ᠣᠯᠠᠭᠠᠢ ᠬᠠᠮᠢᠶᠠᠷᠣᠯᠳᠠ ᠶᠢᠨ ᠣᠷᠣᠨ ᠶᠡᠭᠡ ᠰᠣᠷᠣᠯᠴᠠᠯᠭ᠎ᠠ ᠶᠡᠭᠡ ᠶᠠᠷᠢᠯᠴᠠᠭ᠎ᠠ ᠳᠤ ᠲᠠᠬᠢᠨ ᠪᠠᠶᠢᠷᠢᠰᠢᠭᠤᠯᠣᠯᠳᠠ ᠲᠠᠬᠢᠨ ᠴᠢᠩᠭᠠᠳᠬᠠᠯᠳᠠ ᠲᠠᠬᠢᠨ ᠠᠬᠢᠭᠤᠯᠣᠯᠳᠠ ᠬᠢᠪᠡ
ᠨᠡᠶᠢᠲᠡᠯᠡᠭᠰᠡᠨ ᠴᠠᠭ᠄
2019/5/29
      ᠣᠯᠠᠭᠠᠢ ᠬᠠᠮᠢᠶᠠᠷᠣᠯᠳᠠ ᠶᠢᠨ ᠣᠷᠣᠨ ᠨᠠᠮ ᠵᠠᠰᠠᠭ ᠤᠨ ᠬᠠᠮᠳᠣᠷᠠᠭᠰᠠᠨ ᠬᠤᠷᠠᠯ ᠬᠤᠷᠠᠯᠳᠣᠵᠦ᠂ ᠶᠡᠭᠡ ᠰᠣᠷᠣᠯᠴᠠᠯᠭ᠎ᠠ ᠶᠡᠭᠡ ᠶᠠᠷᠢᠯᠴᠠᠭ᠎ᠠ ᠳᠤ ᠲᠠᠬᠢᠨ ᠪᠠᠶᠢᠷᠢᠰᠢᠭᠤᠯᠣᠯᠳᠠ ᠲᠠᠬᠢᠨ ᠴᠢᠩᠭᠠᠳᠬᠠᠯᠳᠠ ᠲᠠᠬᠢᠨ ᠠᠬᠢᠭᠤᠯᠣᠯᠳᠠ ᠬᠢᠪᠡ᠂ ᠨᠠᠮ ᠤᠨ ᠠᠵᠢᠯ ᠤᠨ ᠬᠤᠷᠢᠶᠠᠨ ᠤ ᠱᠦᠵᠢ ᠰᠦᠨ ᠵᠧᠨ ᠵᠢᠶᠠᠩ ᠨᠦᠬᠦᠷ ᠬᠤᠷᠠᠯ ᠢ ᠡᠷᠬᠢᠯᠡᠪᠡ᠃       ᠬᠤᠷᠠᠯ ᠲᠡᠭᠡᠷ᠎ᠡ ᠶᠡᠭᠡ ᠰᠣᠷᠣᠯᠴᠠᠯᠭ᠎ᠠ ᠶᠡᠭᠡ ᠶᠠᠷᠢᠯᠴᠠᠭ᠎ᠠ ᠶᠢᠨ ᠪᠣᠳᠠᠳᠠᠢ ᠲᠣᠬᠢᠷᠠᠭᠤᠯᠣᠯᠳᠠ ᠪᠣᠯᠣᠨ ᠠᠬᠢᠭᠤᠯᠬᠤ ᠠᠷᠭ᠎ᠠ ᠬᠡᠮᠵᠢᠶ᠎ᠡ ᠵᠡᠷᠭᠡ ᠬᠠᠮᠢᠶ᠎ᠠ ᠪᠦᠬᠦᠢ ᠬᠡᠷᠡᠭ ᠶᠠᠪᠣᠳᠠᠯ ᠳᠤ ᠲᠠᠬᠢᠨ ᠪᠠᠶᠢᠷᠢᠰᠢᠭᠤᠯᠣᠯᠳᠠ ᠲᠠᠬᠢᠨ ᠴᠢᠩᠭᠠᠳᠬᠠᠯᠳᠠ ᠬᠢᠪᠡ᠃ ᠲᠣᠰᠬᠠᠢ ᠰᠡᠳᠣᠪᠳᠣ ᠰᠣᠷᠣᠯᠴᠠᠯᠭ᠎ᠠ ᠶᠢ ᠠᠳᠬᠤᠬᠤ᠃ ᠲᠦᠷᠪᠡᠨ ᠲᠠᠯ᠎ᠠ ᠶᠢᠨ ᠲᠣᠭᠤᠷᠢᠨ  ᠳᠤ᠂ ᠭᠤᠣᠯ ᠲᠣᠭᠤᠶᠢᠯᠠᠩ ᠤᠨ ᠰᠣᠷᠣᠯᠴᠠᠯᠭ᠎ᠠ᠂ ᠨᠡᠮ ᠤᠨ ᠡᠬᠦᠷ ᠤᠨ ᠰᠣᠷᠣᠯᠴᠠᠯᠭ᠎ᠠ᠂ ᠬᠤᠣᠰ ᠠᠮᠠᠷᠠᠯᠳᠠ ᠶᠢᠨ ᠡᠳᠣᠷ ᠤᠨ ᠬᠢᠴᠢᠶᠡᠯ ᠪᠣᠯᠣᠨ ᠦᠪᠡᠷᠳᠡᠭᠡᠨ ᠰᠣᠷᠣᠯᠴᠠᠬᠤ ᠪᠠᠷ ᠲᠠᠮᠵᠢᠵᠦ ᠲᠣᠰᠬᠠᠢ ᠰᠡᠳᠣᠪ ᠢᠶᠠᠷ ᠰᠣᠷᠣᠯᠴᠠᠬᠤ ᠶᠢ ᠰᠠᠶᠢᠳᠣᠷ ᠠᠳᠬᠤᠵᠦ᠂ ᠲᠦᠯᠦᠪᠯᠡᠯ ᠢᠶᠠᠷ ᠣᠶᠢᠷ᠎ᠠ ᠳᠤ ᠭᠤᠣᠯ ᠲᠣᠭᠤᠶᠢᠯᠠᠩ ᠤᠨ ᠣᠨᠣᠯ ᠤᠨ ᠰᠣᠷᠣᠯᠴᠠᠯᠭ᠎ᠠ ᠶᠢᠨ ᠨᠢᠬᠡᠳᠦᠭᠡᠷ ᠬᠤᠭᠤᠴᠠᠭ᠎ᠠ᠂ ᠨᠠᠮ ᠤᠨ ᠰᠣᠷᠭᠠᠭᠤᠯᠢ ᠶᠢᠨ ᠲᠣᠰᠬᠠᠢ ᠮᠡᠷᠬᠡᠵᠢᠯᠳᠡᠨ ᠫᠷᠣᠹᠧᠰᠰᠣᠷ ᠤᠨ ᠲᠣᠰᠬᠠᠢ ᠰᠡᠳᠣᠪᠳᠣ ᠵᠢᠯᠣᠭᠤᠳᠣᠯᠭ᠎ᠠ ᠶᠢᠨ ᠨᠢᠬᠡᠳᠦᠬᠡᠷ ᠬᠤᠭᠤᠴᠠᠭ᠎ᠠ ᠶᠢ ᠦᠷᠨᠢᠬᠦᠯᠦᠨ᠎ᠡ᠃ ᠲᠦᠪᠯᠡᠷᠡᠩᠭᠦᠢ ᠰᠣᠳᠣᠯᠣᠨ ᠶᠠᠷᠢᠯᠴᠠᠬᠤ ᠶᠢ ᠠᠳᠬᠤᠬᠤ᠃ ᠦᠨᠳᠦᠷ ᠴᠢᠨᠠᠷ ᠪᠦᠬᠦᠢ ᠬᠦᠭᠵᠢᠯᠳᠡ ᠶᠢᠨ ᠲᠣᠭᠤᠷᠢᠨ ᠳᠤ᠂ ᠡᠬᠦᠳᠡ ᠪᠠᠨ ᠨᠡᠬᠡᠬᠡᠵᠦ ᠶᠠᠷᠢᠯᠴᠠᠭ᠎ᠠ ᠬᠢᠬᠦ ᠶᠢ ᠪᠠᠷᠢᠮᠳᠠᠯᠠᠨ᠂ ᠲᠦᠯᠦᠪᠯᠡᠯ ᠢᠶᠠᠷ 5 ᠰᠠᠷ᠎ᠠ ᠶᠢᠨ ᠰᠠᠬᠦᠯᠴᠢ 6 ᠰᠠᠷ᠎ᠠ ᠶᠢᠨ ᠡᠬᠢᠨ ᠢᠶᠠᠷ 2 ᠪᠦᠯᠦᠭ ᠣᠳᠠᠭᠠᠨ ᠤ ᠲᠣᠰᠬᠠᠢ ᠰᠡᠳᠣᠪᠳᠣ ᠶᠠᠷᠢᠯᠴᠠᠭ᠎ᠠ ᠰᠣᠳᠣᠯᠣᠯ ᠦᠷᠨᠢᠬᠦᠯᠵᠦ᠂ ᠰᠣᠳᠣᠯᠣᠯ ᠶᠠᠷᠢᠯᠴᠠᠭᠠᠨ ᠤ ᠲᠣᠰᠬᠠᠢ ᠰᠡᠳᠣᠪ ᠪᠣᠯᠣᠨ ᠬᠦᠮᠦᠨ᠂ ᠠᠭᠤᠯᠭ᠎ᠠ ᠶᠢᠨ ᠲᠣᠬᠢᠷᠠᠭᠤᠯᠣᠯᠳᠠ ᠶᠢ ᠨᠠᠷᠢᠰᠬᠠᠨ᠎ᠠ᠃ ᠪᠠᠶᠢᠴᠠᠭᠠᠯᠳᠠ ᠰᠣᠳᠣᠯᠣᠯ ᠢ ᠠᠳᠬᠤᠨ᠎ᠠ᠃ ᠡᠯ᠎ᠡ ᠭᠠᠵᠠᠷ ᠤᠨ ᠲᠡᠰ ᠤᠨ ᠣᠳᠣᠷᠢᠳᠣᠯᠭ᠎ᠠ ᠠᠵᠢᠯ ᠤᠨ ᠬᠤᠪᠢᠶᠠᠷᠯᠠᠯ ᠢᠶᠠᠨ ᠦᠨᠳᠦᠰᠦᠯᠡᠵᠦ᠂ ᠰᠠᠨᠠᠭᠠᠴᠢᠯᠠᠭ᠎ᠠ ᠲᠠᠢ ᠪᠠᠷ 7 ᠲᠠᠯ᠎ᠠ 13 ᠲᠦᠷᠦᠯ ᠵᠦᠢᠯ ᠤᠨ ᠰᠣᠳᠣᠯᠭᠠᠨ ᠤ ᠠᠭᠤᠯᠭ᠎ᠠ ᠶᠢ ᠲᠠᠭᠠᠭᠠᠨ ᠠᠪᠴᠣ᠂ ᠣᠳᠣ ᠠᠴᠠ ᠡᠬᠢᠯᠡᠨ ᠰᠣᠳᠣᠯᠭᠠᠨ ᠤ ᠠᠵᠢᠯ ᠢ ᠦᠷᠨᠢᠬᠦᠯᠦᠨ᠎ᠡ᠃       ᠰᠦᠨ ᠵᠧᠨ ᠵᠢᠶᠠᠩ ᠨᠦᠬᠦᠷ᠂ ᠡᠯ᠎ᠡ ᠭᠠᠵᠠᠷ ᠤᠨ ᠲᠡᠰ ᠤᠨ ᠣᠳᠣᠷᠢᠳᠣᠯᠭ᠎ᠠ ᠨᠡᠷ ᠲᠡᠭᠡᠳᠣ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ ᠦᠪᠡᠷᠳᠡᠬᠡᠨ ᠣᠷᠣᠯᠴᠠᠨ᠂ ᠠᠬᠢᠭᠤᠯᠣᠨ ᠬᠡᠷᠡᠭᠵᠢᠬᠦᠯᠦᠨ᠎ᠡ᠃ ᠶᠡᠷᠦᠩᠬᠡᠢ ᠱᠦᠵᠢ ᠶᠢᠨ ᠴᠢᠬᠤᠯᠠ ᠵᠢᠭᠠᠪᠣᠷᠢ ᠱᠠᠭᠠᠷᠳᠠᠯᠭ᠎ᠠ ᠶᠢ ᠣᠯᠠᠮ ᠨᠢᠬᠡ ᠠᠯᠬᠤᠮ ᠰᠣᠷᠣᠯᠴᠠᠨ ᠣᠶᠢᠯᠠᠭᠠᠵᠦ᠂ ᠦᠨᠳᠦᠷ ᠴᠢᠨᠠᠷ ᠲᠠᠢ ᠬᠦᠭᠵᠢᠬᠦᠯᠬᠦ ᠬᠠᠷᠠᠯᠳᠠ ᠶᠢᠨ ᠲᠣᠭᠤᠷᠢᠨ ᠳᠤ ᠠᠩᠬᠠᠷᠣᠯ ᠢᠶᠠᠨ ᠲᠦᠪᠯᠡᠷᠡᠬᠦᠯᠦᠨ ᠬᠦᠴᠦ ᠪᠠᠨ ᠲᠦᠪᠯᠡᠷᠡᠬᠦᠯᠦᠨ ᠡᠬᠦᠳᠡ ᠪᠠᠨ ᠨᠡᠬᠡᠬᠡᠵᠦ ᠶᠠᠷᠢᠯᠴᠠᠭ᠎ᠠ ᠬᠢᠬᠦ᠂ ᠬᠤᠪᠢᠳᠠᠨ ᠬᠠᠮᠢᠶᠠᠷᠬᠤ ᠬᠦᠷᠢᠶ᠎ᠡ ᠬᠡᠪᠴᠢᠶ᠎ᠡ ᠪᠠᠷ ᠢᠶᠠᠨ ᠲᠦᠪᠯᠡᠵᠦ᠂ ᠰᠢᠭᠤᠳ ᠠᠰᠠᠭᠤᠳᠠᠯ ᠢ ᠴᠢᠭᠯᠡᠨ ᠰᠣᠳᠣᠯᠣᠯ ᠬᠢᠬᠦ ᠶᠢ ᠦᠨᠳᠦᠷ ᠴᠢᠨᠠᠷ ᠲᠠᠢ ᠬᠦᠭᠵᠢᠬᠦᠯᠬᠦ ᠶᠢ ᠠᠬᠢᠭᠤᠯᠬᠤ ᠪᠣᠳᠠᠳᠣ ᠠᠵᠢᠯᠯᠠᠭᠠᠨ ᠤ ᠰᠡᠳᠬᠢᠮᠵᠢ᠂ ᠲᠣᠰᠠ ᠲᠠᠢ ᠠᠷᠭ᠎ᠠ ᠬᠡᠮᠵᠢᠶ᠎ᠡ ᠪᠣᠯᠣᠨ ᠪᠣᠳᠠᠳᠠᠢ ᠦᠷ᠎ᠡ ᠪᠦᠳᠦᠮᠵᠢ ᠪᠣᠯᠭᠠᠨ ᠬᠤᠪᠢᠷᠠᠭᠠᠨ᠎ᠠ᠃ ᠶᠡᠭᠡ ᠰᠣᠷᠣᠯᠴᠠᠯᠭ᠎ᠠ ᠶᠡᠭᠡ ᠶᠠᠷᠢᠯᠴᠠᠭ᠎ᠠ ᠪᠣᠯᠣᠨ ᠡᠳᠣᠷ ᠲᠣᠳᠣᠮ ᠤᠨ ᠠᠵᠢᠯ ᠢᠶᠠᠨ ᠨᠢᠭᠳᠠ ᠣᠶᠠᠯᠳᠣᠭᠤᠯᠵᠦ᠂ ᠦᠨᠳᠦᠰᠦᠨ ᠱᠠᠳᠣᠨ ᠤ ᠲᠠᠷᠣᠭᠠᠰᠣ ᠶᠢ ᠨᠡᠮᠡᠬᠦ ᠪᠠ ᠬᠡᠯᠪᠡᠷᠢᠴᠢ ᠦᠵᠡᠯ ᠪᠣᠯᠬᠤ ᠶᠢ ᠰᠡᠷᠬᠡᠶᠢᠯᠡᠨ᠎ᠡ ᠃ ᠶᠡᠭᠡ ᠰᠣᠷᠣᠯᠴᠠᠯᠭ᠎ᠠ ᠶᠡᠭᠡ ᠶᠠᠷᠢᠯᠴᠠᠭᠠᠨ ᠤ ᠣᠳᠣᠷᠢᠳᠬᠤ  ᠪᠠᠭ᠎ᠠ ᠲᠣᠭᠤᠶᠢᠯᠠᠩ ᠤᠨ ᠠᠯᠪᠠᠨ ᠭᠡᠷ ᠲᠣᠯᠣᠭᠠᠶᠢᠯᠠᠬᠤ᠂ ᠨᠢᠬᠡᠳᠬᠡᠨ ᠲᠦᠯᠦᠪᠯᠡᠬᠦ ᠵᠣᠬᠢᠴᠠᠭᠤᠯᠬᠤ ᠦᠢᠯᠡᠳᠦᠯ ᠢᠶᠠᠨ ᠰᠠᠶᠢᠳᠣᠷ ᠪᠠᠳᠠᠷᠠᠭᠤᠯᠵᠦ᠂ ᠡᠯ᠎ᠡ ᠲᠣᠳᠣᠭᠠᠳᠣ ᠳᠤ ᠲᠣᠬᠢᠷᠠᠭᠤᠯᠣᠭᠰᠠᠨ ᠲᠣᠭᠤᠶᠢᠯᠠᠩ ᠤᠳ ᠢᠳᠡᠪᠬᠢᠳᠡᠢ ᠵᠣᠬᠢᠴᠠᠯᠳᠣᠵᠦ᠂ ᠰᠣᠷᠣᠯᠴᠠᠬᠤ ᠶᠠᠷᠢᠯᠴᠠᠬᠤ ᠰᠣᠳᠣᠯᠬᠤ ᠠᠭᠤᠯᠭ᠎ᠠ ᠪᠣᠯᠣᠨ ᠬᠡᠯᠪᠡᠷᠢ ᠶᠢ ᠨᠠᠷᠢᠯᠢᠭ ᠲᠣᠬᠢᠷᠠᠭᠤᠯᠣᠨ᠂  ᠶᠡᠭᠡ ᠰᠣᠷᠣᠯᠴᠠᠯᠭ᠎ᠠ ᠶᠡᠭᠡ ᠶᠠᠷᠢᠯᠴᠠᠭᠠᠨ ᠤ ᠡᠮᠬᠢ ᠵᠢᠷᠣᠮ ᠲᠠᠢ ᠶᠠᠪᠣᠭᠳᠠᠵᠦ᠂ ᠦᠷ᠎ᠡ ᠪᠦᠳᠦᠮᠵᠢ ᠣᠯᠬᠤ ᠶᠢ ᠪᠠᠳᠣᠯᠠᠬᠤ ᠬᠡᠷᠡᠭᠳᠡᠢ ᠬᠡᠮᠡᠨ ᠴᠢᠩᠭᠠᠳᠬᠠᠪᠠ᠃      ᠯᠢᠩ ᠵᠦ ᠨᠦᠬᠦᠷ᠂ ᠶᠡᠭᠡ ᠰᠣᠷᠣᠯᠴᠠᠯᠭ᠎ᠠ ᠶᠡᠭᠡ ᠶᠠᠷᠢᠯᠴᠠᠭ᠎ᠠ ᠮᠠᠰᠢ ᠶᠡᠭᠡ ᠪᠣᠳᠠᠳᠣ ᠬᠠᠨᠳᠣᠯᠭᠠᠳᠣ ᠴᠢᠨᠠᠷ ᠲᠠᠢ ᠂ ᠶᠡᠭᠡ ᠰᠣᠷᠣᠯᠴᠠᠯᠭ᠎ᠠ ᠶᠡᠭᠡ ᠶᠠᠷᠢᠯᠴᠠᠭ᠎ᠠ ᠶᠢᠨ ᠶᠠᠪᠣᠴᠠ ᠠᠯᠬᠤᠮ ᠢᠶᠠᠷ ᠲᠣᠰᠬᠠᠢ ᠰᠡᠳᠣᠪᠳᠣ ᠰᠣᠷᠣᠯᠴᠠᠭ᠎ᠠ᠂ ᠲᠦᠪᠯᠡᠷᠡᠩᠭᠦᠢ ᠰᠣᠳᠣᠯᠣᠨ ᠶᠠᠷᠢᠯᠴᠠᠬᠤ᠂ ᠪᠠᠶᠢᠴᠠᠭᠠᠨ ᠰᠣᠳᠣᠯᠬᠤ ᠵᠡᠷᠬᠡ ᠡᠯ᠎ᠡ ᠭᠤᠭᠴᠠᠭ᠎ᠠ ᠶᠢᠨ ᠡᠬᠦᠷᠬᠡ ᠶᠢ ᠨᠠᠷᠢᠰᠬᠠᠵᠦ᠂ ᠶᠡᠭᠡ ᠰᠣᠷᠣᠯᠴᠠᠯᠭ᠎ᠠ ᠶᠡᠭᠡ ᠶᠠᠷᠢᠯᠴᠠᠭ᠎ᠠ ᠶᠢ ᠬᠦᠨᠵᠡᠬᠡᠢ ᠦᠷᠨᠢᠬᠦᠯᠬᠦ ᠶᠢ ᠠᠬᠢᠭᠤᠯᠣᠨ᠎ᠠ᠃ ᠠᠰᠠᠭᠤᠳᠠᠯ  ᠢ ᠰᠢᠢᠳᠪᠦᠷᠢᠯᠡᠬᠦ᠂ ᠦᠨᠳᠣᠷ ᠴᠢᠨᠠᠷ ᠲᠠᠢ ᠬᠦᠭᠵᠢᠬᠦᠯᠬᠦ ᠶᠢ ᠠᠬᠢᠭᠤᠯᠬᠤ ᠶᠢ ᠶᠡᠭᠡ ᠰᠣᠷᠣᠯᠴᠠᠯᠭ᠎ᠠ ᠶᠡᠭᠡ ᠶᠠᠷᠢᠯᠴᠠᠭ᠎ᠠ  ᠶᠢ ᠦᠷᠨᠢᠬᠦᠯᠬᠦ ᠶᠢᠨ ᠦᠨᠳᠦᠰᠣᠨ ᠬᠠᠷᠠᠯᠳᠠ ᠪᠣᠯᠭᠠᠵᠦ᠂ ᠶᠡᠭᠡ ᠰᠣᠷᠣᠯᠴᠠᠯᠭ᠎ᠠ ᠶᠡᠭᠡ ᠶᠠᠷᠢᠯᠴᠠᠭ᠎ᠠ ᠪᠠᠷ ᠲᠠᠮᠵᠢᠵᠦ ᠣᠳᠣᠬᠠᠨ ᠤ ᠪᠠ ᠬᠤᠵᠢᠮ ᠤᠨ ᠠᠵᠢᠯ ᠤᠨ ᠰᠡᠳᠬᠢᠮᠵᠢ ᠪᠠ ᠠᠵᠢᠯ ᠤᠨ ᠬᠠᠷᠠᠯᠳᠠ ᠢᠶᠠᠨ ᠲᠠᠬᠢᠨ ᠲᠣᠳᠣᠳᠬᠠᠵᠦ ᠲᠠᠬᠢᠨ ᠲᠡᠬᠦᠯᠳᠡᠷᠵᠢᠬᠦᠯᠵᠦ᠂ ᠭᠤᠣᠯ ᠡᠬᠦᠷᠬᠡ ᠭᠤᠣᠯ ᠠᠷᠭ᠎ᠠ ᠬᠡᠮᠵᠢᠶ᠎ᠡ ᠪᠠᠨ ᠲᠠᠬᠢᠨ ᠨᠠᠷᠢᠰᠬᠠᠵᠦ ᠲᠠᠬᠢᠨ ᠰᠠᠶᠢᠵᠢᠷᠠᠭᠤᠯᠵᠦ᠂ ᠦᠵᠡᠯ ᠰᠠᠨᠠᠭᠠᠨ ᠳᠠᠭᠠᠨ ᠠᠭᠤᠰᠬᠠᠨ ᠰᠡᠳᠬᠢᠵᠦ᠂ ᠠᠰᠠᠭᠤᠳᠠᠯ ᠢ ᠢᠯᠡᠷᠡᠬᠦᠯᠦᠨ᠂ ᠠᠵᠢᠯ ᠢᠶᠠᠨ ᠰᠠᠶᠢᠵᠢᠷᠠᠭᠤᠯᠬᠤ ᠬᠠᠷᠠᠯᠳᠠ ᠳᠤ ᠬᠦᠷᠬᠦ ᠭᠡᠷᠡᠭᠳᠡᠢ ᠬᠡᠮᠡᠨ ᠱᠠᠭᠠᠷᠳᠠᠪᠠ᠃     ᠨᠠᠮ ᠤᠨ ᠠᠵᠢᠯ ᠤᠨ ᠬᠤᠷᠢᠶ᠎ᠠ᠂ ᠬᠠᠮᠢᠶᠠᠷᠣᠯᠳᠠ ᠶᠢᠨ ᠵᠦᠪᠯᠡᠯ ᠤᠨ ᠣᠳᠣᠷᠢᠳᠬᠤ ᠪᠠᠭ ᠤᠨ ᠬᠡᠰᠢᠬᠦᠳ᠂ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠬᠤᠯᠪᠣᠭᠠᠨ ᠤ ᠠᠯᠪᠠᠨ ᠭᠡᠷ᠂ ᠣᠯᠣᠰ ᠲᠦᠷᠦ ᠶᠢᠨ ᠵᠦᠪᠯᠡᠯᠬᠡᠨ ᠤ ᠬᠤᠯᠪᠣᠭᠠᠨ ᠤ ᠠᠯᠪᠠᠨ ᠭᠡᠷ ᠤᠨ ᠬᠠᠷᠢᠭᠤᠴᠠᠯᠭᠠᠳᠠᠨ᠂ ᠶᠡᠭᠡ ᠰᠣᠷᠣᠯᠴᠠᠯᠭ᠎ᠠ ᠶᠡᠭᠡ ᠶᠠᠷᠢᠯᠴᠠᠭ᠎ᠠ ᠶᠢᠨ ᠣᠳᠣᠷᠢᠳᠬᠤ ᠪᠠᠭ᠎ᠠ ᠲᠣᠭᠤᠶᠢᠯᠠᠩ ᠤᠨ ᠠᠯᠪᠠᠨ ᠭᠡᠷ ᠤᠨ ᠬᠡᠰᠢᠬᠦᠳ ᠬᠤᠷᠠᠯ ᠳᠤ ᠣᠷᠣᠯᠴᠠᠪᠠ᠃
 
ᠢᠷᠡᠯᠲᠡ᠄ ᠣᠯᠠᠭᠠᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号