︽ᠠᠬᠠᠮᠠᠳ ᠤᠨ ᠢᠶᠠᠨ ᠭᠠᠷ ᠢ ᠬᠦᠳᠦᠯᠦᠨ ᠬᠠᠮᠳᠣ ᠪᠠᠷ ᠪᠣᠯᠪᠠᠰᠣᠨ ᠵᠠᠮ ᠬᠠᠷᠢᠯᠴᠠᠭ᠎ᠠ ᠶᠢ ᠰᠠᠬᠢᠶ᠎ᠠ︾
ᠨᠡᠶᠢᠲᠡᠯᠡᠭᠰᠡᠨ ᠴᠠᠭ᠄
2019/7/10
                          ᠣᠯᠠᠭᠠᠢ ᠶᠢᠨ ᠲᠣᠳᠣᠭᠠᠳᠣ ᠶᠢ ᠬᠠᠮᠠᠭᠠᠯᠠᠬᠤ ᠲᠣᠪᠴᠢᠶᠠᠨ ᠤ ᠵᠠᠮ ᠬᠠᠷᠢᠯᠴᠠᠭᠠᠨ ᠎ ᠤ ᠴᠠᠭᠳᠠᠭ᠎ᠠ ᠶᠢᠨ ᠶᠡᠭᠡ ᠠᠩᠬᠢ ᠠᠴᠠ ᠬᠠᠷᠢᠶ᠎ᠠ ᠣᠷᠣᠨ ᠤ ᠬᠡᠦᠬᠡᠳ ᠲᠤ ᠪᠢᠴᠢᠭᠰᠡᠨ ᠨᠢᠬᠡᠨ ᠬᠤᠪᠢ ᠵᠠᠬᠢᠳᠠᠯᠪᠢᠴᠢᠬᠠᠨ ᠨᠠᠶᠢᠵᠠ ᠤᠳ᠄    ᠲᠠ ᠨᠠᠷ ᠰᠠᠶᠢᠨ ᠪᠠᠶᠢᠨᠣ︕ ᠦᠨᠦᠳᠣᠷ ᠵᠠᠮ ᠤᠨ ᠴᠠᠭᠳᠠᠭ᠎ᠠ ᠠᠪᠠᠭ᠎ᠠ ᠠᠴᠠ ︽ᠠᠬᠠᠮᠠᠳ ᠤᠨ ᠢᠶᠠᠨ ᠭᠠᠷ ᠢ ᠬᠦᠳᠦᠯᠦᠨ ᠬᠠᠮᠳᠣ ᠪᠠᠷ ᠪᠣᠯᠪᠠᠰᠣᠨ ᠵᠠᠮ ᠬᠠᠷᠢᠯᠴᠠᠭ᠎ᠠ ᠶᠢ ᠰᠠᠬᠢᠶ᠎ᠠ︾ ᠬᠡᠰᠡᠨ ᠰᠡᠳᠣᠪ ᠢᠶᠠᠷ ᠲᠠ ᠨᠡᠷ ᠲᠤ ᠪᠠᠨ ᠨᠢᠬᠡᠨ ᠬᠤᠪᠢ ᠵᠠᠬᠢᠳᠠᠯ ᠪᠢᠴᠢᠪᠡ᠃    ᠪᠣᠯᠪᠠᠰᠣᠨ ᠵᠠᠮ ᠬᠠᠷᠢᠯᠴᠠᠭ᠎ᠠ ᠪᠣᠯ ᠨᠡᠶᠢᠬᠡᠮ ᠤᠨ ᠪᠣᠯᠪᠠᠰᠣᠨ ᠤ ᠴᠣᠩᠬᠤ ᠮᠦᠨ᠂ ᠪᠣᠯᠪᠠᠰᠣᠨ ᠵᠠᠮ ᠬᠠᠷᠢᠯᠴᠠᠭᠠᠨ ᠤ ᠣᠷᠴᠢᠨ ᠲᠣᠭᠤᠷᠢᠨ ᠢ ᠬᠠᠮᠳᠣ ᠪᠠᠷ ᠪᠠᠶᠢᠭᠤᠯᠬᠤ ᠪᠣᠯ ᠢᠷᠬᠡᠨ ᠪᠦᠷᠢ ᠶᠢᠨ ᠬᠦᠢᠴᠡᠳᠬᠡᠪᠡᠰᠣ ᠵᠣᠬᠢᠬᠤ ᠬᠠᠷᠢᠭᠤᠴᠠᠯᠭ᠎ᠠ᠃ ᠠᠮᠣᠷ ᠲᠦᠪᠰᠢᠨ᠂ ᠪᠣᠯᠪᠠᠰᠣᠨ᠂ ᠪᠣᠬᠢᠷᠳᠣᠯ ᠦᠬᠡᠢ᠂ ᠡᠶ᠎ᠡ ᠵᠣᠬᠢᠴᠠᠯ ᠲᠠᠢ ᠵᠠᠮ ᠬᠠᠷᠢᠯᠴᠠᠭᠠᠨ ᠤ ᠣᠷᠴᠢᠨ ᠲᠣᠭᠤᠷᠢᠨ ᠪᠣᠯ ᠪᠢᠳᠡᠨ ᠤ ᠬᠠᠮᠳᠣ ᠶᠢᠨ ᠬᠦᠰᠡᠯ᠂ ᠪᠦᠬᠦ ᠨᠡᠶᠢᠬᠡᠮ ᠴᠢᠨᠠᠭᠰᠢᠯᠠᠨ ᠮᠠᠨ ᠤ ᠬᠡᠦᠬᠡᠳ ᠤᠳ ᠢ ᠪᠠᠭᠳᠠᠭᠠᠭᠰᠠᠨ ᠬᠠᠮᠳᠣ ᠶᠢᠨ ᠴᠢᠷᠮᠡᠶᠢᠯᠭ᠎ᠠ ᠪᠠᠶᠢᠬᠤ ᠭᠡᠷᠡᠭᠳᠡᠢ᠃    ᠪᠢᠳᠡ ᠪᠣᠯ ᠡᠬᠡ ᠣᠯᠣᠰ ᠤᠨ ᠢᠷᠡᠬᠡᠳᠦᠢ᠂ ᠦᠨᠳᠦᠰᠦᠳᠡᠨ ᠤ ᠬᠦᠰᠡᠯ᠂ ᠪᠠᠭ᠎ᠠ ᠠᠴᠠ ᠪᠠᠨ ᠪᠣᠯᠪᠠᠰᠣᠨ ᠵᠠᠮ ᠬᠠᠷᠢᠯᠴᠠᠭᠠᠨ ᠤ ᠵᠠᠩ ᠲᠠᠳᠬᠠᠯ ᠲᠠᠢ ᠪᠣᠯᠪᠠᠯ᠂ ᠵᠠᠮ ᠬᠠᠷᠢᠯᠴᠠᠭᠠᠨ ᠤ ᠠᠳᠡᠯ ᠠᠴᠠ ᠵᠠᠶᠢᠳᠠᠵᠦ ᠴᠢᠳᠠᠬᠤ ᠮᠦᠷᠳᠡᠬᠡᠨ ᠪᠣᠯᠪᠠᠰᠣᠨ ᠬᠤᠳᠠᠨ ᠳᠠᠭᠠᠨ ᠦᠩᠬᠡ ᠬᠡᠷᠡᠯ ᠨᠡᠮᠡᠳᠡᠭ᠃ ᠬᠡᠦᠬᠡᠳ ᠨᠦᠬᠦᠳ ᠪᠠ ᠬᠡᠷ ᠤᠨ ᠠᠬᠠᠮᠠᠳ ᠤᠨ ᠪᠣᠯᠪᠠᠰᠣᠨ ᠵᠠᠮ ᠬᠠᠷᠢᠯᠴᠠᠭᠠᠨ ᠤ ᠣᠬᠠᠮᠰᠠᠷ ᠢ ᠣᠯᠠᠮ ᠨᠢᠬᠡ ᠠᠯᠬᠤᠮ ᠴᠢᠩᠭᠠᠳᠬᠠᠵᠦ᠂ ᠠᠶᠠᠨ ᠵᠠᠮ ᠤᠨ ᠨᠢᠭᠤᠭᠳᠠᠮᠠᠯ ᠠᠶᠣᠯ ᠢ ᠠᠷᠢᠯᠭᠠᠵᠦ᠂ ᠣᠬᠢ ᠰᠠᠶᠢᠨ ᠦᠰᠦᠨ ᠪᠣᠶᠢᠵᠢᠬᠤ ᠣᠷᠴᠢᠨ ᠲᠣᠭᠤᠷᠢᠨ ᠢ ᠪᠣᠢ ᠪᠣᠯᠭᠠᠬᠤ ᠶᠢᠨ ᠲᠦᠯᠦᠬᠡ᠂ ᠠᠳᠡ ᠴᠠᠭᠳᠠᠭ᠎ᠠ ᠠᠪᠠᠭ᠎ᠠ ᠠᠴᠠ ᠪᠦᠬᠦ ᠬᠡᠦᠬᠡᠳ ᠨᠦᠬᠦᠳ ᠲᠤ ᠪᠠᠨ ᠲᠣᠣᠷᠠᠬᠢ ᠰᠠᠨᠠᠭᠠᠴᠢᠯᠠᠭ᠎ᠠ ᠭᠠᠷᠭᠠᠭᠰᠠᠨ ᠪᠠᠶᠢᠨ᠎ᠠ᠄    ᠨᠢᠬᠡ᠂ ᠪᠣᠯᠪᠠᠰᠣᠨ ᠵᠠᠮᠨᠠᠬᠤ ᠪᠢᠴᠢᠬᠠᠨ ᠵᠢᠱᠢᠶᠡᠴᠢ ᠪᠣᠯᠬᠤ ᠪᠠᠷ ᠴᠢᠷᠮᠠᠶᠢᠨ᠎ᠠ    ᠣᠯᠠᠭᠠᠨ ᠳ᠋ᠧᠩ ᠨᠣᠴᠣᠬᠤ ᠦᠶᠡᠰ ᠵᠠᠮ ᠦᠩᠬᠡᠷᠡᠬᠦ ᠦᠬᠡᠢ᠂ ᠲᠣᠷ᠎ᠠ ᠪᠠᠷ ᠵᠠᠮ ᠬᠡᠳᠦᠯᠬᠦ ᠦᠬᠡᠢ᠂ ᠶᠠᠪᠠᠭᠠᠨ ᠬᠦᠮᠦᠨ ᠤ ᠬᠦᠨᠳᠡᠯᠡᠨ ᠵᠠᠮ ᠢᠶᠠᠷ ᠶᠠᠪᠣᠨ᠎ᠠ᠃ ᠵᠠᠮ ᠬᠡᠳᠦᠯᠬᠦ ᠦᠶᠡᠰ ᠢᠷᠠᠵᠦ ᠶᠠᠪᠣᠬᠤ ᠲᠡᠷᠭᠡ ᠶᠢ ᠨᠠᠷᠢᠨ ᠠᠵᠢᠭᠯᠠᠵᠦ᠂ ᠠᠶᠣᠯ ᠦᠬᠡᠢ ᠦᠶᠡᠰ ᠵᠡᠮ ᠬᠡᠳᠦᠯᠦᠨ᠎ᠡ᠃ ᠵᠠᠮ ᠲᠡᠭᠡᠷ᠎ᠡ ᠬᠦᠬᠡᠬᠡᠴᠡᠯᠳᠣᠨ ᠨᠠᠭᠠᠳᠬᠤ ᠦᠬᠡᠢ᠂ ᠭᠤᠯᠭᠤᠬᠤ ᠦᠬᠡᠢ᠂ ᠲᠡᠩᠴᠡᠬᠦᠷᠢᠳᠣ ᠬᠦᠷᠳᠣ ᠣᠨᠣᠬᠤ ᠦᠬᠡᠢ᠃ ᠮᠠᠰᠢᠨ ᠲᠡᠷᠭᠡᠨ ᠤ ᠵᠠᠮ ᠪᠣᠶᠣ ᠮᠠᠰᠢᠨ ᠲᠡᠷᠭᠡᠨ ᠎ ᠤ ᠪᠣᠰᠣ ᠵᠠᠮ ᠢᠶᠠᠷ ᠶᠠᠪᠣᠬᠤ ᠦᠬᠡᠢ᠂ ᠲᠡᠷᠭᠡᠨ ᠤ ᠵᠠᠮ ᠲᠡᠭᠡᠷ᠎ᠡ ᠲᠡᠷᠭᠡ ᠬᠦᠯᠢᠶᠡᠬᠦ ᠦᠬᠡᠢ᠃    ᠬᠤᠶᠠᠷ᠂ ᠪᠣᠯᠪᠠᠰᠣᠨ ᠢᠶᠠᠷ ᠲᠡᠷᠭᠡᠨ ᠳᠤ ᠰᠠᠭᠤᠬᠤ ᠪᠢᠴᠢᠬᠠᠨ ᠡᠯᠴᠢ ᠪᠣᠯᠬᠤ ᠪᠠᠷ ᠴᠢᠷᠮᠠᠶᠢᠨ᠎ᠠ    ᠪᠡᠶ᠎ᠡ ᠶᠢᠨ ᠠᠯᠢ ᠨᠢᠬᠡ ᠬᠡᠰᠡᠭ ᠢ ᠴᠦ ᠬᠡᠳ ᠲᠡᠷᠭᠡᠨ ᠤ ᠴᠣᠩᠬᠤ ᠪᠠᠷ ᠭᠠᠳᠠᠭᠰᠢ ᠭᠠᠷᠭᠠᠬᠤ ᠦᠬᠡᠢ᠂ ᠲᠡᠷᠭᠡᠨ ᠎ ᠠᠴᠠ ᠭᠠᠳᠠᠭᠰᠢ ᠶᠠᠭᠤᠮ᠎ᠠ ᠪᠣᠳᠠᠰ ᠬᠠᠶᠠᠬᠤ ᠦᠬᠡᠢ᠂ ᠫᠠᠶᠢᠰᠠ ᠦᠬᠡᠢ ᠲᠡᠷᠭᠡ᠂ ᠲᠠᠷᠢᠶᠠᠯᠠᠩ ᠤᠨ ᠮᠠᠰᠢᠨ ᠲᠡᠷᠭᠡ᠂ ᠭᠤᠷᠪᠠᠨ ᠬᠦᠷᠳᠣᠳᠣ ᠲᠡᠷᠭᠡ ᠵᠡᠷᠭᠡ ᠠᠶᠣᠯᠬᠦᠢ ᠴᠢᠨᠠᠷ ᠢᠶᠠᠷ ᠲᠣᠣᠷ᠎ᠠ᠂ ᠠᠮᠣᠷ ᠲᠦᠪᠰᠢᠨ ᠤ ᠪᠠᠳᠣᠯᠠᠭ᠎ᠠ ᠦᠬᠡᠢ ᠬᠠᠣᠯᠢ ᠶᠢ ᠵᠦᠷᠢᠴᠡᠵᠦ ᠬᠦᠮᠦᠨ ᠠᠴᠢᠬᠤ ᠲᠡᠷᠭᠡᠨ ᠳᠤ ᠰᠠᠭᠤᠬᠤ ᠦᠬᠡᠢ᠃    ᠭᠤᠷᠪᠠ᠂ ᠪᠣᠯᠪᠠᠰᠣᠨ ᠢ ᠰᠣᠷᠳᠠᠯᠴᠢᠯᠠᠬᠤ ᠪᠢᠴᠢᠬᠠᠨ ᠬᠤᠰᠢᠭᠤᠴᠢ ᠪᠣᠯᠬᠤ ᠪᠠᠷ ᠴᠢᠷᠮᠠᠶᠢᠨ᠎ᠠ    ᠣᠬᠠᠮᠰᠠᠷ ᠠᠴᠠ ᠪᠠᠨ ᠵᠠᠮ ᠬᠠᠷᠢᠯᠴᠠᠭᠠᠨ ᠤ ᠬᠠᠣᠯᠢ ᠲᠣᠭᠳᠠᠭᠠᠯ ᠢ ᠰᠠᠬᠢᠵᠦ᠂ ᠣᠯᠠᠭᠠᠨ ᠨᠣᠭᠤᠭᠠᠨ ᠳ᠋ᠧᠩ᠂ ᠵᠠᠮ ᠬᠠᠷᠢᠯᠴᠠᠭᠠᠨ ᠤ ᠲᠡᠮᠳᠡᠭ ᠵᠢᠷᠣᠭᠠᠰᠣ ᠱᠣᠭᠤᠮ ᠢ ᠵᠢᠷᠣᠮᠯᠠᠨ᠂ ᠵᠠᠮ ᠤᠨ ᠴᠠᠭᠳᠠᠭ᠎ᠠ ᠶᠢᠨ ᠵᠢᠯᠣᠭᠤᠳᠣᠯᠭ᠎ᠠ ᠶᠢ ᠰᠣᠨᠣᠰᠴᠣ᠂ ᠦᠪᠡᠷ ᠤᠨ ᠡᠪᠦᠭᠡ ᠡᠮᠡᠭᠡ᠂ ᠠᠪᠤ ᠡᠵᠢ ᠵᠡᠷᠬᠡ ᠬᠠᠵᠠᠭᠤ ᠳᠠᠬᠢ ᠲᠦᠷᠦᠯ ᠰᠠᠳᠣᠨ ᠳᠠᠭᠠᠨ ᠣᠬᠠᠭᠤᠯᠭ᠎ᠠ ᠬᠢᠵᠦ᠂ ᠪᠣᠯᠪᠠᠰᠣᠨ ᠵᠠᠮ ᠬᠠᠷᠢᠯᠴᠠᠭᠠᠨ ᠤ ᠣᠬᠠᠮᠰᠠᠷ ᠢ ᠪᠣᠢ ᠪᠣᠯᠭᠠᠨ᠎ᠠ᠃ ᠡᠬᠦᠨ ᠤ ᠬᠠᠮᠳᠣ ᠵᠡᠮ ᠱᠣᠭᠤᠮ ᠲᠡᠭᠡᠷ᠎ᠡ ᠲᠣᠭᠤᠢ ᠲᠡᠷᠭᠡ᠂ ᠭᠤᠷᠪᠠᠨ ᠬᠦᠷᠳᠣᠳᠣ ᠲᠡᠷᠭᠡ᠂ ᠴᠠᠬᠢᠯᠭᠠᠨ ᠬᠦᠳᠡᠯᠬᠡᠬᠦᠷᠳᠣ ᠲᠣᠭᠤᠢ ᠲᠡᠷᠭᠡ᠂ ᠵᠡᠮᠳᠡᠭ ᠬᠦᠮᠦᠨ ᠤ ᠮᠠᠰᠢᠨ ᠬᠦᠳᠡᠯᠬᠡᠬᠦᠷᠳᠣ ᠲᠡᠷᠭᠡᠨᠴᠢᠷ ᠢ ᠣᠨᠣᠵᠦ ᠵᠢᠯᠣᠭᠤᠳᠬᠤ ᠦᠶᠡᠰ ᠲᠣᠣᠷᠠᠬᠢ ᠲᠣᠭᠳᠠᠭᠠᠯ ᠢ ᠰᠠᠬᠢᠬᠤ ᠬᠡᠷᠡᠭᠳᠡᠢ᠄ ︵ᠨᠢᠬᠡ︶ ᠲᠣᠭᠤᠢ ᠲᠡᠷᠭᠡ᠂ ᠭᠤᠷᠪᠠᠨ ᠬᠦᠷᠳᠣᠳᠣ ᠲᠡᠷᠭᠡ ᠣᠨᠣᠬᠤ ᠳᠤ ᠵᠠᠪᠠᠯ 12 ᠪᠦᠬᠦᠯᠢ ᠨᠠᠰᠣ ᠬᠦᠷᠦᠭᠰᠡᠨ ᠪᠠᠶᠢᠬᠤ ᠭᠡᠷᠡᠭᠳᠡᠢ᠃ ︵ᠬᠤᠶᠠᠷ︶ ᠴᠠᠬᠢᠯᠭᠠᠨ ᠬᠦᠳᠡᠯᠬᠡᠬᠦᠷᠳᠣ ᠲᠣᠭᠤᠢ ᠲᠡᠷᠭᠡ᠂ ᠵᠡᠮᠳᠡᠭ ᠬᠦᠮᠦᠨ ᠤ ᠮᠠᠰᠢᠨ ᠬᠦᠳᠡᠯᠬᠡᠬᠦᠷᠳᠣ ᠲᠡᠷᠭᠡᠨᠴᠢᠷ ᠢ ᠣᠨᠣᠵᠦ ᠵᠢᠯᠣᠭᠤᠳᠬᠤ ᠦᠶᠡᠰ ᠵᠠᠪᠠᠯ 16 ᠪᠦᠬᠦᠯᠢ ᠨᠠᠰᠣ ᠬᠦᠷᠦᠭᠰᠡᠨ ᠪᠠᠶᠢᠬᠤ ᠭᠡᠷᠡᠭᠳᠡᠢ᠃ ᠬᠡᠦᠬᠡᠳ ᠤᠳ ᠬᠡᠷᠪᠡ ᠨᠠᠰᠣᠨ ᠳᠤ ᠬᠦᠷᠦᠭᠰᠡᠨ ᠦᠬᠡᠢ ᠪᠣᠯ ᠵᠠᠮ ᠲᠡᠭᠡᠷ᠎ᠡ ᠭᠠᠷᠴᠣ ᠲᠡᠷᠭᠡ ᠣᠨᠣᠵᠦ ᠪᠣᠯᠬᠤ ᠦᠬᠡᠢ᠃    ᠲᠦᠷᠪᠡ᠂ ᠪᠣᠬᠢᠷᠳᠣᠯ ᠦᠬᠡᠢ ᠵᠠᠮᠨᠠᠬᠤ ᠰᠣᠳᠣᠨ ᠬᠦᠮᠦᠨ ᠪᠣᠯᠬᠤ ᠪᠠᠷ ᠴᠢᠷᠮᠠᠶᠢᠨ᠎ᠠ    ᠪᠣᠬᠢᠷᠳᠣᠯ ᠦᠬᠡᠢ ᠵᠡᠮᠨᠡᠨ᠂ ᠡᠨᠧᠷᠬᠢ ᠶᠢ ᠠᠷᠪᠢᠯᠠᠨ ᠣᠷᠴᠢᠨ ᠲᠣᠭᠤᠷᠢᠨ ᠢ ᠬᠠᠮᠠᠭᠠᠯᠠᠵᠦ᠂ ᠪᠣᠬᠢᠷᠳᠣᠭᠤᠯᠬᠤ ᠦᠬᠡᠢ ᠠᠮᠢᠳᠣᠷᠠᠨ᠎ᠠ᠃ ᠡᠩ ᠤᠨ ᠦᠶ᠎ᠡ ᠳᠤ ᠠᠯᠬᠤᠵᠦ ᠵᠠᠮᠨᠠᠬᠤ᠂ ᠣᠯᠠᠨ ᠨᠡᠶᠢᠳᠡ ᠶᠢᠨ ᠵᠠᠮ ᠬᠠᠷᠢᠯᠴᠠᠭ᠎ᠠ ᠵᠡᠷᠭᠡ ᠪᠣᠬᠢᠷᠳᠣᠯ ᠦᠬᠡᠢ ᠵᠠᠮᠨᠠᠬᠤ ᠬᠡᠯᠪᠡᠷᠢ ᠶᠢ ᠢᠯᠡᠬᠦᠦ ᠰᠣᠩᠭᠤᠵᠦ᠂ ᠠᠪᠤ ᠡᠵᠢ ᠶᠢᠨ ᠲᠡᠷᠭᠡ ᠵᠢᠯᠣᠭᠤᠳᠣᠨ ᠬᠦᠷᠬᠡᠵᠦ ᠲᠣᠰᠬᠤ ᠣᠳᠠᠭ᠎ᠠ ᠶᠢ ᠪᠠᠭᠠᠰᠬᠠᠨ᠎ᠠ᠃ ᠠᠬᠠᠮᠠᠳ ᠤᠨ ᠢᠶᠠᠨ ᠭᠠᠷ ᠢ ᠬᠦᠳᠦᠯᠦᠨ ᠬᠠᠮᠳᠣ ᠪᠠᠷ ᠪᠣᠯᠪᠠᠰᠣᠨ ᠵᠠᠮ ᠬᠠᠷᠢᠯᠴᠠᠭ᠎ᠠ ᠶᠢ ᠰᠠᠬᠢᠶ᠎ᠠ᠃ ᠪᠣᠯᠪᠠᠰᠣᠨ ᠪᠣᠯ ᠨᠢᠬᠡᠨ ᠬᠡᠷᠡᠯᠳᠣ ᠴᠠᠮᠬᠠᠭ ᠮᠦᠨ᠂ ᠪᠢᠳᠡ ᠴᠤᠭ ᠪᠠᠷ ᠰᠣᠷᠣᠯᠴᠠᠵᠦ᠂ ᠬᠠᠮᠳᠣ ᠪᠠᠷ ᠦᠢᠯᠡᠳᠦᠯᠬᠡᠵᠢᠬᠦᠯᠵᠦ᠂ ᠵᠢᠱᠢᠶ᠎ᠡ ᠦᠵᠡᠬᠦᠯᠦᠨ᠂ ᠭᠠᠷ ᠢᠶᠠᠨ ᠬᠤᠯᠪᠣᠨ᠂ ᠦᠪᠡᠷ ᠠᠴᠠ ᠪᠠᠨ ᠡᠬᠢᠯᠡᠨ ᠬᠢᠵᠦ᠂ ᠡᠷᠦᠬᠡ ᠭᠡᠷ ᠪᠦᠷᠢ ᠠᠴᠠ ᠡᠬᠢᠯᠡᠨ ᠬᠢᠵᠦ᠂ ᠬᠠᠮᠳᠣ ᠪᠠᠷ ᠠᠮᠣᠷ ᠲᠦᠪᠰᠢᠨ᠂ ᠪᠣᠯᠪᠠᠰᠣᠨ᠂ ᠪᠣᠬᠢᠷᠳᠣᠯ ᠦᠬᠡᠢ᠂ ᠡᠶ᠎ᠡ ᠵᠣᠬᠢᠴᠠᠯ ᠲᠠᠢ ᠵᠠᠮ ᠬᠠᠷᠢᠯᠴᠠᠭᠠᠨ ᠤ ᠣᠷᠴᠢᠨ ᠲᠣᠭᠤᠷᠢᠨ ᠢ ᠪᠣᠢ ᠪᠣᠯᠭᠠᠨ ᠬᠠᠮᠠᠭᠠᠯᠠᠵᠦ᠂ ᠠᠮᠣᠷ ᠲᠦᠪᠰᠢᠨ ᠢ ᠲᠠ ᠪᠢᠳᠡᠨ᠂ ᠪᠦᠬᠦᠳᠡᠨ ᠤ ᠲᠡᠷᠭᠡᠳᠡ ᠬᠦᠷᠬᠡᠵᠦ᠂ ᠮᠠᠨ ᠤ ᠠᠮᠢᠳᠣᠷᠠᠯ ᠢᠶᠠᠨ ᠨᠡᠩ ᠵᠣᠯ ᠵᠢᠷᠭᠠᠯ ᠲᠠᠢ᠂ ᠨᠡᠩ ᠰᠠᠶᠢᠨ ᠰᠠᠶᠢᠬᠠᠨ ᠪᠣᠯᠭᠠᠶ᠎ᠠ᠃    ᠬᠠᠮᠤᠭ ᠤᠨ ᠡᠴᠦᠰ ᠲᠤ᠂ ᠬᠡᠦᠬᠡᠳ ᠤᠳ ᠢᠶᠠᠨ ᠪᠠᠶᠠᠷ ᠬᠦᠷ ᠲᠠᠢ ᠠᠮᠠᠷᠠᠯᠳᠠ ᠪᠠᠨ ᠦᠩᠬᠡᠷᠡᠬᠡᠬᠦ ᠶᠢ ᠬᠦᠰᠡᠶ᠎ᠡ                                                                     ᠣᠯᠠᠭᠠᠢ ᠶᠢᠨ ᠲᠣᠳᠣᠭᠠᠳᠣ ᠶᠢ ᠬᠠᠮᠠᠭᠠᠯᠠᠬᠤ ᠲᠣᠪᠴᠢᠶᠠᠨ ᠤ ᠵᠠᠮ ᠬᠠᠷᠢᠯᠴᠠᠭᠠᠨ ᠤ ᠴᠠᠭᠳᠠᠭ᠎ᠠ ᠶᠢᠨ ᠶᠡᠭᠡ ᠠᠩᠬᠢ ᠠᠴᠠ ︵ᠣᠬᠠᠭᠤᠯᠪᠠ︶
 
ᠢᠷᠡᠯᠲᠡ᠄ ᠣᠯᠠᠭᠠᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号