᠣᠰ ᠵᠢᠴᠢ ᠣᠯᠣᠰ ᠤᠨ ᠲᠣᠳᠣᠭᠠᠳᠣ ᠶᠢᠨ 42 ᠲᠣᠮᠣ ᠲᠣᠮᠳᠠ ᠵᠡᠷᠬᠡ ᠶᠢᠨ ᠠᠵᠦ ᠠᠬᠤᠶᠢᠯᠠᠯ ᠤᠨ 60 ᠭᠠᠷᠣᠢ | ᠡᠷᠬᠢᠮ ᠵᠣᠴᠢᠳ ᠣᠷᠢᠯᠭ᠎ᠠ ᠪᠠᠷ ᠬᠦᠳᠡᠯᠬᠡᠬᠡᠨ ᠳᠤ ᠮᠣᠷᠢᠯᠠᠨ ᠰᠠᠭᠠᠳᠠᠪᠠ᠃ | ᠲᠡᠳ᠋ ᠠᠶᠢᠮᠠᠭ ᠤᠨ ᠲᠠᠷᠤᠭ᠎ᠠ ᠮᠧᠩ ᠱᠣᠣ ᠵᠢᠶᠦ᠋ᠨ ᠰᠢᠯᠢ ᠶᠢᠨ ᠭᠤᠣᠯ ᠠᠶᠢᠮᠠᠭ ᠤᠨ ᠨᠠᠮ ᠤᠨ ᠬᠤᠷᠢᠶ᠎ᠠ | ᠵᠠᠬᠢᠷᠭ᠎ᠠ ᠶᠢ ᠲᠦᠯᠦᠬᠡᠯᠡᠨ ᠶᠠᠷᠢᠶ᠎ᠠ ᠲᠠᠯᠪᠢᠪᠠ᠂ ᠠᠶᠢᠮᠠᠭ ᠤᠨ ᠬᠦᠭᠵᠢᠬᠦᠯᠦᠯᠳᠡ ᠦᠬᠡᠷᠡᠴᠢᠯᠡᠯᠳᠡ ᠶᠢᠨ ᠵᠦᠪᠯᠡᠯ ᠤᠨ | ᠲᠡᠳ᠋ ᠡᠷᠬᠢᠯᠡᠭᠴᠢ ᠯᠢ ᠾᠦᠢ ᠾᠧ ᠠᠴᠠ ᠪᠦᠬᠦ ᠠᠶᠢᠮᠠᠭ ᠤᠨ ᠬᠤᠳᠠᠯᠳᠤᠭ᠎ᠠ ᠣᠷᠢᠵᠦ ᠬᠦᠷᠦᠩᠭᠡ ᠲᠠᠳᠠᠬᠤ | ᠲᠠᠨᠢᠯᠴᠠᠭᠤᠯᠭ᠎ᠠ ᠬᠢᠪᠡ᠂ ᠬᠤᠷᠠᠯ ᠳᠤ ᠰᠠᠭᠠᠳᠠᠭᠰᠠᠨ ᠵᠣᠴᠢᠳ ᠰᠢᠯᠢ ᠶᠢᠨ ᠭᠤᠣᠯ ᠤᠨ ᠵᠢᠭᠤᠯᠴᠢᠯᠠᠯ ᠤᠨ | ᠣᠬᠠᠭᠤᠯᠭ᠎ᠠ ᠶᠢᠨ ᠹᠢᠯᠢᠮ ᠦᠵᠡᠨ᠂ ᠦᠪᠦᠷ ᠮᠣᠩᠭᠤᠯ ᠤᠨ ᠵᠦᠩ ᠶᠦᠨ ᠮᠣᠷᠢᠨ ᠤ ᠦᠢᠯᠡᠰ ᠤᠨ ᠪᠦᠯᠦᠭᠯᠡᠯ ᠵᠡᠷᠬᠡ | 3 ᠠᠵᠦ ᠠᠬᠤᠶᠢᠯᠠᠯ ᠲᠣᠰᠬᠠᠢ ᠰᠡᠳᠣᠪᠳᠣ ᠲᠠᠨᠢᠯᠴᠠᠭᠤᠯᠭ᠎ᠠ ᠶᠢ ᠰᠣᠨᠣᠰᠴᠣ᠂ 8 ᠲᠦᠷᠦᠯ ᠵᠦᠢᠯ ᠤᠨ ᠭᠡᠷ᠎ᠡ | ᠪᠠᠶᠢᠭᠤᠯᠬᠤ ᠶᠣᠰᠣᠯᠠᠯ ᠶᠠᠪᠣᠭᠳᠠᠭᠤᠯᠪᠠ᠃ ᠡᠬᠦᠨ ᠤ ᠲᠣᠳᠣᠷ᠎ᠠ ᠬᠠᠮᠢᠶᠠᠷᠣᠯᠳᠠ ᠶᠢᠨ ᠣᠷᠣᠨ ᠤ ᠬᠠᠮᠢᠶᠠᠷᠣᠯᠳᠠ ᠶᠢᠨ | ᠵᠦᠪᠯᠡᠯ ᠪᠣᠯᠣᠨ ᠣᠯᠠᠭᠠᠢ ᠴᠢᠶᠠᠨ ᠷᠦᠨ ᠵᠢᠭᠤᠯᠴᠢᠯᠠᠯ ᠴᠡᠩᠬᠡᠯ ᠤᠨ ᠦᠢᠯᠡᠴᠢᠯᠡᠯᠬᠡᠨ ᠤ ᠲᠦᠪ ᠯᠦᠭᠡ ᠾᠧᠯᠢ ᠬᠡᠢ | ᠪᠦᠮᠪᠦᠬᠡᠨ ᠤ ᠲᠦᠷᠦᠯ ᠵᠦᠢᠯ ᠳᠤ ᠠᠮᠵᠢᠯᠳᠠ ᠲᠠᠢ ᠭᠠᠷ ᠤᠨ ᠦᠰᠦᠭ ᠵᠢᠷᠣᠪᠠ᠂ ᠬᠡᠷ᠎ᠡ ᠶᠢᠨ ᠮᠦᠩᠬᠦ ᠶᠢᠨ ᠲᠤᠭ᠎ᠠ | 1350 ᠲᠦᠮᠡᠨ ᠲᠦᠬᠦᠷᠢᠭ᠃ | ᠪᠡᠭᠡᠵᠢᠩ ᠤᠨ ᠲᠡᠯᠡᠬᠡᠢ ᠶᠢᠨ ᠴᠡᠴᠡᠷᠯᠢᠭ ᠤᠨ ᠦᠵᠡᠰᠬᠦᠯᠡᠩ ᠨᠢ ︽ᠪᠣᠬᠢᠷᠳᠣᠯ ᠦᠬᠡᠢ ᠠᠮᠢᠳᠣᠷᠠᠯ᠂ ᠭᠤᠸ᠎ᠠ | ᠰᠠᠶᠢᠬᠠᠨ ᠭᠡᠷ ᠣᠷᠣᠨ︾ ᠪᠠᠷ ᠭᠤᠣᠯ ᠰᠡᠳᠣᠪ ᠪᠣᠯᠭᠠᠵᠦ᠂ 1999 ᠣᠨ ᠤ ᠺᠦᠨᠮᠢᠩ ᠤᠨ ᠲᠡᠯᠡᠬᠡᠢ ᠶᠢᠨ | ᠴᠡᠴᠡᠷᠯᠢᠭ ᠤᠨ ᠦᠵᠡᠰᠬᠦᠯᠡᠩ ᠤᠨ ᠲᠠᠷᠠᠭᠠᠬᠢ ᠮᠠᠨ ᠣᠯᠣᠰ ᠠᠴᠠ ᠡᠷᠬᠢᠯᠡᠭᠰᠡᠨ ᠵᠡᠷᠬᠡ ᠲᠡᠰ ᠢᠶᠠᠷ ᠬᠠᠮᠤᠭ ᠦᠨᠳᠦᠷ᠂ | ᠬᠡᠪᠴᠢᠶ᠎ᠡ ᠪᠠᠷ ᠬᠠᠮᠤᠭ ᠶᠡᠭᠡ ᠲᠡᠯᠡᠬᠡᠢ ᠶᠢᠨ ᠴᠢᠨᠠᠷᠳᠠᠢ ᠦᠵᠡᠰᠬᠦᠯᠡᠩ ᠪᠣᠯᠣᠨ᠎ᠠ᠃ ᠦᠪᠦᠷ ᠮᠣᠩᠭᠤᠯ ᠤᠨ ᠪᠡᠬᠡᠵᠢᠩ | ᠤᠨ ᠲᠡᠯᠡᠬᠡᠢ ᠶᠢᠨ ᠴᠡᠴᠡᠷᠯᠢᠭ ᠤᠨ ᠦᠵᠡᠰᠬᠦᠯᠡᠩ ᠳᠤ ᠣᠷᠣᠯᠴᠠᠭᠰᠠᠨ ᠭᠤᠣᠯ ᠰᠡᠳᠣᠪ ᠨᠢ ︽ᠦᠵᠡᠰᠬᠦᠯᠡᠩᠳᠣ | ᠲᠠᠯ᠎ᠠ ᠨᠣᠳᠤᠭ ᠮᠢᠨᠢ ᠭᠡᠷ︾᠂ ᠲᠣᠮᠳᠠᠳᠣ ᠣᠯᠣᠰ ᠤᠨ ᠣᠷᠳᠣᠨ ᠲᠣᠳᠣᠷ᠎ᠠ ᠦᠪᠦᠷ ᠮᠣᠩᠭᠤᠯ ᠤᠨ ᠦᠵᠡᠬᠦᠯᠦᠯᠬᠡ | ᠶᠢᠨ ᠲᠣᠭᠤᠷᠢᠭ᠂ ᠦᠪᠦᠷ ᠮᠣᠩᠭᠤᠯ ᠤᠨ ᠦᠵᠡᠬᠦᠯᠦᠯᠬᠡ ᠶᠢᠨ ᠬᠦᠷᠢᠶᠡᠯᠡᠩ ᠪᠣᠯᠣᠨ ᠦᠪᠦᠷ ᠮᠣᠩᠭᠤᠯ ᠤᠨ ᠮᠧᠩ | ᠼᠣᠣ ᠬᠦᠷᠢᠶᠡᠯᠡᠩ ᠬᠡᠮᠡᠬᠦ ᠭᠤᠷᠪᠠᠨ ᠦᠵᠡᠬᠦᠯᠦᠯᠬᠡ ᠶᠢᠨ ᠲᠣᠭᠤᠷᠢᠭ ᠦᠵᠡᠬᠦᠯᠦᠯᠬᠡ ᠶᠢᠨ ᠬᠦᠷᠢᠶᠡᠯᠡᠩ ᠢ | ᠲᠣᠬᠢᠷᠠᠭᠤᠯᠵᠦ᠂ ᠭᠤᠷᠪᠠᠨ ᠡᠳᠣᠷ ᠤᠨ ︽ᠦᠪᠦᠷ ᠮᠣᠩᠭᠤᠯ ᠤᠨ ᠬᠦᠳᠡᠯᠬᠡᠬᠡᠨ ᠤ ᠭᠠᠷᠠᠭ︾ ᠲᠡᠭᠡᠷ᠎ᠡ ᠰᠢᠯᠢ ᠶᠢᠨ | ᠭᠤᠣᠯ ᠠᠶᠢᠮᠠᠭ᠂ ᠬᠦᠯᠦᠨ ᠪᠣᠶᠢᠷ ᠬᠤᠳᠠ ᠵᠡᠷᠭᠡ 8 ᠠᠶᠢᠮᠠᠭ ᠬᠤᠳᠠ ᠶᠢᠨ ᠵᠢᠭᠤᠯᠴᠢᠯᠠᠯ ᠤᠨ ᠰᠣᠶᠣᠯ ᠪᠣᠯᠣᠨ | ᠪᠣᠬᠢᠷᠳᠣᠯ ᠦᠬᠡᠢ ᠠᠵᠦ ᠦᠢᠯᠡᠰ ᠵᠡᠷᠬᠡ ᠲᠣᠰᠬᠠᠢ ᠲᠠᠨᠢᠯᠴᠠᠭᠤᠯᠭ᠎ᠠ ᠶᠢᠨ ᠬᠦᠳᠡᠯᠬᠡᠬᠡᠨ ᠢ ᠡᠷᠬᠢᠯᠡᠪᠡ᠃ |