ᠨᠢᠬᠡ ᠪᠦᠯᠢᠶᠡᠨ ᠪᠣᠯᠠᠭ ᠵᠢᠭᠤᠯᠴᠢᠯᠠᠯ ᠤᠨ ᠦᠵᠡᠮᠵᠢ ᠶᠢᠨ ᠣᠷᠣᠨ | | ᠪᠦᠯᠢᠶᠡᠨ ᠪᠣᠯᠠᠭ ᠵᠢᠭᠤᠯᠴᠢᠯᠠᠯ ᠤᠨ ᠦᠵᠡᠮᠵᠢ ᠶᠢᠨ ᠣᠷᠣᠨ ᠨᠢ ᠣᠯᠣᠰ ᠤᠨAAA ᠶᠢᠨ ᠲᠡᠰ ᠤᠨ | ᠵᠢᠭᠤᠯᠴᠢᠯᠠᠯ ᠤᠨ ᠣᠷᠣᠨ᠃ ᠪᠦᠯᠢᠶᠡᠨ ᠪᠣᠯᠠᠭ ᠵᠢᠭᠤᠯᠴᠢᠯᠠᠯ ᠤᠨ ᠦᠵᠡᠮᠵᠢ ᠶᠢᠨ ᠣᠷᠣᠨ ᠨᠢ ᠣᠯᠠᠭᠠᠢ | ᠬᠠᠮᠢᠶᠠᠷᠣᠯᠳᠠ ᠶᠢᠨ ᠣᠷᠣᠨ ᠤ ᠪᠠᠶᠠᠨᠬᠤᠰᠢᠭᠤ ᠪᠠᠯᠭᠠᠰᠣᠨ ᠤ ᠣᠮᠠᠷ᠎ᠠ 11Kmt ᠣᠷᠣᠰᠢᠵᠦ᠂ ᠵᠢᠭᠤᠯᠴᠢᠯᠠᠯ᠂ | ᠬᠤᠭᠤᠯᠠ ᠣᠮᠳᠠ᠂ ᠠᠭᠠᠳᠣᠮ ᠴᠡᠩᠬᠡᠯ ᠢᠶᠠᠷ ᠨᠢᠬᠡ ᠴᠣᠭᠴᠠᠵᠢᠭᠰᠠᠨ ᠶᠡᠷᠦᠩᠬᠡᠶᠢᠯᠡᠭᠰᠡᠨ ᠵᠢᠭᠤᠯᠴᠢᠯᠠᠯ ᠤᠨ ᠦᠵᠡᠮᠵᠢ | ᠶᠢᠨ ᠣᠷᠣᠨ᠂ ᠦᠵᠡᠮᠵᠢ ᠶᠢᠨ ᠣᠷᠣᠨ ᠨᠢ 2.99 ᠲᠡᠭᠰᠢ ᠲᠦᠷᠪᠡᠯᠵᠢᠨ ᠺᠦᠸᠠᠳ᠋ ᠮᠧᠲᠷ ᠪᠠᠶᠢᠵᠦ᠂ ᠦᠵᠡᠮᠵᠢ | ᠶᠢᠨ ᠣᠷᠣᠨ ᠳᠤ ᠪᠠᠯᠠᠷ ᠲᠠᠯ᠎ᠠ ᠨᠣᠳᠤᠭ᠂ ᠡᠷᠳᠡᠨ ᠤ ᠪᠦᠯᠢᠶᠡᠨ ᠰᠦᠮ᠎ᠡ᠂ ᠪᠣᠯᠠᠭ ᠤᠨ ᠣᠰᠣ᠂ ᠮᠣᠳᠣᠨ | ᠬᠦᠬᠦᠷᠬᠡᠨ ᠵᠠᠮ᠂ ᠮᠣᠩᠭᠤᠯ ᠭᠡᠷ ᠤᠨ ᠰᠦᠷᠦᠭᠯᠡᠯ᠂ ᠡᠷᠳᠡᠨᠢ ᠣᠪᠣᠭ᠎ᠠ ᠵᠡᠷᠬᠡ ᠦᠵᠡᠮᠵᠢ ᠲᠠᠢ ᠪᠠᠶᠢᠳᠠᠭ᠃ ᠪᠦᠯᠢᠶᠡᠨ | ᠪᠣᠯᠠᠭ ᠤᠨ ᠤᠨ ᠠᠮᠢᠯᠠᠯ ᠢᠶᠠᠷ ᠪᠦᠯᠢᠶᠡᠨ ᠪᠣᠯᠠᠭ ᠵᠢᠭᠤᠯᠴᠢᠯᠠᠯ ᠤᠨ ᠦᠵᠡᠮᠵᠢ ᠶᠢᠨ ᠣᠷᠣᠨ ᠨᠢ ᠣᠰᠣ ᠡᠪᠡᠰᠣ | ᠬᠠᠮᠤᠭ ᠠᠴᠠ ᠪᠠᠶᠠᠯᠢᠭ ᠭᠤᠸ᠎ᠠ ᠦᠵᠡᠮᠵᠢ ᠶᠢᠨ ᠣᠷᠣᠨ ᠪᠣᠯᠣᠭᠰᠠᠨ ᠪᠠᠶᠢᠨ᠎ᠠ᠂ ᠦᠵᠡᠮᠵᠢ ᠶᠢᠨ ᠣᠷᠣᠨ ᠳᠤ | ᠣᠷᠣᠬᠤᠢ ᠳᠤᠷ ᠠᠭᠤᠰᠬᠢ ᠨᠡᠪᠳᠡ ᠡᠪᠡᠰᠣ ᠴᠡᠴᠡᠭ ᠤᠨ ᠦᠨᠦᠷ ᠨᠢᠭᠤᠷ ᠢ ᠢᠯᠪᠢᠨ᠂ ᠲᠠᠯ᠎ᠠ ᠶᠢᠨ ᠬᠠᠶᠢᠷᠠᠭᠤᠴᠠᠢ | ᠪᠠᠶᠠᠰᠬᠤᠯᠠᠩᠳᠠᠢ ᠲᠣᠩᠭᠤᠳᠴᠣ᠂ ᠪᠦᠮᠪᠦᠷᠬᠡᠨ ᠮᠣᠩᠭᠤᠯ ᠬᠡᠷ ᠤᠳ ᠪᠣᠰᠣᠯᠴᠠᠨᠠ᠂ ᠠᠳᠡ ᠶᠠᠰᠣ ᠶᠠᠩᠬᠢᠨᠠᠮ᠎ᠠ | ᠠᠮᠳᠠᠳᠣ ᠪᠦᠯᠢᠶᠡᠨ ᠪᠣᠯᠠᠭ ᠤᠨ ᠣᠰᠣ ᠪᠠᠷ ᠣᠮᠳᠠ ᠪᠠᠨ ᠲᠠᠷᠣᠵᠦ᠂ ᠪᠣᠬᠢᠷᠳᠣᠯ ᠦᠬᠡᠢ ᠠᠷᠢᠭᠤᠨ ᠰᠣᠷᠭᠤᠭ | ᠢᠳᠡᠰᠢᠨ ᠨᠣᠭᠤᠭ᠎ᠠ ᠶᠢ ᠨᠢ ᠠᠮᠳᠠᠯᠠᠵᠦ᠂ ᠲᠠᠶᠠᠩ ᠳᠤ ᠠᠯᠳᠠᠷ ᠲᠠᠢ ᠮᠣᠩᠭᠤᠯ ᠮᠣᠷᠢ ᠲᠠᠢ ᠵᠠᠭᠠᠭ ᠦᠬᠡᠢ | ᠬᠦᠷᠦᠯᠴᠡᠵᠦ ᠪᠣᠯᠣᠨ᠎ᠠ᠂ ᠲᠠᠨ ᠤ ᠨᠢᠬᠡᠨ ᠣᠳᠠᠭᠠᠨ ᠤ ᠬᠠᠮᠤᠭ ᠤᠨ ᠲᠠᠭᠠᠳᠠᠢ ᠵᠢᠭᠤᠯᠴᠢᠯᠠᠯ ᠤᠨ ᠠᠶᠠᠯᠠᠯ ᠪᠣᠯᠬᠤ ᠨᠢ | ᠯᠠᠪᠳᠠᠢ᠃ | ︵ᠨᠢᠬᠡ︶ ᠪᠦᠯᠢᠶᠡᠨ ᠪᠣᠯᠠᠭ | | ︽ᠪᠦᠯᠢᠶᠡᠨ ᠪᠣᠯᠠᠭ︾ ᠬᠡᠳᠡᠭ ᠨᠢ ︽ᠪᠦᠯᠢᠶᠡᠨ ᠣᠰᠣ︾ ᠣᠨᠳᠣᠷᠳᠠᠭ ᠪᠣᠯᠠᠭ ᠭᠡᠳᠡᠭ ᠣᠳᠬ᠎ᠠ ᠲᠠᠢ᠂ | ᠵᠢᠭᠤᠯᠴᠢᠯᠠᠯ ᠤᠨ ᠣᠷᠣᠨ ᠤ ᠵᠡᠬᠦᠨ ᠲᠠᠯ᠎ᠠ ᠳᠤ ᠪᠠᠶᠢᠷᠢᠯᠠᠳᠠᠭ᠃ ᠪᠣᠯᠠᠭ ᠤᠨ ᠣᠰᠣ ᠨᠢ ᠡᠯᠪᠡᠭ ᠡᠷᠦᠳᠡᠰᠣ | ᠠᠭᠤᠯᠠᠭᠳᠠᠵᠦ᠂ ᠰᠢᠬᠢᠷᠯᠢᠭ ᠠᠮᠳᠠᠳᠠᠢ᠂ ᠲᠦᠷᠪᠡᠨ ᠣᠯᠠᠷᠢᠯ ᠣᠨᠳᠣᠷᠣᠨ᠂ ᠡᠪᠦᠯ ᠳᠡᠭᠡᠨ ᠪᠦᠯᠢᠶᠡᠨ ᠵᠣᠨ ᠳᠠᠭᠠᠨ | ᠬᠦᠢᠳᠡᠨ᠂ ᠵᠢᠯ ᠲᠣᠷᠰᠢ ᠶᠢᠨ ᠲᠣᠯᠠᠭᠠᠨ ᠤ ᠬᠡᠮᠵᠢᠶ᠎ᠡ ᠨᠢ 4℃᠂ ᠬᠦᠨᠴᠡ ᠶᠢ 50 ᠰᠡᠨᠲ᠋ᠢᠮᠧᠲᠷ ᠤᠨ ᠪᠣᠯᠠᠭ ᠤᠨ | ᠨᠢᠳᠣ 8 ᠪᠠᠶᠢᠵᠦ᠂ ᠡᠳᠣᠷ ᠤᠨ ᠣᠷᠣᠰᠬᠠᠯ ᠤᠨ ᠬᠡᠮᠵᠢᠶ᠎ᠡ ᠪᠠᠷᠤᠭ 4000 ᠪᠣᠰᠤᠭ᠎ᠠ ᠲᠦᠷᠪᠡᠯᠵᠢᠨ ᠮᠧᠲᠷ ᠪᠠᠶᠢᠵᠦ | ᠂ ᠵᠢᠯ ᠤᠨ ᠣᠷᠣᠰᠬᠠᠯ ᠤᠨ ᠬᠡᠮᠵᠢᠶ᠎ᠡ ᠨᠢ 5.5 ᠲᠦᠮᠡᠨ ᠲᠣᠨ᠂ ᠪᠣᠯᠠᠭ ᠤᠨ ᠣᠰᠣᠨ ᠤ PH ᠬᠡᠮᠵᠢᠭᠳᠡᠯ ᠨᠢ 7. | 85᠂ ᠱᠦᠯᠳᠦᠯᠢᠭ ᠣᠰᠣᠨ ᠳᠤ ᠬᠠᠷᠢᠶᠠᠯᠠᠭᠳᠠᠵᠦ᠂ ᠡᠶᠢᠮᠦᠷᠬᠦ ᠣᠰᠣ ᠶᠢ ᠣᠣᠭᠤᠪᠠᠯ ᠬᠦᠴᠢᠯ ᠱᠦᠯᠳᠣ ᠶᠢᠨ | ᠲᠡᠩᠴᠡᠬᠦᠷᠢ ᠶᠢ ᠪᠠᠳᠣᠯᠠᠵᠦ᠂ ᠦᠩᠬᠡ ᠵᠢᠰᠣ ᠶᠢ ᠭᠤᠶᠣᠯᠠᠬᠤ᠂ ᠠᠳᠣᠷᠢᠶ᠎ᠠ ᠶᠢ ᠪᠠᠭᠠᠰᠬᠠᠬᠤ᠂ ᠠᠷᠠᠰᠣᠨ ᠤ | ᠬᠠᠷᠢᠮᠠᠬᠠᠢ ᠴᠢᠨᠠᠷ ᠢ ᠨᠡᠮᠡᠭᠳᠡᠬᠦᠯᠬᠦ᠂ ᠵᠢᠰᠣ ᠴᠢᠷᠠᠢ ᠶᠢᠨ ᠦᠩᠬᠡ ᠶᠢ ᠨᠡᠮᠡᠭᠳᠡᠬᠦᠯᠬᠦ ᠦᠢᠯᠡᠳᠦᠯ ᠲᠠᠢ ᠪᠠᠶᠢᠳᠠᠭ᠃ | ᠪᠦᠯᠢᠶᠡᠨ ᠪᠣᠯᠠᠭ ᠤᠨ ᠣᠰᠣᠨ ᠳᠠᠬᠢ ᠰᠾᠢ ᠶᠢᠨ ᠠᠭᠤᠯᠠᠭᠳᠠᠴᠠ ᠨᠢ 0.596mg / L ᠳᠤ ᠬᠦᠷᠴᠦ᠂ ᠰᠾᠢ | ᠡᠯᠧᠮᠧᠨ᠋ᠲ ᠨᠢ ᠢᠰᠦᠯᠳᠦᠯ ᠢ ᠡᠰᠡᠷᠬᠦᠴᠡᠬᠦ ᠦᠳᠦᠯᠬᠦ ᠶᠢ ᠰᠡᠷᠬᠡᠶᠢᠯᠡᠬᠦ ᠦᠢᠯᠡᠳᠣᠯ ᠲᠠᠢ᠂ ᠴᠢᠰᠣᠨ ᠰᠣᠳᠠᠯ ᠤᠨ | ᠡᠪᠡᠳᠴᠢᠨ᠂ ᠦᠨᠳᠦᠷ ᠴᠢᠰᠣᠨ ᠲᠠᠷᠣᠯᠳᠠ᠂ ᠲᠢᠳᠢᠮ ᠰᠣᠳᠠᠯ ᠤᠨ ᠡᠪᠡᠳᠴᠢᠨ᠂ ᠵᠢᠷᠦᠬᠡᠨ ᠪᠣᠯᠴᠢᠩ ᠤᠨ | ᠦᠷᠪᠢᠰᠦᠯ᠂ ᠣᠳᠠᠭᠠᠨ ᠴᠢᠨᠠᠷᠳᠠᠢ ᠦᠶ᠎ᠡ ᠬᠡᠰᠢᠬᠦᠨ ᠤ ᠦᠷᠪᠢᠰᠦᠯ᠂ ᠣᠳᠠᠭᠠᠨ ᠴᠢᠨᠠᠷᠳᠠᠢ ᠨᠠᠮᠣᠰᠣ᠂ ᠦᠬᠡᠷ | ᠢᠯᠢᠳᠣ᠂ ᠪᠣᠯᠣᠨ ᠶᠠᠰᠣ ᠰᠡᠶᠢᠬᠦ ᠵᠡᠷᠬᠡ ᠡᠪᠡᠳᠴᠢᠨ ᠳᠤ ᠣᠨᠴᠠᠭᠠᠢ ᠵᠠᠰᠠᠯᠭ᠎ᠠ ᠲᠠᠢ᠃ | ︵ᠬᠤᠶᠠᠷ︶ ᠪᠦᠯᠢᠶᠡᠨ ᠰᠦᠮ᠎ᠡ | | ᠪᠦᠯᠢᠶᠡᠨ ᠰᠦᠮ᠎ᠡ ᠨᠢ ᠣᠷᠳᠣ ᠣᠳᠠᠭᠠᠨ ᠲᠡᠦᠬᠡ ᠲᠠᠢ ᠪᠠᠶᠢᠵᠦ᠂ ᠡᠷᠳᠡ ᠳᠡᠭᠡᠨ ︽ᠪᠣᠷᠬᠠᠨ ᠳᠤ | ᠲᠠᠭᠠᠳᠬᠠᠬᠤ ᠰᠦᠮ᠎ᠡ︾ ᠬᠡᠮᠡᠨ ᠨᠡᠷᠡᠶᠢᠳᠴᠣ ᠪᠠᠶᠢᠪᠠ᠃ ᠡᠩᠬᠡ ᠠᠮᠣᠭᠤᠯᠠᠩ ᠤᠨ ᠦᠶ᠎ᠡ ᠶᠢᠨ ᠠᠷᠪᠠᠨ ᠨᠢᠬᠡᠳᠣᠭᠡᠷ | ᠣᠨ ᠳᠤ ︵ᠨᠡᠶᠢᠳᠡ ᠶᠢᠨ ᠣᠨ ᠲᠣᠭᠠᠯᠠᠯ ᠤᠨ 1672 ᠣᠨ︶᠂ ᠵᠡᠬᠦᠨ ᠭᠠᠷᠣᠨ ᠦᠵᠦᠮᠦᠴᠢᠨ ᠬᠤᠰᠢᠭᠤᠨ ᠤ | ᠰᠧ ᠸᠠᠩ ᠪᠠᠷᠠᠭᠤᠨ ᠵᠣᠣ ᠳᠤ ᠬᠦᠷᠴᠦ ᠪᠣᠷᠬᠠᠨ ᠤ ᠨᠣᠮ ᠰᠣᠷᠴᠣ ᠪᠣᠴᠠᠭᠰᠠᠨ ᠤ ᠲᠠᠷᠠᠭ᠎ᠠ ᠲᠡᠩᠬᠡᠷ ︵ | ᠪᠠᠶᠠᠨᠬᠤᠰᠢᠭᠤ ᠪᠠᠯᠭᠠᠰᠣ︶ ᠤᠨ ᠡᠮᠦᠨ᠎ᠡ ᠲᠠᠬᠢᠯᠭ᠎ᠠ ᠶᠢᠨ ᠭᠠᠵᠠᠷ ᠭᠠᠷᠭᠠᠵᠦ ᠲᠠᠬᠢᠯᠭ᠎ᠠ ᠦᠢᠯᠡᠳᠪᠡᠢ᠃ ᠰᠧ ᠸᠠᠩ | ᠲᠡᠭᠷᠢ ᠳᠤ ᠬᠠᠯᠢᠭᠰᠠᠨ ᠤ ᠲᠠᠷᠠᠭ᠎ᠠ᠂ ᠨᠢᠬᠡᠨ ᠬᠡᠬᠡᠨ ᠢᠷᠡᠵᠦ ᠲᠠᠬᠢᠯᠭ᠎ᠠ ᠶᠢ ᠡᠷᠬᠢᠯᠡᠨ ᠬᠠᠮᠢᠶᠠᠷᠪᠠ᠂ ᠡᠬᠦᠨ ᠠᠴᠠ | ᠡᠬᠢᠯᠡᠨ ︽ᠪᠣᠷᠬᠠᠨ ᠳᠤ ᠲᠠᠭᠠᠳᠬᠠᠬᠤ ᠰᠦᠮ᠎ᠡ︾ ᠬᠡᠮᠡᠨ ᠨᠡᠷᠡᠶᠢᠳᠦᠭᠰᠡᠨ ᠪᠠᠶᠢᠨ᠎ᠠ᠃ ᠨᠠᠶᠢᠷᠠᠯᠳᠣ ᠲᠦᠪ ᠤᠨ | ᠠᠷᠪᠠᠳᠣᠭᠠᠷ ᠵᠢᠯ ︵ᠨᠡᠶᠢᠳᠡ ᠶᠢᠨ ᠣᠨ ᠲᠣᠭᠠᠯᠠᠯ ᠤᠨ 1732 ᠣᠨ︶ ᠸᠠᠩᠴᠤᠭ ᠪᠡᠶᠢᠯᠡ ᠵᠠᠰᠠᠭ ᠪᠠᠷᠢᠭᠰᠠᠨ ᠤ | ᠲᠠᠷᠠᠭ᠎ᠠ ᠲᠣᠰ ᠰᠦᠮ᠎ᠡ ᠶᠢ ᠦᠷᠭᠡᠳᠬᠡᠨ ᠪᠠᠶᠢᠭᠤᠯᠪᠠ᠃ ᠲᠡᠭᠷᠢ ᠲᠡᠳᠬᠦᠭᠴᠢ ᠶᠢᠨ ᠲᠠᠪᠢᠨ ᠲᠠᠪᠣᠳᠣᠭᠠᠷ ᠣᠨ ᠳᠤ ︵ | ᠨᠡᠶᠢᠳᠡ ᠶᠢᠨ ᠣᠨ ᠲᠣᠭᠠᠯᠠᠯ ᠤᠨ 1790 ᠣᠨ︶ ᠴᠢᠩ ᠤᠨ ᠵᠠᠰᠠᠭ ᠤᠨ ︽ᠪᠣᠭᠳᠠ ᠳᠤ ᠲᠠᠭᠠᠳᠬᠠᠬᠤ ᠰᠦᠮ᠎ᠡ︾ | ᠬᠡᠮᠡᠬᠦ ᠠᠯᠳᠠᠨ ᠪᠢᠴᠢᠬᠡᠰᠣ ᠶᠢ ᠲᠣᠰᠴᠣ᠂ ᠲᠣᠰ ᠰᠦᠮ᠎ᠡ ᠬᠠᠮᠤᠭ ᠤᠨ ᠪᠠᠳᠠᠷᠠᠩᠭᠤᠢ ᠴᠠᠭ ᠲᠠᠭᠠᠨ ᠬᠦᠵᠢ ᠵᠣᠯᠠ | ᠡᠯᠪᠡᠭ᠂ ᠯᠠᠮᠠ ᠬᠤᠸᠠᠷᠠᠭ ᠣᠯᠠᠨ᠂ ᠰᠦᠮ᠎ᠡ ᠳᠠᠬᠢ ᠯᠠᠮᠠ ᠪᠠᠭᠰᠢ ᠬᠠᠮᠤᠭ ᠤᠨ ᠣᠯᠠᠨ ᠳᠠᠭᠠᠨ 170 ᠭᠠᠷᠣᠢ | ᠬᠦᠮᠦᠨ ᠪᠠᠶᠢᠪᠠ᠃ ᠢᠷᠬᠡᠨ ᠣᠯᠣᠰ ᠤᠨ ᠭᠤᠴᠢᠨ ᠭᠤᠷᠪᠠᠳᠣᠭᠠᠷ ᠣᠨ᠂ ᠬᠦᠬᠡᠭᠴᠢᠨ ᠲᠠᠬᠢᠶ᠎ᠠ ᠵᠢᠯ ︵ᠨᠡᠶᠢᠳᠡ | ᠶᠢᠨ ᠣᠨ ᠲᠣᠭᠠᠯᠠᠯ ᠤᠨ 1945 ᠣᠨ︶ ᠲᠡᠯᠡᠬᠡᠢ ᠶᠢᠨ ᠬᠤᠶᠠᠳᠣᠭᠠᠷ ᠲᠠᠶᠢᠨ ᠲᠣᠮᠳᠠ ᠲᠡᠯᠪᠡᠴᠢᠭᠳᠡᠭᠰᠡᠨ ᠪᠠᠶᠢᠨ᠎ᠠ᠃ | 2010 ᠣᠨ 6 ᠰᠠᠷ᠎ᠠ ᠳᠤ᠂ ᠣᠯᠠᠭᠠᠢ ᠮᠠᠯᠵᠢᠯ ᠤᠨ ᠲᠠᠯᠠᠪᠠᠢ ᠪᠦᠯᠢᠶᠡᠨ ᠰᠦᠮ᠎ᠡ ᠶᠢ ᠰᠡᠷᠬᠦᠬᠡᠬᠦ ᠵᠠᠰᠠᠯᠭ᠎ᠠ ᠬᠢᠪᠡ᠂ | ᠢᠨᠵᠧᠨᠧᠷᠢᠩ ᠤᠨ ᠲᠠᠯᠠᠪᠠᠢ 10000m᠂ ᠭᠤᠣᠯᠳᠠᠭᠤ ᠶᠡᠭᠡ ᠰᠦᠷᠯᠢᠭ ᠡᠷᠳᠡᠨᠢᠨ ᠬᠠᠷᠰᠢ᠂ ᠬᠤᠩᠬ᠎ᠠ ᠬᠡᠩᠬᠡᠷᠬᠡ | ᠶᠢᠨ ᠠᠰᠠᠷ᠂ ᠴᠠᠭᠠᠨ ᠰᠣᠪᠣᠷᠭ᠎ᠠ ᠵᠢᠴᠢ ᠬᠦᠷᠢᠶ᠎ᠡ ᠵᠡᠷᠬᠡ ᠶᠢ ᠰᠡᠷᠬᠦᠬᠡᠨ ᠵᠠᠰᠠᠪᠠ᠃ ᠰᠦᠮ᠎ᠡ ᠳᠤ ᠭᠤᠣᠯᠳᠠᠭᠤ | ᠱᠠᠬᠢᠮᠣᠨᠢ ᠪᠣᠷᠬᠠᠨ ᠤ ᠪᠠᠭᠰᠢ ᠶᠢ ᠲᠠᠬᠢᠵᠦ ᠪᠣᠢ᠂ ᠰᠦᠮ᠎ᠡ ᠳᠤ ᠭᠠᠨᠵᠣᠣᠷ᠂ ᠳ᠋ᠠᠨᠵᠣᠣᠷ ᠵᠡᠷᠬᠡ ᠮᠠᠰᠢ ᠣᠯᠠᠨ ᠪᠣᠷᠬᠠᠨ | ᠤ ᠣᠬᠠᠭᠠᠨ ᠤ ᠰᠣᠩᠭᠤᠳᠠᠭ ᠨᠣᠮ ᠪᠣᠢ᠃ | ︵ᠭᠤᠷᠪᠠ︶ ᠡᠷᠳᠡᠨᠢ ᠣᠪᠣᠭ᠎ᠠ | | ᠡᠷᠳᠡᠨᠢ ᠣᠪᠣᠭ᠎ᠠ ᠨᠢ ᠪᠦᠯᠢᠶᠡᠨ ᠰᠦᠮ᠎ᠡ ᠶᠢᠨ ᠣᠮᠠᠷ᠎ᠠ 1Km ᠤᠨ ᠵᠠᠢ ᠲᠠᠢ ᠠᠭᠤᠯᠠᠨ ᠪᠡᠯ ᠲᠡᠭᠡᠷ᠎ᠡ ᠪᠣᠢ | ᠂ ᠣᠪᠣᠭ᠎ᠠ ᠲᠡᠬᠡᠷ᠎ᠡ ᠮᠣᠳᠣ ᠪᠣᠰᠬᠠᠵᠦ ᠲᠠᠪᠣᠨ ᠦᠩᠬᠡ ᠶᠢᠨ ᠨᠣᠮ ᠪᠢᠴᠢᠭᠰᠡᠨ ᠬᠠᠳᠠᠭ ᠡᠯᠬᠦᠵᠦ ᠪᠣᠢ᠃ ᠣᠪᠣᠭ᠎ᠠ | ᠲᠠᠬᠢᠬᠤ ᠨᠢ ᠮᠣᠩᠭᠤᠯ ᠦᠨᠳᠦᠰᠦᠳᠡᠨ ᠤ ᠪᠦᠬᠡ ᠶᠢᠨ ᠰᠦᠷ ᠲᠠᠯᠠᠶᠢᠴᠠ ᠲᠠᠢ ᠲᠠᠬᠢᠯᠭ᠎ᠠ ᠶᠢᠨ ᠨᠢᠬᠡ ᠮᠦᠨ᠃ | ᠲᠠᠬᠢᠯᠭ᠎ᠠ ᠶᠢᠨ ᠵᠠᠷᠣᠳᠠᠯ ᠢ ᠡᠩ ᠤᠨ ᠪᠠᠶᠢᠳᠠᠯ ᠳᠤ ᠲᠦᠬᠡᠬᠡᠨ ᠲᠣᠬᠢᠷᠠᠭᠤᠯᠬᠤ ᠪᠣᠶᠣ ᠡᠬᠡᠯᠵᠢ ᠪᠠᠷ ᠲᠠᠬᠢᠳᠠᠭ᠃ | ᠮᠣᠩᠭᠤᠯ ᠦᠨᠳᠦᠰᠦᠳᠠᠨ ᠤ ᠣᠪᠣᠭ᠎ᠠ ᠶᠢᠨ ᠲᠠᠬᠢᠯᠭ᠎ᠠ ᠨᠢ ᠴᠢᠩᠬᠢᠰ ᠬᠠᠭᠠᠨ ᠤ ᠪᠣᠷᠬᠠᠨ ᠬᠠᠯᠳᠣᠨ ᠢ ᠲᠠᠬᠢᠭᠰᠠᠨ | ᠠᠴᠠ ᠦᠨᠳᠦᠰᠦ ᠲᠠᠢ᠂ ᠰᠢᠯᠢ ᠶᠢᠨ ᠭᠤᠣᠯ ᠠᠶᠢᠮᠠᠭ ᠪᠣᠯ ᠣᠪᠣᠭᠠᠨ ᠲᠠᠬᠢᠯᠭ᠎ᠠ ᠶᠢᠨ ᠲᠡᠦᠬᠡ ᠶᠢᠨ ᠦᠯᠡᠳᠡᠭᠳᠡᠯ | ᠨᠡᠯᠢᠶᠡᠳ ᠪᠦᠷᠢᠨ ᠪᠦᠳᠦᠨ ᠬᠠᠳᠠᠭᠠᠯᠠᠭᠳᠠᠭᠰᠠᠨ ᠭᠠᠵᠠᠷ ᠣᠷᠣᠨ ᠪᠠᠶᠢᠵᠦ᠂ ᠣᠯᠠᠭᠠᠢ ᠣᠷᠣᠨ ᠳᠤ ᠨᠡᠯᠢᠶᠡᠳ | ᠲᠡᠯᠬᠡᠷᠡᠩᠬᠦᠢ ᠨᠢ ᠣᠯᠠᠭᠠᠨ ᠲᠠᠬᠢᠯᠭ᠎ᠠ᠂ ᠠᠷᠬᠢ ᠡᠷᠬᠦᠬᠦ᠂ ᠭᠠᠯ ᠡᠬᠦᠰᠬᠡᠬᠦ ᠵᠡᠷᠬᠡ᠃ ᠵᠢᠯ ᠪᠦᠷᠢ ᠶᠢᠨ ᠪᠢᠯᠢᠭ ᠤᠨ | ᠣᠯᠠᠷᠢᠯ ᠤᠨ ᠵᠢᠷᠭᠤᠭᠠᠨ ᠰᠠᠷ᠎ᠠ ᠶᠢᠨ ᠰᠢᠨ᠎ᠡ ᠶᠢᠨ ᠵᠢᠷᠭᠤᠭᠠᠨ ᠶᠠᠭ ᠡᠪᠡᠰᠣ ᠦᠳᠬᠡᠷᠡᠵᠦ ᠪᠣᠯᠵᠣᠮᠣᠷ ᠵᠢᠷᠬᠢᠭᠰᠡᠨ | ᠣᠯᠠᠷᠢᠯ ᠢᠶᠠᠷ ᠮᠠᠯᠴᠢᠳ ᠲᠦᠷᠪᠡᠨ ᠵᠦᠭ ᠨᠠᠢᠮᠠᠨ ᠵᠣᠪᠬᠢᠰ ᠠᠴᠠ ᠣᠪᠣᠭᠠᠨ ᠲᠡᠭᠡᠷ᠎ᠡ ᠪᠠᠨ ᠴᠣᠭᠯᠠᠷᠠᠨ᠂ ᠲᠠᠷᠠᠭ᠎ᠠ | ᠮᠦᠷ ᠲᠠᠢ ᠣᠪᠣᠭ᠎ᠠ ᠪᠠᠨ ᠴᠢᠮᠡᠵᠦ᠂ ᠲᠠᠬᠢᠯᠭ᠎ᠠ ᠶᠢᠨ ᠪᠣᠳᠠᠰ ᠢᠶᠠᠨ ᠲᠡᠯᠬᠡᠵᠦ ᠬᠦᠵᠢ ᠠᠰᠠᠭᠠᠨ᠂ ᠬᠠᠳᠠᠭ ᠪᠠᠷᠢᠨ᠂ | ᠲᠠᠬᠢᠯᠭ᠎ᠠ ᠶᠢᠨ ᠲᠠᠭᠤᠣ ᠲᠠᠭᠤᠯᠠᠵᠦ᠂ ᠯᠠᠮᠠ ᠪᠠᠭᠰᠢ ᠪᠠᠷ ᠨᠣᠮ ᠣᠩᠰᠢᠭᠤᠯᠳᠠᠭ᠃ ᠲᠠᠬᠢᠯᠭ᠎ᠠ ᠳᠤ ᠣᠷᠣᠯᠴᠠᠭᠰᠠᠳ | ᠭᠠᠵᠠᠷ ᠲᠡᠪᠡᠷᠢᠨ ᠮᠦᠷᠬᠦᠯ ᠬᠢᠵᠦ ᠰᠦᠰᠦᠭ ᠪᠢᠰᠢᠷᠡᠯ ᠢᠶᠠᠨ ᠬᠦᠢᠴᠡᠳᠬᠡᠨ᠎ᠡ᠃ ᠲᠠᠬᠢᠯᠭ᠎ᠠ ᠶᠢᠨ ᠲᠠᠷᠠᠭ᠎ᠠ ᠲᠠᠬᠢᠯᠭ᠎ᠠ | ᠡᠷᠬᠢᠯᠡᠭᠴᠢ ᠠᠴᠠ ᠲᠠᠬᠢᠯᠭ᠎ᠠ ᠶᠢᠨ ᠪᠣᠳᠠᠰ ᠢ ᠣᠯᠠᠨ ᠲᠦᠬᠡᠬᠡᠵᠦ ᠠᠮᠰᠠᠭᠤᠯᠣᠨ᠂ ᠡᠷ᠎ᠡ ᠶᠢᠨ ᠭᠤᠷᠪᠠᠨ ᠨᠠᠭᠠᠳᠣᠮ | ᠪᠣᠯᠳᠠᠭ᠃ | ︵ᠲᠦᠷᠪᠡ︶ ᠪᠠᠶᠢᠯᠳᠣᠭᠠᠨᠳᠣ ᠲᠡᠷᠭᠡᠳᠣ ᠮᠣᠩᠭᠤᠯ ᠭᠡᠷ ᠤᠨ ᠰᠦᠷᠦᠭ | | ᠪᠠᠶᠢᠯᠳᠣᠭᠠᠨ ᠤ ᠲᠡᠷᠭᠡᠳᠣ ᠮᠣᠩᠭᠤᠯ ᠭᠡᠷ ᠤᠨ ᠰᠦᠷᠦᠭ ᠨᠢ ᠮᠣᠩᠭᠤᠯ ᠦᠨ ᠤ ᠴᠠᠭ ᠦᠶ᠎ᠡ ᠶᠢᠨ | ᠪᠠᠶᠢᠯᠳᠣᠭᠠᠨ ᠤ ᠲᠡᠷᠭᠡᠳᠣ ᠮᠣᠩᠭᠤᠯ ᠭᠡᠷ ᠢ ᠲᠠᠬᠢᠨ ᠵᠢᠷᠣᠭᠯᠠᠪᠠ᠂ ᠭᠤᠣᠯ ᠴᠣᠭᠴᠠ ᠶᠢᠨ ᠪᠠᠷᠢᠯᠭ᠎ᠠ ᠨᠢ ᠨᠢᠬᠡ | ᠪᠠᠶᠢᠯᠳᠣᠭᠠᠨ ᠤ ᠲᠡᠷᠭᠡᠳᠣ ᠮᠣᠩᠭᠤᠯ ᠭᠡᠷ ᠤᠨ ᠶᠡᠭᠡ ᠣᠷᠳᠣ ᠪᠣᠯᠣᠨ 8 ᠵᠢᠵᠢᠭ ᠭᠡᠷ ᠲᠠᠢ ᠰᠢᠯᠣᠭᠤᠨ ᠬᠡᠮ ᠲᠠᠢ | ᠵᠢᠭᠳᠡᠷᠡᠵᠦ᠂ ᠡᠸᠦ᠋ᠷᠦᠹᠡ ᠠᠽᠢᠶ᠎ᠠ ᠶᠢᠨ ᠡᠬᠡ ᠬᠠᠭᠤᠷᠠᠢ ᠲᠡᠭᠡᠷ᠎ᠡ ᠬᠠᠨᠳᠣᠭᠰᠠᠨ ᠵᠦᠭ ᠲᠤ ᠲᠠᠶᠢᠰᠣᠨ ᠦᠬᠡᠢ | ᠶᠠᠪᠣᠭᠰᠠᠨ ᠪᠠᠶᠢᠯᠳᠣᠭᠠᠨ ᠤ ᠲᠡᠷᠭᠡᠳᠣ ᠮᠣᠩᠭᠤᠯ ᠭᠡᠷ ᠤᠨ ᠲᠣᠳᠣᠷ᠎ᠠ᠂ ᠮᠣᠩᠭᠤᠯ ᠤᠨ ᠠᠮᠳᠠᠯᠢᠭ ᠬᠤᠭᠤᠯᠠ ᠠᠴᠠ | ᠵᠣᠭᠤᠭᠯᠠᠵᠦ᠂ ᠡᠬᠦᠳᠡ ᠭᠠᠷᠣᠮᠠᠭᠴᠠ ᠬᠠᠷᠠᠭ᠎ᠠ ᠠᠯᠳᠠᠮ᠎ᠠ ᠲᠠᠯ᠎ᠠ ᠨᠣᠳᠤᠭ ᠢ ᠠᠵᠢᠶᠠᠷᠠᠨ᠂ ᠮᠣᠩᠭᠤᠯ ᠦᠨᠳᠦᠰᠦᠳᠡᠨ | ᠤ ᠵᠠᠩ ᠠᠭᠠᠯᠢ ᠶᠢ ᠮᠡᠳᠡᠷᠡᠵᠦ᠂ ᠮᠣᠩᠭᠤᠯ ᠦᠨᠳᠦᠰᠦᠳᠡᠨ ᠤ ᠱᠠᠰᠢᠨ ᠰᠢᠳᠦᠯᠭᠡ ᠶᠢ ᠣᠬᠠᠭᠠᠬᠤ ᠨᠢ ᠪᠠᠰᠠ ᠨᠢᠬᠡᠨ | ᠪᠠᠶᠠᠰᠣᠯ ᠲᠠᠢ ᠣᠴᠢᠷ ᠪᠢᠯᠡ᠃ | ︵ᠲᠠᠪᠤ︶ ᠴᠢᠨ᠋ᠸ᠎ᠠ ᠲᠣᠲ᠋ᠧᠮ ᠢ ᠵᠢᠷᠤᠭ ᠠᠪᠣᠭᠰᠠᠨ ᠭᠠᠵᠠᠷ | | ᠪᠦᠯᠢᠶᠡᠨ ᠪᠣᠯᠠᠭ ᠦᠵᠡᠮᠵᠢ ᠶᠢᠨ ᠣᠷᠣᠨ ᠠᠴᠠ ᠵᠡᠬᠦᠨ ᠡᠮᠦᠨ᠎ᠡ 2Km ᠤᠨ ᠵᠠᠢ ᠲᠠᠢ᠂ ᠡᠨᠡᠬᠦ ᠨᠢ ᠺᠢᠨᠣ᠋ ︽ | ᠴᠢᠨ᠋ᠸ᠎ᠠ ᠲᠣᠲ᠋ᠧᠮ︾ ᠢ ᠵᠢᠷᠤᠭ ᠠᠪᠣᠭᠰᠠᠨ ᠭᠠᠵᠠᠷ ᠤᠨ ᠨᠢᠬᠡ᠂ ᠲᠣᠰ ᠭᠠᠵᠠᠷ ᠲᠤ ᠵᠢᠷᠠᠭᠠᠳ ᠣᠨ ᠤ ᠮᠠᠯᠴᠢᠨ ᠤ | ᠦᠢᠯᠡᠳᠪᠦᠷᠢᠯᠡᠯ ᠠᠮᠢᠳᠣᠷᠠᠯ᠂ ᠠᠷᠠᠯᠵᠢᠶ᠎ᠠ ᠴᠣᠭᠯᠠᠭᠠᠨ ᠤ ᠮᠣᠩᠭᠤᠯ ᠪᠠᠯᠭᠠᠰᠣ ᠶᠢ ᠰᠡᠷᠬᠦᠬᠡᠵᠡᠢ᠂ ᠬᠠᠩᠭᠠᠯᠭ᠎ᠠ ᠶᠢᠨ | ᠬᠤᠷᠰᠢᠶ᠎ᠠ᠂ ᠰᠢᠣᠳᠠᠨ ᠤ ᠭᠠᠵᠠᠷ᠂ ᠡᠬᠦᠳᠡᠨ ᠡᠮᠨᠡᠯᠬᠡ᠂ ᠬᠤᠳᠠᠯᠳᠣᠨ ᠠᠪᠬᠤ ᠦᠷᠳᠡᠭᠡ᠂ ᠬᠤᠭᠤᠯᠠᠨ ᠭᠡᠷ᠂ ᠮᠠᠯ | ᠤᠨ ᠡᠮᠨᠡᠯᠬᠡ ᠶᠢᠨ ᠦᠷᠳᠡᠭᠡ᠂ ᠦᠰᠦ ᠵᠠᠰᠠᠬᠤ ᠭᠠᠵᠠᠷ᠂ ᠲᠡᠮᠦᠷᠴᠢᠨ ᠤ ᠮᠣᠬᠤᠯᠠᠭ ᠵᠡᠷᠭᠡ ᠶᠢ ᠪᠠᠶᠢᠭᠤᠯᠪᠠ᠃ | ᠵᠢᠵᠢᠭ ᠪᠠᠯᠭᠠᠰᠣᠨ ᠤ ᠵᠡᠬᠡᠯᠢ ᠭᠤᠳᠣᠮᠵᠢ ᠶᠢᠨ ᠲᠦᠷᠢ ᠲᠦᠷᠬᠦ ᠨᠢ ᠲᠠᠯ᠎ᠠ ᠨᠣᠳᠤᠭ ᠤᠨ ᠬᠦᠭᠵᠢᠯᠳᠡ ᠪᠣᠯᠣᠨ ᠴᠠᠭ | ᠦᠶ᠎ᠡ ᠶᠢᠨ ᠣᠯᠠᠷᠢᠨ ᠬᠤᠪᠢᠰᠣᠭᠰᠠᠨ ᠤ ᠬᠤᠷᠢᠶᠠᠩᠭᠤᠢ ᠲᠦᠷᠰᠣ᠂ ᠵᠢᠭᠤᠯᠴᠢᠯᠠᠭᠴᠢᠳ ᠤᠨ ᠲᠣᠭᠤᠷᠢᠨ ᠦᠵᠡᠬᠦ | ᠠᠩᠬᠠᠨ ᠤ ᠰᠣᠩᠭᠤᠯᠳᠠ᠃ | ᠬᠤᠶᠠᠷ ᠣᠯᠠᠭᠠᠢ ᠨᠠᠭᠤᠷ | | ᠣᠯᠠᠭᠠᠢ ᠬᠠᠮᠢᠶᠠᠷᠣᠯᠳᠠ ᠶᠢᠨ ᠣᠷᠣᠨ ᠤ ᠬᠠᠯᠠᠭᠠᠶᠢᠳᠣ ᠮᠠᠯᠵᠢᠯ ᠤᠨ ᠲᠠᠯᠠᠪᠠᠢ ᠶᠢᠨ ᠰᠠᠭᠤᠭ᠎ᠠ ᠭᠠᠵᠠᠷ ︵ | ᠪᠠᠶᠠᠨ ᠲᠣᠬᠤᠢ︶ ᠠᠴᠠ ᠵᠡᠬᠦᠨᠰᠢ 3Km᠂ S ᠮᠣᠵᠢ ᠶᠢᠨ ᠱᠣᠭᠤᠮ ᠤᠨ ᠲᠠᠢ ᠵᠠᠯᠭᠠᠯᠳᠣᠵᠦ᠂ ᠣᠮᠠᠷᠠᠰᠢ ᠶᠡᠭᠡ | ᠬᠢᠩᠭᠠᠨ ᠲᠠᠪᠠᠭ᠎ᠠ ᠶᠢᠨ ᠪᠣᠭᠳᠠ ᠠᠭᠤᠯᠠ ᠣᠢ ᠰᠢᠭᠤᠢ ᠶᠢᠨ ᠵᠢᠭᠤᠯᠴᠢᠯᠠᠯ ᠤᠨ ᠣᠷᠣᠨ ᠠᠴᠠ 120Km ᠵᠠᠶᠢᠳᠠᠢ | ᠂ ᠷᠠᠰᠢᠶᠠᠨ ᠦᠵᠡᠮᠵᠢ ᠶᠢᠨ ᠣᠷᠣᠨ ᠠᠴᠠ 200Km ᠵᠠᠶᠢᠳᠠᠢ᠂ ᠵᠡᠬᠦᠨ ᠡᠮᠦᠨᠡᠰᠢ ᠪᠠᠨ ᠬᠤᠣᠯᠢᠨ ᠭᠤᠣᠯ ᠬᠤᠳᠠ | ᠠᠴᠠ 35Km ᠵᠠᠶᠢᠳᠠᠢ᠂ ᠭᠠᠵᠠᠷ ᠵᠦᠢ ᠶᠢᠨ ᠣᠷᠣᠨ ᠪᠠᠶᠢᠷᠢ ᠪᠣᠯᠣᠨ ᠵᠠᠮ ᠬᠠᠷᠢᠯᠴᠠᠭᠠᠨ ᠤ ᠨᠦᠬᠦᠴᠡᠯ | ᠲᠠᠪᠠᠭᠤᠯᠢᠭ᠃ ᠣᠯᠠᠭᠠᠢ ᠨᠠᠭᠤᠷ ᠤᠨ ᠡᠵᠡᠯᠡᠬᠦ ᠲᠠᠯᠠᠪᠠᠢ ᠪᠠᠷᠤᠭ 110 ᠺᠣᠸᠠᠲ ᠺᠢᠯᠦ᠋ᠮᠧᠲᠷ ᠪᠠᠶᠢᠵᠦ᠂ ᠨᠠᠭᠤᠷ ᠤᠨ | ᠣᠰᠣᠨ ᠤ ᠲᠠᠯᠠᠪᠠᠢ ᠨᠢ 50 ᠺᠣᠸᠠᠲ ᠺᠢᠯᠦ᠋ᠮᠧᠲᠷ ᠪᠠᠶᠢᠵᠦ᠂ ᠣᠰᠣᠨ ᠣᠷᠣᠨ ᠤ ᠲᠠᠯᠠᠪᠠᠢ ᠨᠢ ᠪᠠᠷᠤᠭ 40 | ᠺᠣᠸᠠᠲ ᠺᠢᠯᠦ᠋ᠮᠧᠲᠷ ᠪᠠᠶᠢᠵᠦ᠂ ᠶᠡᠷᠦᠩᠬᠡᠢ ᠪᠠᠭᠳᠠᠭᠠᠮᠵᠢ ᠨᠢ 2.22 ᠳ᠋ᠦᠩᠰᠢᠭᠤᠷ ᠺᠦᠪ ᠮᠧᠲᠷ᠂ ᠣᠰᠣ | ᠬᠠᠳᠠᠭᠠᠯᠠᠬᠤ ᠬᠡᠮᠵᠢᠶ᠎ᠡ ᠨᠢ 2.5 ᠳ᠋ᠦᠩᠰᠢᠭᠤᠷ ᠺᠦᠪ ᠮᠧᠲᠷ᠃ ᠡᠨᠡᠬᠦ ᠣᠷᠴᠢᠨ ᠤ ᠠᠮᠢ ᠠᠬᠤᠢ ᠶᠢ ᠵᠣᠬᠢᠴᠠᠭᠤᠯᠬᠤ | ᠂ ᠦᠶᠡᠷ ᠢ ᠰᠡᠷᠬᠡᠶᠢᠯᠡᠬᠦ ᠣᠰᠣ ᠬᠠᠳᠠᠭᠠᠯᠠᠬᠤ᠂ ᠣᠰᠣᠨ ᠭᠠᠷᠣᠯᠳᠠ ᠶᠢ ᠲᠡᠵᠢᠬᠡᠨ ᠦᠷᠡᠵᠢᠬᠦᠯᠬᠦ ᠦᠢᠯᠡᠰ᠂ ᠠᠵᠦ | ᠦᠢᠯᠡᠳᠪᠦᠷᠢ ᠳᠤ ᠬᠡᠷᠡᠭᠯᠡᠬᠦ ᠣᠰᠣ ᠪᠣᠯᠣᠨ ᠠᠮᠢ ᠠᠬᠤᠶᠢᠴᠢ ᠵᠢᠭᠤᠯᠴᠢᠯᠠᠯ ᠵᠡᠷᠬᠡ ᠴᠢᠳᠠᠮᠵᠢ ᠶᠢ ᠡᠬᠦᠷᠬᠡᠯᠡᠵᠦ ᠪᠣᠢ᠃ | ᠨᠠᠭᠤᠷ ᠢ ᠲᠣᠭᠤᠷᠢᠨ 55Km ᠬᠠᠷ᠎ᠠ ᠲᠣᠰᠣᠨ ᠵᠠᠮ ᠲᠠᠪᠢᠰᠴᠣ᠂ ᠣᠰᠣᠨ ᠴᠦᠬᠦᠷᠦᠮ ᠤᠨ ᠣᠰᠣᠨ | ᠨᠢᠭᠤᠷ ᠨᠡᠯᠢᠶᠡᠳ ᠦᠨᠳᠦᠷ ᠠᠴᠠ᠂ ᠮᠠᠨᠠᠨ ᠬᠦᠳᠡᠩ ᠣᠨᠢᠶᠠᠷᠳᠣᠵᠦ᠂ ᠬᠤᠯᠠ ᠠᠴᠠ ᠪᠠᠷᠠᠯᠠᠪᠠᠯ᠂ ᠣᠰᠣᠨ ᠲᠡᠭᠷᠢ | ᠨᠢᠬᠡ ᠦᠩᠬᠡ ᠪᠠᠷ ᠨᠡᠯᠦᠶᠢᠵᠦ᠂ ᠣᠰᠣᠨ ᠴᠦᠬᠦᠷᠦᠮ ᠤᠨ ᠬᠠᠵᠠᠭᠤ ᠪᠠᠷ ᠰᠣᠷᠭᠤᠭ ᠴᠡᠴᠡᠭ ᠮᠢᠷᠠᠯᠵᠠᠨ᠂ ᠮᠦᠬᠦ᠂ | ᠰᠢᠷ᠎ᠠ ᠴᠡᠴᠡᠭ᠂ ᠴᠠᠨ᠎ᠠ ᠦᠩᠬᠡ ᠪᠣᠯᠢᠶᠠᠯᠳᠣᠨ᠂ ᠣᠷᠣᠰᠬᠠᠯ ᠨᠠᠮ ᠲᠣᠭᠳᠠᠭᠤᠨ᠂ ᠲᠦᠮᠡ ᠪᠣᠮᠠᠨ ᠠᠮᠢᠳᠠᠨ ᠢ | ᠣᠮᠳᠠᠯᠠᠨ᠂ ᠣᠰᠣᠨ ᠳᠤᠷ ᠵᠢᠭᠠᠰᠣ ᠵᠢᠷᠠᠭᠠᠬᠠᠢ ᠦᠰᠦᠷᠣᠨ ᠱᠣᠮᠪᠠᠵᠦ᠂ ᠬᠤᠨ ᠭᠠᠯᠠᠭᠤ ᠵᠡᠷᠬᠡ ᠡᠯ᠎ᠡ ᠵᠦᠢᠯ ᠤᠨ | ᠬᠤᠪᠣᠷ ᠵᠢᠬᠦᠷᠳᠡᠨ ᠴᠠᠭ ᠴᠠᠭ ᠢᠶᠠᠷ ᠢᠶᠠᠨ ᠡᠬᠦᠪᠡᠷ ᠨᠡᠬᠦᠳᠡᠯᠳᠡᠭ᠃ | | ︵ᠬᠤᠶᠠᠷ︶ ᠨᠣᠭᠤᠯᠠᠭᠠ ᠭᠤᠣᠯ | | ᠨᠣᠭᠤᠯᠠᠭᠠ ᠭᠤᠣᠯ ᠪᠣᠯ ᠣᠯᠠᠭᠠᠢ ᠭᠤᠣᠯ ᠤᠨ ᠬᠠᠮᠤᠭ ᠢᠯᠡᠬᠦᠦ ᠮᠣᠷᠣᠶᠢᠯᠵᠠᠭᠰᠠᠨ ᠬᠡᠰᠡᠭ ᠪᠠᠶᠢᠵᠦ᠂ | ᠣᠯᠠᠭᠠᠢ ᠨᠠᠭᠤᠷ ᠤᠨ ᠵᠡᠬᠦᠨ ᠲᠠᠯ᠎ᠠ ᠳᠤ ᠪᠣᠢ᠂ ᠪᠠᠷᠠᠭᠤᠨᠰᠢ ᠣᠯᠠᠭᠠᠢ ᠨᠠᠭᠤᠷ ᠲᠤ ᠴᠢᠳᠬᠤᠵᠦ᠂ ᠭᠤᠣᠯ ᠤᠨ | ᠬᠤᠶᠢᠳᠣ ᠡᠷᠬᠢ ᠲᠡᠭᠡᠷ᠎ᠡ ᠣᠯᠠᠭᠠᠨ ᠣᠳᠠ ᠵᠢᠭᠳᠡᠷᠡᠨ ᠰᠠᠬᠢᠭᠤᠯᠰᠣᠨ ᠤ ᠡᠬᠦᠯᠡᠨ ᠬᠡ ᠬᠦᠰᠡᠷ ᠣᠨᠠᠭᠰᠠᠨ ᠮᠡᠳᠣ᠃ | ᠨᠣᠭᠤᠯᠠᠭᠠ ᠭᠤᠣᠯ ᠤᠨ ᠪᠠᠶᠢᠭ᠎ᠠ ᠣᠯᠠᠭᠠᠢ ᠭᠤᠣᠯ ᠨᠢ ᠮᠠᠨ ᠤ ᠣᠯᠣᠰ ᠤᠨ ᠬᠢᠯᠢ ᠲᠣᠳᠣᠷᠠᠬᠢ ᠬᠤᠶᠠᠳᠣᠭᠠᠷ ᠶᠡᠭᠡ | ᠲᠣᠳᠣᠭᠠᠳᠣ ᠭᠤᠣᠯ ᠮᠦᠷᠡᠨ᠂ ᠦᠪᠦᠷ ᠮᠣᠩᠭᠤᠯ ᠤᠨ ᠨᠢᠬᠡᠳᠣᠭᠡᠷ ᠶᠡᠭᠡ ᠲᠣᠳᠣᠭᠠᠳᠣ ᠭᠤᠣᠯ ᠮᠦᠷᠡᠨ᠂ ᠡᠷᠳᠡ | ᠦᠶ᠎ᠡ ᠳᠡᠭᠡᠨ ᠦᠯᠡᠬᠦᠢ᠂ ᠣᠯᠬᠤᠢ᠂ ᠦᠷᠬᠦᠨ ᠭᠤᠣᠯ ᠬᠡᠮᠡᠨ᠂ ᠶᠡᠭᠡ ᠬᠢᠩᠭᠠᠨ ᠲᠠᠪᠠᠭᠠᠨ ᠤ ᠪᠠᠷᠠᠭᠤᠨ ᠳᠠᠬᠢ | ᠪᠣᠭᠳᠠ ᠠᠭᠤᠯᠠ ᠶᠢᠨ ᠪᠠᠷᠠᠭᠤᠨ ᠬᠤᠷᠮᠣᠢ ᠶᠢᠨ ᠶᠡᠭᠡ ᠣᠯᠠᠨ ᠪᠣᠯᠠᠭ ᠤᠨ ᠣᠰᠣ ᠨᠡᠶᠢᠯᠡᠨ ᠡᠬᠦᠰᠴᠣ᠂ ᠣᠯᠠᠭᠠᠢ | ᠶᠢᠨ ᠪᠦᠬᠦ ᠬᠢᠯᠢ ᠪᠠᠷ ᠣᠷᠣᠰᠣᠨ ᠦᠩᠬᠡᠷᠡᠵᠦ᠂ ᠣᠷᠳᠣ ᠨᠢ 360Km᠂ ᠣᠷᠣᠰᠬᠠᠯ ᠤᠨ ᠲᠠᠯᠠᠪᠠᠢ ᠨᠢ | 20200 ᠺᠣᠸᠠᠲ ᠺᠢᠯᠦ᠋ᠮᠧᠲᠷ ᠪᠠᠶᠢᠵᠦ᠂ 2013 ᠣᠨ ᠳᠤ ᠨᠣᠭᠤᠯᠠᠭᠠ ᠭᠤᠣᠯ ᠤᠨ ᠦᠵᠡᠮᠵᠢ ᠶᠢᠨ ᠣᠷᠣᠨ ᠨᠢ | ︽ᠲᠣᠮᠳᠠᠳᠣ ᠶᠢᠨ ᠦᠵᠡᠰᠬᠦᠯᠡᠩᠳᠣ︾ ᠬᠦᠳᠡᠭᠡ ᠬᠡᠵᠦ ᠦᠨᠡᠯᠡᠭᠳᠡᠪᠡ᠃ | ︵ᠭᠤᠷᠪᠠ︶ ᠰᠡᠬᠡᠬᠡᠳᠡᠨ ᠵᠠᠯᠠᠭᠤᠴᠣᠳ ᠤᠨ ᠵᠢᠵᠢᠭ ᠪᠠᠯᠭᠤᠰᠣᠨ ᠤ ᠣᠨᠴᠠᠯᠢᠭᠳᠣ ᠪᠠᠭᠤᠳᠠᠯ | | ᠣᠯᠠᠭᠠᠢ ᠬᠠᠮᠢᠶᠠᠷᠣᠯᠳᠠ ᠶᠢᠨ ᠣᠷᠣᠨ ᠤ ᠬᠠᠯᠠᠭᠠᠶᠢᠳᠣ ᠮᠠᠯᠵᠢᠯ ᠤᠨ ᠲᠠᠯᠠᠪᠠᠢ ᠠᠴᠠ ᠵᠡᠬᠦᠨ ᠬᠤᠶᠢᠰᠢ | 22Km ᠬᠤᠯᠠ ᠦᠯᠵᠡᠢ ᠣᠪᠣᠭ᠎ᠠ ᠬᠤᠪᠢᠶᠠᠷᠢ ᠲᠠᠯᠠᠪᠠᠢ ᠳᠤ ᠪᠣᠢ᠂ ᠡᠮᠦᠨ᠎ᠡ ᠳᠡᠭᠡᠨ ᠪᠡᠬᠡᠵᠢᠩ ᠤᠨ ᠴᠡᠷᠢᠭ ᠤᠨ | ᠲᠣᠭᠤᠷᠢᠭ ᠤᠨ ᠦᠪᠦᠷ ᠮᠣᠩᠭᠤᠯ ᠤᠨ ᠦᠢᠯᠡᠳᠪᠦᠷᠢᠯᠡᠨ ᠪᠠᠶᠢᠭᠤᠯᠬᠤ ᠴᠡᠷᠢᠭ ᠤᠨ ᠠᠷᠮᠠᠢ ᠶᠢᠨ ᠵᠢᠷᠭᠤᠳᠣᠭᠠᠷ | ᠳ᠋ᠢᠸᠢᠽᠢ ᠶᠢᠨ ᠲᠠᠪᠢᠨ ᠨᠢᠬᠡᠳᠣᠭᠡᠷ ᠬᠤᠷᠢᠶ᠎ᠠ ᠶᠢᠨ ᠨᠢᠬᠡᠳᠣᠭᠡᠷ ᠰᠣᠮᠣᠨ ᠤ ᠬᠤᠸᠠᠷᠠᠨ ᠤ ᠲᠣᠭᠤᠷᠢᠭ ᠪᠠᠶᠢᠵᠦ᠂ | ᠨᠡᠶᠢᠳᠡ 36 ᠰᠣᠮᠣᠨ ᠪᠠᠭ ᠤᠨ ᠠᠵᠢᠯᠳᠠᠨ ᠤ ᠪᠠᠶᠢᠷᠢ ᠪᠠᠶᠢᠭᠤᠯᠵᠦ᠂ ᠲᠠᠷᠢᠶᠠᠯᠠᠩ ᠮᠠᠯᠵᠢᠯ ᠤᠨ ᠲᠠᠯᠠᠪᠠᠢ ᠶᠢᠨ | ᠠᠵᠢᠯᠳᠠᠨ ᠤ ᠠᠮᠢᠳᠣᠷᠠᠯ ᠤᠨ ᠲᠣᠭᠤᠷᠢᠭ ᠢᠶᠠᠷ 20 ᠵᠢᠯ ᠬᠡᠷᠡᠭᠯᠡᠪᠡ᠃ ᠶᠡᠷᠦᠩᠬᠡᠢ ᠲᠠᠯᠠᠪᠠᠢ ᠨᠢ 52 ᠲᠦᠮᠡᠨ ᠮᠦ᠂ | ᠨᠣᠭᠤᠯᠠᠭᠠ ᠭᠤᠣᠯ ᠤᠨ ᠦᠵᠡᠮᠵᠢ ᠶᠢᠨ ᠣᠷᠣᠨ᠂ ᠣᠯᠠᠭᠠᠢ ᠨᠠᠭᠤᠷ ᠯᠤᠭ᠎ᠠ ᠵᠠᠯᠭᠠᠯᠳᠣᠵᠦ᠂ ᠣᠯᠠᠭᠠᠢ ᠨᠠᠭᠤᠷ — | ᠨᠣᠭᠤᠯᠠᠭᠠ ᠭᠤᠣᠯ ᠤᠨ ᠦᠵᠡᠮᠵᠢ ᠶᠢᠨ ᠣᠷᠣᠨ ᠤ ᠨᠢᠬᠡᠨ ᠭᠤᠶᠢᠳᠠ ᠦᠵᠡᠮᠵᠢ ᠪᠣᠯᠪᠠ᠃ | ᠰᠡᠬᠡᠬᠡᠳᠡᠨ ᠵᠠᠯᠠᠭᠤᠴᠣᠳ ᠤᠨ ᠵᠢᠵᠢᠭ ᠪᠠᠯᠭᠤᠰᠣᠨ ᠤ ᠣᠨᠴᠠᠯᠢᠭᠳᠣ ᠪᠠᠭᠤᠳᠠᠯ ᠳᠤ ᠲᠦᠷᠪᠡᠨ ᠦᠵᠡᠮᠵᠢ ᠶᠢᠨ | ᠬᠠᠷᠠᠭᠠᠰᠣ ᠪᠣᠢ᠃ ᠴᠡᠷᠢᠭ ᠠᠳᠠᠷ ᠬᠠᠭᠠᠯᠪᠣᠷᠢᠯᠠᠬᠤ ᠠᠮᠢᠳᠣᠷᠠᠯ ᠤᠨ ᠲᠣᠭᠤᠷᠢᠭ ᠢ ᠰᠡᠷᠬᠦᠬᠡᠭᠰᠡᠨ ᠬᠡᠰᠡᠭ᠂ ᠴᠡᠷᠢᠭ | ᠠᠳᠠᠷ ᠬᠠᠭᠠᠯᠪᠣᠷᠢᠯᠠᠭᠰᠠᠨ ᠰᠣᠶᠣᠯ ᠤᠨ ᠦᠵᠡᠰᠬᠦᠯᠡᠩ ᠤᠨ ᠬᠡᠰᠡᠭ᠂ ᠴᠡᠷᠢᠭ ᠠᠳᠠᠷ ᠬᠠᠭᠠᠯᠪᠣᠷᠢᠯᠠᠭᠰᠠᠨ | ᠣᠨᠴᠠᠯᠢᠭᠳᠣ ᠬᠤᠭᠤᠯᠠ ᠣᠮᠳᠠ ᠬᠤᠨᠤᠭ ᠤᠨ ᠬᠡᠰᠡᠭ᠂ ᠴᠡᠷᠢᠭ ᠠᠳᠠᠷ ᠬᠠᠭᠠᠯᠪᠣᠷᠢᠯᠠᠭᠰᠠᠨ ᠦᠯᠡᠳᠡᠭᠳᠡᠯ ᠪᠠᠭᠤᠷᠢ | ᠶᠢᠨ ᠬᠠᠳᠠᠭᠠᠯᠠᠭᠳᠠᠭᠰᠠᠨ ᠬᠡᠰᠡᠭ ᠵᠡᠷᠬᠡ ᠪᠠᠷ ᠪᠦᠷᠢᠯᠳᠦᠪᠡ᠃ | ︵ᠲᠦᠷᠪᠡ︶ ᠭᠤᠶᠣ ᠠᠭᠤᠯᠠ | | ᠣᠯᠠᠭᠠᠢ ᠨᠠᠭᠤᠷ ᠤᠨ ᠡᠮᠦᠨ᠎ᠡ ᠡᠷᠬᠢᠨ ᠲᠡᠭᠡᠷᠡᠬᠢ ᠨᠢᠬᠡᠨ ᠲᠣᠪᠣᠷᠴᠠᠭ ᠠᠭᠤᠯᠠᠨ ᠣᠷᠬᠢᠯ ᠰᠦᠨᠳᠡᠷᠯᠡᠨ᠎ᠡ᠃ | ᠮᠣᠩᠭᠤᠯ ᠤᠨ ᠨᠢᠭᠤᠴᠠ ᠲᠣᠪᠴᠢᠶᠠᠨ ᠳᠤ ᠲᠡᠮᠳᠡᠭᠯᠡᠭᠰᠡᠨ ᠢᠶᠠᠷ᠂ ᠨᠡᠶᠢᠳᠡ ᠶᠢᠨ 1202 ᠣᠨ ᠳᠤ᠂ ᠴᠢᠩᠬᠢᠰ | ᠬᠠᠭᠠᠨ ᠪᠣᠯᠣᠨ ᠵᠠᠮᠤᠬ᠎ᠠ ᠬᠦᠢᠳᠡᠨ ᠠᠭᠤᠯᠠᠨ ᠳᠤ ᠪᠠᠶᠢᠯᠳᠣᠭᠠᠨ ᠪᠣᠯᠪᠠ᠃ ᠬᠦᠢᠳᠡᠨ ᠠᠭᠤᠯᠠ ᠨᠢ ᠲᠠᠷᠣᠢ ᠭᠤᠶᠣ | ᠠᠭᠤᠯᠠ ᠪᠣᠯᠣᠨ᠎ᠠ᠃ ᠬᠤᠵᠢᠮ ᠤᠨ ᠬᠦᠮᠦᠰ ᠤᠨ ᠰᠢᠯᠭᠠᠭᠰᠠᠨ ᠢᠶᠠᠷ ᠴᠢᠩᠬᠢᠰ ᠬᠠᠭᠠᠨ ᠤ ᠣᠳᠣᠷᠢᠳᠣᠭᠰᠠᠨ ᠨᠡᠷᠡᠳᠡᠢ | ᠪᠠᠶᠢᠯᠳᠣᠭᠠᠨ — ︽ᠬᠦᠢᠳᠡᠨ ᠤ ᠪᠠᠶᠢᠯᠳᠣᠭᠠᠨ︾ ᠤ ᠪᠠᠶᠢᠯᠳᠣᠭᠠᠨ ᠤ ᠪᠠᠭᠤᠷᠢ ᠠᠳᠡ ᠪᠣᠯᠬᠤ ᠶᠢ ᠮᠡᠳᠡᠵᠦ᠂ ᠡᠨᠡᠬᠦ | ᠣᠳᠠᠭᠠᠨ ᠵᠢᠯ ᠤᠨ ᠣᠨᠢᠰᠤᠭ᠎ᠠ ᠨᠢ ᠲᠠᠶᠢᠯᠪᠠ᠃ | ᠭᠤᠶᠣ ᠠᠭᠤᠯᠠᠨ ᠳᠤ ᠢᠷᠡᠪᠡᠯ ᠴᠢᠩᠬᠢᠰ ᠬᠠᠭᠠᠨ ᠤ ᠲᠣᠬᠠᠢ ᠶᠢᠨ ᠦᠶ᠎ᠡ ᠶᠢᠨ ᠲᠡᠭᠷᠢ ᠶᠢᠨ ᠴᠠᠭ ᠭᠠᠵᠠᠷ | ᠤᠨ ᠬᠡᠰᠢᠭ ᠲᠤ ᠲᠦᠰᠢᠭᠯᠡᠨ᠂ ᠴᠦᠬᠡᠨ ᠢᠶᠠᠷ ᠣᠯᠠᠨ ᠢ ᠢᠯᠠᠭᠰᠠᠨ᠂ ᠪᠠᠭᠤᠷᠠᠢ ᠪᠠᠷ ᠬᠦᠴᠦᠷᠬᠡᠭ ᠢ ᠲᠡᠶᠢᠯᠦᠭᠰᠡᠨ᠂ | ᠠᠯᠳᠠᠷᠳᠣ ᠡᠷᠳᠡᠨ ᠲᠠᠶᠢᠯᠳᠣᠭᠠᠨ ᠤ ᠣᠳᠣᠬᠢ ᠲᠦᠷᠢ ᠶᠢ ᠦᠵᠡᠵᠦ᠂ ᠡᠨᠡᠬᠦ ᠲᠠᠶᠢᠯᠳᠣᠭᠠᠨ ᠠᠴᠠ ᠴᠢᠩᠬᠢᠰ ᠬᠠᠭᠠᠨ | ᠬᠦᠴᠦᠷᠬᠡᠭ ᠡᠳᠡᠭᠡᠳ ᠢ ᠢᠯᠡᠵᠦ ᠮᠣᠩᠭᠤᠯ ᠢ ᠨᠢᠬᠡᠳᠬᠡᠵᠦ᠂ ᠮᠣᠩᠭᠤᠯ ᠳᠤ ᠬᠠᠭᠠᠨ ᠭᠠᠭᠴᠠ ᠪᠠᠶᠢᠬᠤ ᠪᠣᠯᠣᠭᠰᠠᠨ᠃ | ᠡᠨᠡ ᠡᠷᠳᠡᠨ ᠤ ᠲᠠᠶᠢᠨ ᠤ ᠲᠠᠯᠠᠪᠣᠷ ᠨᠢ ᠮᠦᠨ ᠨᠠᠢᠮᠠᠨ ᠵᠠᠭᠤᠨ ᠵᠢᠯ ᠤᠨ ᠡᠮᠦᠨᠡᠬᠢ ᠢᠶᠠᠷ ᠢᠶᠠᠨ ᠲᠡᠭᠷᠢ ᠴᠡᠯᠮᠡᠶᠢᠵᠦ᠂ | ᠬᠦᠳᠡᠭᠡ ᠨᠡᠯᠦᠶᠢᠭᠰᠡᠨ᠂ ᠬᠡᠬᠡᠷ᠎ᠡ ᠶᠢᠨ ᠡᠪᠡᠰᠣ ᠬᠤᠷᠮᠣᠰᠳᠠ ᠳᠤ ᠮᠦᠷᠬᠦᠵᠦ᠂ ᠪᠣᠯᠵᠣᠮᠣᠷ ᠡᠬᠡᠰᠢᠭᠯᠡᠨ᠂ ᠲᠠᠨ ᠤ | ᠪᠣᠳᠣᠯ ᠢ ᠡᠪᠬᠡᠬᠦ ᠨᠢ ᠯᠠᠪᠳᠠᠢ᠃ | | ᠭᠤᠷᠪᠠ ᠴᠡᠷᠢᠭ ᠤᠨ ᠠᠷᠮᠠᠢ ᠶᠢᠨ ᠰᠣᠶᠣᠯ ᠤᠨ ᠦᠢᠯᠡᠰ ᠤᠨ ᠬᠦᠷᠢᠶᠡᠯᠡᠩ | | ᠠᠷᠮᠠᠢ ᠶᠢᠨ ᠰᠣᠶᠣᠯ ᠤᠨ ᠦᠢᠯᠡᠰ ᠤᠨ ᠬᠦᠷᠢᠶᠡᠯᠡᠩ ᠨᠢ ᠬᠠᠯᠠᠭᠠᠶᠢᠳᠣ ᠮᠠᠯᠵᠢᠯ ᠤᠨ ᠲᠠᠯᠠᠪᠠᠢ ᠶᠢᠨ | ᠰᠠᠭᠤᠭ᠎ᠠ ᠭᠠᠵᠠᠷ ᠪᠠᠶᠠᠨ ᠲᠣᠬᠤᠢ ᠲᠣᠰᠬᠤᠨ ᠳᠤ ᠪᠣᠢ᠂ ᠪᠠᠶᠠᠨᠬᠤᠰᠢᠭᠤ ᠪᠠᠯᠭᠠᠰᠣᠨ ᠠᠴᠠ 49Km ᠵᠡᠶᠢᠳᠡᠢ᠂ | ᠣᠯᠠᠭᠠᠢ ᠨᠠᠭᠤᠷ ᠲᠠᠢ ᠵᠠᠯᠭᠠᠯᠳᠣᠵᠦ᠂ 1969 ᠣᠨ ᠳᠤ ᠦᠪᠦᠷ ᠮᠣᠩᠭᠤᠯ ᠤᠨ ᠦᠢᠯᠡᠳᠪᠦᠷᠢᠯᠡᠨ ᠪᠠᠶᠢᠭᠤᠯᠬᠤ | ᠠᠷᠮᠠᠢ ᠶᠢᠨ ᠵᠢᠷᠭᠤᠳᠣᠭᠠᠷ ᠳ᠋ᠢᠸᠢᠽᠢ ᠶᠢᠨ ᠲᠠᠪᠢᠨ ᠨᠢᠬᠡᠳᠣᠭᠡᠷ ᠬᠤᠷᠢᠶ᠎ᠠ ᠶᠢᠨ ᠰᠭᠤᠭᠰᠠᠨ ᠭᠠᠵᠠᠷ᠂ ᠠᠷᠮᠠᠢ ᠶᠢᠨ | ᠲᠡᠦᠬᠡ ᠰᠣᠶᠣᠯ ᠡᠯᠪᠡᠭ᠃ ᠶᠣᠰᠣᠯᠠᠯ ᠤᠨ ᠲᠢᠩᠬᠢᠮ᠂ ᠰᠢᠣᠳᠠᠨ ᠤ ᠲᠣᠪᠴᠢᠶ᠎ᠠ᠂ ᠠᠷᠮᠠᠢ ᠶᠢᠨ ᠪᠠᠭᠤᠳᠠᠯ ᠪᠣᠯ | ᠲᠡᠦᠬᠡ ᠶᠢᠨ ᠪᠡᠯᠬᠡᠳᠡᠯ ᠤᠨ ᠰᠢᠨᠵᠢ ᠲᠠᠢ ᠪᠠᠷᠢᠯᠭ᠎ᠠ᠂ ᠣᠭ ᠤᠨ ᠲᠦᠷᠰᠦ ᠶᠢ ᠨᠢ ᠬᠠᠳᠠᠭᠠᠯᠠᠭᠰᠠᠨ ᠤ ᠰᠠᠭᠤᠷᠢᠨ | ᠲᠡᠭᠡᠷ᠎ᠡ᠂ ᠣᠶᠢᠷ᠎ᠠ ᠶᠢᠨ ᠬᠡᠳᠣᠨ ᠵᠢᠯ ᠵᠠᠰᠠᠪᠣᠷᠢ ᠣᠷᠣᠭᠤᠯᠣᠭᠰᠠᠨ ᠤ ᠲᠠᠷᠠᠭ᠎ᠠ᠂ ᠣᠳᠬ᠎ᠠ ᠣᠷᠠᠯᠢᠭ ᠤᠨ ᠲᠣᠭᠯᠠᠯᠳᠠ | ᠭᠠᠷᠭᠠᠵᠦ᠂ 500 ᠬᠦᠮᠦᠨ ᠬᠤᠷᠠᠯ ᠬᠢᠵᠦ᠂ ᠺᠢᠨᠣ᠋ ᠦᠵᠡᠵᠦ ᠪᠣᠯᠳᠠᠭ᠃ ᠠᠷᠮᠠᠢ ᠶᠢᠨ ᠪᠠᠭᠤᠳᠠᠯ ᠳᠤ ᠵᠠᠰᠠᠪᠣᠷᠢ | ᠣᠷᠣᠭᠤᠯᠣᠨ ᠠᠷᠮᠠᠢ ᠶᠢᠨ ᠪᠠᠭᠤᠳᠠᠯ ᠪᠣᠯᠭᠠᠨ᠂ ᠵᠣᠴᠢᠳ ᠤᠨ ᠪᠠᠭᠤᠳᠠᠯ 9 ᠲᠠᠰᠣᠯᠭ᠎ᠠ ᠭᠠᠷᠭᠠᠵᠦ᠂ ᠲᠣᠳᠣᠭᠠᠳᠣ | ᠡᠳᠡᠯᠡᠯ ᠨᠢ ᠪᠦᠷ ᠠᠷᠮᠠᠢ ᠶᠢᠨ ᠣᠨᠴᠠᠯᠢᠭ ᠢᠶᠠᠷ ᠵᠣᠬᠢᠶᠠᠵᠦ ᠪᠠᠶᠢᠷᠢᠯᠠᠭᠤᠯᠣᠭᠰᠠᠨ ᠪᠠᠶᠢᠨ᠎ᠠ᠃ ᠡᠬᠦᠨ ᠤ ᠬᠠᠮᠳᠣ | ᠬᠦᠳᠡᠯᠬᠡᠬᠡᠨ ᠤ ᠲᠦᠪ᠂ ᠪᠡᠶ᠎ᠡ ᠲᠠᠮᠢᠷ ᠤᠨ ᠣᠷᠳᠣᠨ ᠵᠡᠷᠬᠡ ᠶᠢ ᠪᠠᠶᠢᠭᠤᠯᠵᠦ᠂ ᠠᠷᠮᠠᠢ ᠶᠢᠨ ᠰᠣᠶᠣᠯ ᠤᠨ ᠠᠵᠦ | ᠦᠢᠯᠡᠰ ᠤᠨ ᠬᠦᠷᠢᠶᠡᠯᠡᠩ ᠤᠨ ᠠᠭᠤᠷ ᠠᠮᠢᠰᠬᠤᠯ ᠢ ᠡᠬᠦᠳᠣᠨ᠂ ᠠᠷᠮᠠᠢ ᠶᠢᠨ ᠰᠡᠬᠡᠬᠡᠳᠡᠨ ᠵᠠᠯᠠᠭᠤᠴᠣᠳ ᠤᠨ | ᠨᠣᠳᠤᠭ ᠪᠣᠴᠠᠬᠤ ᠨᠢᠬᠡᠳᠣᠭᠡᠷ ᠦᠵᠡᠮᠵᠢ ᠪᠣᠯᠪᠠ᠃ | | ᠲᠦᠷᠪᠡ ᠬᠡᠰᠡᠭ ᠬᠡᠬᠡᠷ᠎ᠡ ᠶᠢᠨ ᠠᠮᠢᠳᠠᠨ ᠣᠷᠭᠤᠮᠠᠯ ᠤᠨ ᠬᠦᠷᠢᠶᠡᠯᠡᠩ | | ︵ᠨᠢᠬᠡ︶ ᠠᠳᠣᠭᠤᠨ ᠲᠡᠯᠳᠣ ᠬᠠᠳᠠ | | ᠬᠡᠰᠡᠭ ᠠᠭᠤᠯᠠ ᠮᠠᠯᠵᠢᠯ ᠤᠨ ᠲᠠᠯᠠᠪᠠᠢ ᠶᠢᠨ ᠠᠴᠠ ᠵᠡᠬᠦᠨ ᠬᠤᠶᠢᠰᠢ ᠪᠠᠷᠤᠭ 20Km ᠵᠠᠶᠢᠳᠠᠢ ᠺᠢᠨᠤ᠋ ︽ | ᠴᠢᠨ᠋ᠸ᠎ᠠ ᠲᠣᠲ᠋ᠧᠮ︾ ᠤᠨ ᠡᠪᠦᠯ ᠤᠨ ᠣᠯᠠᠷᠢᠯ ᠤᠨ ᠵᠢᠷᠤᠭ ᠠᠪᠣᠭᠰᠠᠨ ᠭᠠᠵᠠᠷ᠂ ᠠᠳᠣᠭᠤᠨ ᠲᠠᠯ ᠬᠠᠳᠠ ᠨᠢ ᠡᠭᠴᠡ | ᠪᠣᠰᠤᠭ᠎ᠠ ᠬᠠᠳᠠ ᠬᠡᠯᠪᠡᠷᠢ ᠲᠠᠢ᠂ ᠪᠣᠰᠤᠭ᠎ᠠ ᠪᠣᠰᠤᠭ᠎ᠠ ᠬᠠᠳᠠ ᠴᠢᠯᠠᠭᠤ ᠨᠢ ᠶᠠᠭ ᠰᠠᠯᠬᠢᠨ ᠳᠤ ᠦᠯᠢᠶᠡᠭᠳᠡᠭᠰᠡᠨ | ᠠᠳᠣᠭᠤᠨ ᠲᠡᠯ ᠮᠡᠳᠣ ᠢᠯᠡ ᠲᠠᠨᠢᠭᠳᠠᠵᠦ᠂ ᠴᠧᠨ ᠵᠧᠨ ᠤ ᠮᠣᠩᠭᠤᠯ ᠬᠡᠷ ᠨᠢ ᠶᠠᠭ ᠡᠨᠡ ᠬᠠᠳᠠ ᠪᠠᠷ ᠲᠦᠰᠢᠯᠬᠡ | ᠡᠩᠭᠡᠷ ᠲᠤᠨᠢ ᠪᠣᠰᠬᠠᠭᠰᠠᠨ ᠪᠠᠶᠢᠨ᠎ᠠ᠃ ᠵᠦᠴᠦᠬᠡ ᠳᠠᠬᠢ ᠡᠪᠦᠯ ᠤᠨ ᠦᠵᠡᠮᠵᠢ ᠠᠪᠣᠭᠰᠠᠨ ᠡᠨᠡ ᠮᠠᠯᠵᠢᠯ ᠤᠨ | ᠲᠠᠯᠠᠪᠠᠢ ᠶᠢᠨ ᠪᠠᠶᠢᠴᠠ ᠨᠢ ᠬᠠᠷᠢᠴᠠᠩᠭᠤᠢ ᠦᠨᠳᠦᠷ᠂ ᠬᠤᠷᠠᠮᠠᠯ ᠴᠠᠰᠣ ᠬᠠᠳᠣᠯᠠᠩ ᠢ ᠲᠠᠷᠣᠬᠤ ᠦᠬᠡᠢ᠂ ᠮᠠᠯ | ᠠᠳᠣᠭᠤᠰᠣ ᠶᠡᠭᠡ ᠴᠠᠰᠣᠨ ᠤ ᠲᠠᠷᠠᠭ᠎ᠠ ᠮᠦᠨ ᠡᠪᠡᠰᠣ ᠣᠯᠵᠦ ᠢᠳᠡᠳᠡᠭ᠃ | | ︵ᠬᠤᠶᠠᠷ︶ ᠴᠠᠨ᠎ᠠ ᠬᠦᠨᠳᠡᠢ | | ᠴᠠᠨ᠎ᠠ ᠬᠦᠨᠳᠡᠢ ᠨᠢ ᠬᠡᠰᠡᠭ ᠠᠭᠤᠯᠠ ᠮᠠᠯᠵᠢᠯ ᠤᠨ ᠲᠠᠯᠠᠪᠠᠢ ᠠᠴᠠ ᠵᠡᠬᠦᠨ ᠬᠤᠶᠢᠰᠢ 26Km ᠵᠠᠶᠢᠳᠠᠢ᠂ | ᠬᠦᠷᠦᠰᠣ ᠰᠠᠶᠢᠳᠠᠢ᠂ ᠠᠭᠤᠷ ᠠᠮᠢᠰᠬᠤᠯ ᠲᠣᠬᠢᠷᠠᠮᠵᠢᠳᠠᠢ᠂ ᠠᠭᠤᠯᠠᠨ ᠪᠡᠯ ᠢᠶᠠᠷ ᠬᠡᠰᠡᠭ ᠬᠡᠰᠡᠭ ᠴᠠᠨ᠎ᠠ ᠣᠷᠭᠤᠳᠠᠭ᠂ | ᠬᠤᠨᠳᠠᠨ ᠴᠠᠨ᠎ᠠ ᠪᠣᠯᠣᠨ ᠴᠠᠭᠠᠨ ᠴᠠᠨ᠎ᠠ ᠪᠠᠷ ᠭᠤᠣᠯᠯᠠᠳᠠᠭ᠃ ᠵᠢᠯ ᠪᠦᠷᠢ ᠶᠢᠨ 6 ᠰᠠᠷ᠎ᠠ ᠶᠢᠨ ᠰᠡᠬᠦᠯᠴᠢ 7 ᠰᠠᠷ᠎ᠠ | ᠶᠢᠨ ᠡᠬᠢᠨ ᠢᠶᠠᠷ ᠠᠭᠤᠯᠠ ᠲᠦᠬᠦᠷᠡᠩ ᠴᠠᠨ᠎ᠠ ᠴᠡᠴᠡᠭ ᠦᠩᠬᠡ ᠪᠣᠯᠢᠶᠠᠯᠳᠣᠨ ᠲᠡᠯᠬᠡᠷᠡᠵᠦ᠂ ᠡᠨᠡᠬᠦ ᠴᠡᠴᠡᠭ ᠤᠨ | ᠲᠠᠩᠬᠢᠰ ᠨᠢ ᠵᠢᠯ ᠪᠦᠷᠢ ᠮᠠᠰᠢ ᠣᠯᠠᠨ ᠵᠢᠭᠤᠯᠴᠢᠯᠠᠭᠴᠢᠳ ᠤᠨ ᠰᠣᠨᠢᠷᠬᠠᠯ ᠢ ᠲᠠᠳᠠᠵᠦ ᠡᠬᠦᠪᠡᠷ ᠵᠣᠭᠠᠴᠠᠭᠤᠯᠳᠠᠭ᠃ | | ︵ᠭᠤᠷᠪᠠ︶ ᠬᠡᠰᠡᠭ ᠨᠠᠭᠤᠷ | | ᠬᠡᠰᠡᠭ ᠨᠠᠭᠤᠷ ᠨᠢ ᠦᠪᠡᠷᠳᠡᠭᠡᠨ ᠵᠠᠰᠠᠬᠤ ᠣᠷᠣᠨ ᠤ ᠪᠠᠶᠢᠭᠠᠯᠢ ᠶᠢᠨ ᠨᠠᠮᠤᠭ ᠭᠠᠵᠠᠷ ᠤᠨ ᠬᠠᠮᠠᠭᠠᠯᠠᠯᠳᠠ | ᠳᠤ ᠣᠷᠣᠵᠦ᠂ ᠬᠡᠰᠡᠭ ᠠᠭᠤᠯᠠ ᠮᠠᠯᠵᠢᠯ ᠤᠨ ᠲᠠᠯᠠᠪᠠᠢ ᠠᠴᠠ ᠬᠤᠶᠢᠰᠢ 34Km ᠵᠠᠶᠢᠳᠠᠢ᠂ ᠲᠠᠯᠠᠪᠠᠢ ᠨᠢ | 23000 ᠮᠦ᠂ ᠡᠬᠦᠨ ᠲᠣᠳᠣᠷ᠎ᠠ ᠣᠰᠣᠨ ᠣᠷᠣᠨ ᠤ ᠲᠠᠯᠠᠪᠠᠢ 6000 ᠮᠦ᠂ ᠪᠣᠯᠠᠭ ᠤᠨ ᠨᠢᠳᠣ ᠣᠯᠠᠨ ᠪᠠᠶᠢᠵᠦ | ᠂ ᠦᠷᠬᠡᠨ ᠠᠭᠤᠳᠠᠮ ᠨᠠᠮᠤᠭ ᠴᠢᠨᠠᠷᠳᠣ ᠨᠣᠶᠢᠳᠠᠨ ᠭᠠᠵᠠᠷ ᠪᠣᠯᠬᠤᠷ᠂ ᠨᠡᠶᠢᠳᠡᠯᠢᠭ ᠨᠠ᠊\ᠮᠤᠭ ᠲᠠᠯ᠎ᠠ ᠢ ᠪᠦᠳᠦᠬᠡᠪᠡ᠃ | ᠬᠡᠰᠡᠭ ᠨᠠᠭᠤᠷ ᠨᠢ ᠮᠦᠨᠴᠦ ᠰᠢᠯᠢ ᠶᠢᠨ ᠭᠤᠣᠯ ᠤᠨ ᠨᠠᠮᠤᠭ ᠭᠠᠵᠠᠷ ᠤᠨ ᠡᠬᠢ ᠪᠠᠶᠠᠯᠢᠭ ᠬᠠᠮᠤᠭ ᠠᠴᠠ ᠡᠯᠪᠡᠭ | ᠭᠠᠵᠠᠷ ᠪᠠᠶᠢᠵᠦ᠂ ᠦᠶᠡᠷ ᠢ ᠰᠡᠷᠬᠡᠶᠢᠯᠡᠬᠦ᠂ ᠲᠣᠣᠷᠠᠳᠣ ᠣᠷᠣᠰᠬᠠᠯ ᠤᠨ ᠠᠳᠣᠭᠤ ᠮᠠᠯ ᠢ ᠣᠮᠳᠠᠯᠠᠬᠤ᠂ ᠲᠠᠯ᠎ᠠ | ᠨᠣᠳᠤᠭ ᠢ ᠠᠮᠢᠯᠠᠬᠤ ᠡᠬᠦᠷᠬᠡ ᠶᠢ ᠬᠠᠪᠰᠣᠷᠭᠠᠵᠦ ᠪᠣᠢ᠃ 1983 ᠣᠨ ᠳᠤ ᠰᠣᠪᠠᠭ ᠮᠠᠯᠳᠠᠨ ᠣᠰᠣ ᠲᠠᠳᠠᠵᠦ᠂ | ᠬᠠᠰᠢᠯᠭ᠎ᠠ ᠪᠠᠶᠢᠭᠤᠯᠣᠨ ᠣᠰᠣᠨ ᠬᠠᠭᠠᠯᠭ᠎ᠠ ᠲᠣᠬᠢᠷᠠᠭᠤᠯᠵᠦ᠂ 700 ᠺᠦᠪ ᠮᠧᠲᠷ ᠤᠨ ᠪᠠᠭᠳᠠᠭᠠᠮᠵᠢ ᠲᠠᠢ᠂ | ᠣᠰᠣᠨ ᠣᠷᠣᠨ ᠤ ᠲᠠᠯᠠᠪᠠᠢ ᠨᠢ 6000 ᠮᠦ ᠬᠦᠷᠦᠭᠰᠡᠨ ᠵᠢᠵᠢᠭ ᠣᠰᠣᠨ ᠴᠦᠬᠦᠷᠦᠮ ᠪᠣᠯᠣᠭᠰᠠᠨ ᠪᠠᠶᠢᠨ᠎ᠠ᠃ | ᠣᠳᠣᠬᠠᠨ ᠳᠠᠭᠠᠨ ᠬᠠᠮᠢᠶᠠᠷᠣᠯᠳᠠ ᠶᠢᠨ ᠣᠷᠣᠨ ᠤ ᠠᠮᠢ ᠠᠬᠤᠢ ᠶᠢᠨ ᠬᠠᠯᠬᠠᠪᠴᠢ᠂ ᠴᠢᠬᠤᠯᠠ ᠣᠰᠣᠨ ᠰᠣᠷᠪᠣᠯᠵᠢ | ᠲᠡᠵᠢᠬᠡᠯ ᠮᠦᠷᠳᠡᠬᠡᠨ᠂ ᠨᠡᠩ ᠴᠦ ᠣᠷᠴᠢᠨ ᠲᠣᠭᠤᠷᠢᠨ ᠣᠯᠠᠷᠢᠨ ᠬᠤᠪᠢᠰᠬᠤ ᠰᠡᠷᠡᠭ ᠣᠷᠣᠨ ᠮᠦᠨ᠃ | ᠠᠷᠪᠠ ᠶᠢᠰᠦᠳᠦᠬᠡᠷ ᠵᠠᠭᠤᠨ ᠤ ᠡᠬᠢᠨ᠂ ᠲᠣᠷᠵᠢ ᠸᠠᠩ ᠠᠴᠠ ᠡᠨᠡᠬᠦ ᠣᠵᠣᠭᠤᠷ ᠲᠠᠯ᠎ᠠ ᠨᠣᠳᠤᠭ ᠢ ᠡᠵᠡᠮᠳᠡᠵᠦ | ᠂ ᠡᠬᠦᠪᠡᠷ ᠵᠣᠰᠠᠵᠦ ᠰᠠᠶᠢᠬᠠᠨ ᠵᠣᠨ ᠢ ᠦᠩᠬᠡᠷᠡᠬᠦᠯᠳᠡᠭ᠃ ︽ᠦᠵᠦᠮᠦᠴᠢᠨ ᠲᠡᠦᠬᠡ︾ ᠶᠢᠨ ᠲᠡᠮᠳᠡᠭᠯᠡᠭᠰᠡᠨ ᠢᠶᠠᠷ᠂ | ᠴᠢᠩ ᠣᠯᠣᠰ ᠤᠨ ᠲᠣᠮᠳᠠ ᠰᠡᠬᠦᠯᠴᠢ ᠶᠢᠨ ᠦᠶ᠎ᠡ ᠪᠠᠷ ᠬᠡᠰᠡᠭ ᠠᠭᠤᠯᠠ ᠮᠠᠯᠵᠢᠯ ᠤᠨ ᠲᠠᠯᠠᠪᠠᠢ ᠶᠢᠨ ᠬᠢᠯᠢ ᠪᠠᠷ | ᠮᠠᠰᠢ ᠣᠯᠠᠨ ᠬᠡᠬᠡᠷ᠎ᠡ ᠶᠢᠨ ᠠᠷᠢᠶᠠᠳᠠᠨ ᠣᠷᠣᠩᠨᠠᠵᠦ ᠪᠠᠶᠢᠭᠰᠠᠨ ᠢᠶᠠᠷ ᠬᠠᠭᠠᠨ ᠣᠭᠰᠠᠭᠠᠳᠠᠳ ᠠᠪᠠ ᠶᠢᠨ ᠲᠠᠯᠠᠪᠠᠢ | ᠪᠣᠯᠭᠠᠵᠦ᠂ ᠴᠡᠷᠢᠭ ᠲᠣᠮᠢᠯᠠᠨ ᠬᠠᠮᠢᠶᠠᠷᠴᠣ ᠪᠠᠶᠢᠪᠠ᠃ | ᠲᠠᠪᠤ ᠴᠠᠭᠠᠨ ᠬᠤᠰᠣ ᠶᠢᠨ ᠣᠢ | | ᠬᠡᠰᠡᠭ ᠠᠭᠤᠯᠠ ᠮᠠᠯᠵᠢᠯ ᠤᠨ ᠲᠠᠯᠠᠪᠠᠢ ᠠᠴᠠ ᠵᠡᠬᠦᠨ ᠬᠤᠶᠢᠰᠢ 50Km ᠵᠠᠶᠢᠳᠠᠢ᠂ ᠲᠠᠯᠠᠪᠠᠢ ᠨᠢ ᠪᠠᠷᠤᠭ | 5.5 ᠲᠦᠮᠡᠨ ᠮᠦ᠂ ᠨᠡᠶᠢᠳᠡᠯᠢᠭ ᠪᠠᠯᠠᠷ ᠡᠷᠳᠡᠨ ᠤ ᠬᠤᠶᠠᠳᠠᠭᠴᠢ ᠣᠢ᠂ ᠰᠢᠭᠤᠢ ᠲᠣᠳᠣᠷᠠᠬᠢ ᠣᠷᠭᠤᠮᠠᠯ ᠬᠤᠴᠢᠯᠭ᠎ᠠ | ᠢᠭ᠌ᠴᠢ ᠰᠠᠬᠤᠯᠢᠭ᠃ ᠣᠢ ᠮᠣᠳᠣᠨ ᠤ ᠭᠤᠣᠯ ᠴᠣᠭᠴᠠ ᠨᠢ ᠴᠠᠭᠠᠨ ᠬᠤᠰᠣ᠂ ᠴᠠᠭᠠᠨ ᠬᠤᠰᠣ ᠨᠢ ︽ᠴᠡᠪᠡᠷ | ᠠᠷᠢᠭᠤᠨ ᠢᠨᠠᠭ ᠤᠨ ᠵᠠᠬᠢᠳᠠᠯ︾ ᠬᠡᠬᠦ ᠢᠷᠠᠭᠤ ᠠᠯᠳᠠᠷ ᠲᠠᠢ᠃ ᠰᠠᠯᠠᠭ᠎ᠠ ᠨᠠᠪᠴᠢ ᠨᠢ ᠰᠡᠶᠢᠷᠡᠭ᠂ ᠭᠠᠳᠠᠷ ᠲᠦᠷᠢ | ᠨᠢ ᠭᠤᠸᠠᠯᠢᠭ᠂ ᠬᠤᠰᠣ ᠶᠢᠨ ᠰᠠᠯᠠᠭᠠᠨ ᠤ ᠲᠣᠷᠤᠭ ᠮᠣᠳᠣ᠂ ᠦᠨᠳᠦᠷ ᠳᠡᠭᠡᠨ 27 ᠮᠧᠲᠷ᠂ ᠮᠣᠳᠣᠨ ᠤ ᠰᠢᠬᠦᠰᠦ | ᠨᠢ ᠬᠦᠮᠦᠨ ᠤ ᠪᠡᠶ᠎ᠡ ᠳᠤ ᠰᠢᠮ᠎ᠡ ᠲᠠᠢ ᠪᠠᠶᠢᠵᠦ᠂ ᠶᠠᠳᠠᠷᠠᠭ᠎ᠠ ᠶᠢ ᠲᠠᠶᠢᠯᠵᠦ᠂ ᠬᠠᠨᠢᠶᠠᠳᠣ ᠶᠢ ᠵᠣᠭᠰᠣᠭᠠᠬᠤ ᠡᠮ ᠤᠨ | ᠦᠢᠯᠡᠳᠦᠯ ᠲᠠᠢ᠃ ᠠᠮᠢᠳᠠᠨ ᠨᠢ ᠭᠤᠣᠯᠳᠠᠭᠤ ᠴᠢᠨ᠋ᠸ᠎ᠠ᠂ ᠪᠣᠷᠣ ᠬᠦᠷᠦᠬᠡᠰᠣ᠂ ᠬᠡᠬᠡᠷ᠎ᠡ ᠶᠢᠨ ᠲᠠᠣᠯᠢ᠂ ᠲᠠᠷᠪᠠᠭ᠎ᠠ᠂ | ᠡᠯᠡᠰᠣᠨ ᠦᠨᠡᠭᠡ᠂ ᠣᠯᠠᠭᠠᠨ ᠦᠨᠡᠭᠡ᠂ ᠵᠡᠬᠡᠷ᠎ᠡ᠂ ᠪᠣᠯᠠᠭ᠎ᠠ᠂ ᠪᠣᠭᠤ ᠵᠡᠷᠬᠡ ᠬᠤᠪᠣᠷ ᠠᠷᠢᠶᠠᠳᠠᠨ ᠪᠠᠶᠢᠵᠦ᠂ | ᠬᠠᠷᠴᠠᠭᠠᠢ᠂ ᠲᠠᠯ᠎ᠠ ᠶᠢᠨ ᠪᠦᠷᠬᠦᠳ᠂ ᠨᠣᠭᠳᠣᠷᠣ᠂ ᠬᠡᠬᠡᠷ᠎ᠡ ᠶᠢᠨ ᠲᠠᠬᠢᠶ᠎ᠠ᠂ ᠪᠦᠳᠦᠨ᠎ᠡ᠂ ᠣᠭᠤᠯᠢ᠂ ᠬᠠᠶᠢᠷᠠᠭᠤᠴᠠᠢ | ᠂ ᠬᠦᠬᠦᠬᠡ᠂ ᠠᠯᠠᠭ ᠪᠢᠯᠵᠣᠣᠬᠠᠢ᠂ ᠵᠡᠷᠬᠡ ᠬᠤᠪᠣᠷ ᠵᠢᠬᠦᠷᠳᠡᠨ ᠪᠣᠢ᠃ 2003 ᠣᠨ ᠳᠤ ᠬᠠᠮᠢᠶᠠᠷᠣᠯᠳᠠ ᠶᠢᠨ | ᠣᠷᠣᠨ ᠤ ᠠᠮᠢ ᠠᠬᠤᠢ ᠶᠢᠨ ᠰᠠᠯᠠᠭ᠎ᠠ ᠮᠦᠴᠢᠷ ᠠᠴᠠ ᠴᠠᠭᠠᠨ ᠬᠤᠰᠣ ᠶᠢᠨ ᠣᠢ ᠶᠢ ᠪᠢᠳᠡᠬᠦᠮᠵᠢᠯᠡᠨ ᠣᠶᠢᠵᠢᠭᠤᠯᠵᠦ | ᠂ ᠪᠠᠯᠠᠷ ᠡᠷᠳᠡᠨ ᠤ ᠪᠠᠶᠢᠳᠠᠯ ᠢ ᠨᠢ ᠬᠠᠳᠠᠭᠠᠯᠠᠪᠠ᠃ | | ᠵᠢᠷᠭᠤᠭ᠎ᠠ ᠷᠠᠰᠢᠶᠠᠨ ᠪᠣᠯᠠᠭ | | ᠬᠡᠰᠡᠭ ᠠᠭᠤᠯᠠ ᠮᠠᠯᠵᠢᠯ ᠤᠨ ᠲᠠᠯᠠᠪᠠᠢ ᠠᠴᠠ ᠬᠤᠶᠢᠰᠢ 15Km ᠵᠠᠶᠢᠳᠠᠢ᠂ ᠪᠣᠯᠠᠭ ᠤᠨ ᠣᠰᠣ ᠨᠢ ᠵᠢᠯ | ᠲᠣᠷᠰᠢ ᠣᠨᠳᠣᠷᠣᠨ᠂ ᠣᠰᠣᠨ ᠤ ᠲᠣᠯᠠᠭᠠᠨ ᠨᠢ 4 ᠭᠷᠠᠳᠦ᠋ᠰ᠂ ᠣᠰᠣᠨ ᠴᠢᠨᠠᠷ ᠨᠢ ᠰᠠᠶᠢᠨ᠂ ᠴᠣᠯᠣ ᠪᠠᠶᠢᠭᠠᠯᠢ | ᠶᠢᠨ ᠪᠣᠬᠢᠷᠳᠣᠯ ᠦᠬᠡᠢ᠂ ᠴᠠᠷᠣᠭᠤᠴᠠ ᠮᠠᠶ᠋ᠢᠭ ᠲᠠᠢ᠂ ᠲᠣᠣᠷ᠎ᠠ ᠡᠷᠦᠳᠡᠰᠣ ᠵᠡᠷᠬᠡ ᠣᠨᠴᠠᠯᠢᠭ ᠲᠠᠢ᠂ ᠡᠷᠦᠳᠣᠰᠣ ᠶᠢᠨ | ᠠᠭᠤᠯᠠᠭᠳᠠᠴᠠ ᠦᠨᠳᠦᠷ᠂ ᠺᠠᠯᠼ᠂ ᠺᠠᠯᠢ᠂ ᠮᠠᠭᠨᠢ᠂ ᠴᠠᠶᠢᠷ᠂ ᠰᠧᠯᠸᠠ ᠵᠡᠷᠬᠡ ᠪᠣᠢ᠂ ᠡᠳᠣᠷ ᠤᠨ ᠣᠷᠣᠰᠬᠠᠯ ᠤᠨ | ᠬᠡᠮᠵᠢᠶ᠎ᠡ ᠨᠢ 5000 ᠲᠣᠨ᠂ ᠣᠯᠠᠭᠠᠢ ᠬᠠᠮᠢᠶᠠᠷᠣᠯᠳᠠ ᠶᠢᠨ ᠣᠷᠣᠨ ᠠᠴᠠ ᠠᠳᠡ ᠶᠤᠸᠠᠨ ᡁᠢ ᠶᠤᠸᠠᠨ | ᠡᠷᠣᠳᠡᠰᠣᠳᠣ ᠪᠣᠯᠠᠭ ᠤᠨ ᠣᠰᠣᠨ ᠤ ᠦᠢᠯᠡᠳᠪᠦᠷᠢ ᠪᠠᠶᠢᠭᠤᠯᠵᠦ᠂ ᠵᠢᠯ ᠳᠤ 5000 ᠲᠣᠨ ᠡᠷᠣᠳᠡᠰᠣᠳᠣ ᠪᠣᠯᠠᠭ | ᠤᠨ ᠣᠰᠣ ᠦᠢᠯᠡᠳᠪᠦᠷᠢᠯᠡᠵᠦ ᠪᠣᠢ᠃ | | ᠲᠣᠯᠤᠭ᠎ᠠ ᠪᠦᠷᠢᠳᠣ ᠨᠠᠭᠤᠷ | | ᠬᠡᠰᠡᠭ ᠠᠭᠤᠯᠠ ᠮᠠᠯᠵᠢᠯ ᠤᠨ ᠲᠠᠯᠠᠪᠠᠢ ᠠᠴᠠ ᠵᠡᠬᠦᠨ ᠡᠮᠦᠨᠡᠰᠢ 3K m ᠵᠠᠶᠢᠳᠠᠢ᠂ ᠣᠰᠣᠨ ᠲᠠᠯᠠᠪᠠᠢ ᠨᠢ | ᠪᠠᠷᠤᠭ 2000 ᠭᠠᠷᠣᠢ ᠮᠦ᠂ ᠠᠭᠤᠯᠠ ᠶᠢ ᠲᠦᠰᠢᠵᠦ ᠣᠰᠣᠨ ᠬᠦᠨ᠂ ᠵᠡᠬᠡᠰᠦ ᠬᠤᠯᠣᠰᠣ ᠢᠭ᠌ᠴᠢ᠂ ᠬᠤᠨ᠂ | ᠭᠠᠯᠠᠭᠤ ᠵᠡᠷᠬᠡ ᠬᠤᠪᠣᠷ ᠨᠡᠬᠦᠳᠡᠯ ᠤᠨ ᠰᠢᠪᠠᠭᠤᠳ ᠤᠨ ᠵᠠᠪᠠᠯ ᠦᠩᠬᠡᠷᠡᠬᠦ ᠭᠠᠵᠠᠷ᠃ ᠵᠢᠯ ᠪᠦᠷᠢ ᠶᠢᠨ 5 ᠰᠠᠷ᠎ᠠ | ᠪᠣᠯᠣᠨ 10 ᠰᠠᠷ᠎ᠠ ᠰᠢᠪᠠᠭᠤ ᠨᠡᠬᠦᠳᠡᠯᠡᠬᠦ ᠪᠠᠷ ᠨᠠᠭᠤᠷ ᠲᠡᠭᠡᠷ᠎ᠡ ᠬᠡᠳᠣᠨ ᠮᠢᠩᠭᠠᠨ ᠬᠤᠨ᠂ ᠭᠠᠯᠠᠭᠤ ᠨᠢᠰᠴᠣ ᠪᠠᠭᠤᠨ | ᠲᠠᠯ᠎ᠠ ᠨᠣᠳᠤᠭ ᠢ ᠪᠠᠶᠠᠰᠬᠠᠳᠠᠭ᠂ ᠶᠠᠭ ᠡᠶᠢᠮᠦ ᠠᠴᠠ ᠪᠠᠰᠠ ︽ᠬᠤᠨ ᠤ ᠨᠠᠭᠤᠷ︾ ᠬᠡᠮᠡᠳᠡᠭ᠃ ᠺᠢᠨᠣ᠋ ︽ᠴᠢᠨ᠋ᠸ᠎ᠠ | ᠲᠣᠲ᠋ᠧᠮ︾ ᠤᠨ ︵ᠪᠡᠯᠳᠡᠷᠬᠡ ᠶᠢᠨ ᠲᠠᠶᠢᠨ︶ ᠤ ᠵᠢᠷᠤᠭ ᠠᠪᠣᠭᠰᠠᠨ ᠭᠠᠵᠠᠷ᠃ | | ᠨᠠᠢᠮᠠ ᠠᠯᠳᠠᠨ ᠣᠷᠳᠣ ᠴᠠᠭᠠᠨ ᠬᠡᠷᠡᠮ | | ᠠᠯᠳᠠᠨ ᠣᠷᠳᠣ ᠴᠠᠭᠠᠨ ᠬᠡᠷᠡᠮ ᠪᠠᠶᠠᠨᠬᠤᠰᠢᠭᠤ ᠪᠠᠯᠭᠠᠰᠣᠨ ᠤ ᠬᠤᠶᠢᠨ᠎ᠠ 135Km ᠵᠠᠶᠢᠳᠠᠢ ᠪᠠᠶᠢᠵᠦ᠂ | ᠴᠢᠩᠬᠢᠰ ᠬᠠᠭᠠᠨ ᠮᠣᠩᠭᠤᠯ ᠢ ᠨᠢᠭᠡᠳᠬᠡᠭᠰᠡᠨ ᠤ ᠲᠠᠷᠠᠭ᠎ᠠ᠂ ᠠᠯᠳᠠᠨ ᠣᠯᠣᠰ ᠤᠨ ᠨᠣᠶᠠᠷᠬᠠᠯ ᠠᠴᠠ ᠮᠣᠯᠳᠣᠷᠠᠬᠤ ᠶᠢᠨ | ᠲᠦᠯᠦᠬᠡ᠂ ᠲᠣᠬᠠᠢ ᠶᠢᠨ ᠦᠶ᠎ᠡ ᠶᠢᠨ ᠲᠣᠮᠳᠠᠳᠣ ᠣᠷᠣᠨ ᠢ ᠡᠵᠡᠷᠬᠡᠵᠦ ᠪᠠᠶᠢᠭᠰᠠᠨ ᠠᠯᠳᠠᠨ ᠣᠯᠣᠰ ᠤᠨ ᠰᠢᠨ᠎ᠡ | ᠬᠠᠭᠠᠨ ᠤ ᠵᠠᠰᠠᠭ ᠲᠣᠭᠳᠠᠨᠢᠬᠤ ᠠᠴᠠ ᠡᠮᠦᠨ᠎ᠡ᠂ ᠴᠢᠩᠬᠢᠰ ᠬᠠᠭᠠᠨ ᠴᠡᠷᠢᠭ ᠮᠣᠷᠳᠠᠨ ᠠᠯᠳᠠᠨ ᠣᠯᠣᠰ ᠢ ᠴᠣᠬᠢᠪᠠ᠃ | ᠢᠯᠵᠠᠷᠠᠭᠰᠠᠨ ᠶᠢᠨ ᠾᠦᠢ ᠽᠥᠩ ᠴᠢᠩᠬᠢᠰ ᠬᠠᠭᠠᠨ ᠤ ᠴᠡᠷᠢᠭ ᠠᠴᠠ ᠠᠶᠣᠵᠦ ᠶᠡᠭᠡ ᠬᠢᠩᠭᠠᠨ ᠲᠠᠪᠠᠭᠠᠨ ᠤ ᠵᠡᠬᠦᠨ | ᠪᠠ ᠡᠮᠦᠨ᠎ᠡ ᠵᠦᠭ ᠣᠬᠤᠷᠢᠵᠦ᠂ ᠠᠯᠳᠠᠨ ᠣᠯᠣᠰ ᠨᠡᠶᠢᠳᠡ ᠶᠢᠨ ᠣᠨ ᠲᠣᠭᠠᠯᠠᠯ ᠤᠨ 1123-1198 ᠣᠨ | ᠪᠣᠯᠳᠠᠯ᠎ᠠ᠂ 70 ᠭᠠᠷᠣᠢ ᠵᠢᠯ ᠬᠡᠷᠡᠭᠯᠡᠵᠦ᠂ ᠪᠦᠬᠦ ᠣᠷᠳᠣ ᠨᠢ 5700Km᠂ ᠬᠦᠯᠦᠨ ᠪᠣᠶᠢᠷ ᠬᠤᠳᠠ ᠠᠴᠠ | ᠡᠬᠢᠯᠡᠨ ᠣᠯᠠᠭᠠᠢ ᠪᠠᠷ ᠲᠠᠭᠠᠷᠢᠨ ᠮᠣᠩᠭᠤᠯ ᠣᠯᠣᠰ ᠬᠦᠷᠦᠭᠰᠡᠨ ᠣᠷᠳᠣ ᠴᠠᠭᠠᠨ ᠬᠡᠷᠡᠮ ᠶᠢᠨ ᠪᠠᠶᠢᠭᠤᠯᠪᠠ᠃ | ᠠᠯᠳᠠᠨ ᠣᠯᠣᠰ ᠤᠨ ᠣᠷᠳᠣ ᠴᠠᠭᠠᠨ ᠬᠡᠷᠡᠮ ᠨᠢ ᠣᠨᠠᠭᠤᠯᠢ ᠪᠠᠬᠢᠯᠡᠯᠳᠡ᠂ ᠬᠠᠵᠠᠭᠤ ᠴᠠᠶᠢᠵᠵᠠ᠂ ᠴᠡᠷᠢᠭ | ᠮᠠᠨᠠᠭᠤᠯ ᠭᠤᠷᠪᠠᠨ ᠬᠡᠰᠡᠭ ᠢᠶᠠᠷ ᠪᠦᠷᠢᠯᠳᠦᠵᠦ᠂ ᠠᠯᠳᠠᠨ ᠣᠯᠣᠰ ᠤᠨ ᠣᠮᠠᠷᠠᠳᠣ ᠬᠢᠯᠢ ᠶᠢᠨ ᠨᠢᠬᠡ ᠪᠦᠬᠦᠯᠢ | ᠰᠡᠷᠬᠡᠶᠢᠯᠡᠯᠳᠡ ᠶᠢᠨ ᠰᠢᠰᠲ᠋ᠧᠮ᠂᠂ ᠲᠣᠮᠳᠠᠳᠣ ᠶᠢᠨ ᠦᠨᠳᠦᠰᠦᠳᠡᠨ ᠤ ᠪᠦᠳᠦᠬᠡᠭᠰᠡᠨ ᠭᠠᠶᠢᠬᠠᠮᠰᠢᠭᠳᠣ ᠦᠵᠡᠭᠳᠡᠯ᠂ | ᠲᠡᠷᠡ ᠨᠢ ᠮᠣᠩᠭᠤᠯ ᠤᠨ ᠮᠣᠷᠢᠳᠣ ᠴᠡᠷᠢᠭ ᠢ ᠬᠠᠯᠬᠠᠯᠵᠦ ᠴᠢᠳᠠᠭᠰᠠᠨ ᠦᠬᠡᠢ᠂ ᠴᠢᠩᠬᠢᠰ ᠬᠠᠭᠠᠨ ᠤ ᠮᠣᠷᠢᠳᠣ | ᠴᠡᠷᠢᠭ ᠬᠡᠳᠣ ᠣᠳᠠᠭ᠎ᠠ ᠠᠯᠳᠠᠨ ᠣᠯᠣᠰ ᠢ ᠲᠣᠪᠳᠣᠯᠵᠦ᠂ ᠡᠴᠦᠰ ᠲᠤ ᠪᠦᠷᠢᠮᠰᠣᠨ ᠣᠰᠠᠳᠬᠠᠪᠠ᠃ ᠠᠯᠳᠠᠨ | ᠣᠯᠣᠰ ᠤᠨ ᠣᠰᠠᠳᠬᠤ ᠶᠢ ᠲᠠᠭᠠᠯᠳᠣᠨ ᠠᠯᠳᠠᠨ ᠣᠯᠣᠰ ᠤᠨ ᠬᠢᠯᠢ ᠶᠢᠨ ᠣᠨᠠᠭᠤᠯᠢ ᠨᠢ ᠴᠦ ᠠᠯᠠᠭ᠎ᠠ ᠪᠣᠯᠵᠦ᠂ | ᠬᠡᠰᠡᠭ ᠪᠣᠰᠠᠭ ᠲᠠᠰᠣᠯᠳᠠᠭᠰᠠᠨ ᠦᠯᠡᠳᠡᠭᠳᠡᠯ ᠪᠣᠯᠣᠨ ᠬᠤᠴᠣᠷᠠᠭᠰᠠᠨ ᠪᠠᠶᠢᠨ᠎ᠠ᠂ ᠡᠷᠳᠡ ᠳᠡᠭᠡᠨ ᠪᠠᠰᠠ ︽ᠴᠢᠩᠬᠢᠰ | ᠬᠠᠭᠠᠨ ᠤ ᠬᠢᠯᠢ ᠶᠢᠨ ᠬᠡᠷᠡᠮ︾ ᠬᠡᠮᠡᠵᠦᠬᠦᠢ᠃ | | ᠶᠢᠰᠦ ᠭᠤᠷᠪᠠᠨ ᠰᠠᠶᠢᠬᠠᠨ ᠣᠪᠣᠭ᠎ᠠ | | ᠭᠤᠷᠪᠠᠨ ᠰᠠᠶᠢᠬᠠᠨ ᠣᠪᠣᠭ᠎ᠠ ᠨᠢ ᠬᠡᠰᠡᠭ ᠠᠭᠤᠯᠠ ᠮᠠᠯᠵᠢᠯ ᠤᠨ ᠲᠠᠯᠠᠪᠠᠢ ᠠᠴᠠ ᠬᠤᠶᠢᠰᠢ 35Km | ᠵᠠᠶᠢᠳᠠᠢ᠃ ᠭᠤᠷᠪᠠᠨ ᠵᠠᠯᠭᠠᠯᠳᠣᠭᠰᠠᠨ ᠠᠭᠤᠯᠠ ᠪᠠᠷ ᠪᠦᠷᠢᠯᠳᠦᠵᠦ᠂ ᠣᠶᠢᠷ᠎ᠠ ᠣᠷᠴᠢᠮ ᠶᠢᠨ ᠬᠠᠮᠤᠭ ᠤᠨ ᠦᠨᠳᠦᠷ | ᠭᠤᠷᠪᠠᠨ ᠠᠭᠤᠯᠠ ᠪᠣᠯᠣᠨ᠎ᠠ᠃ ᠲᠣᠰ ᠣᠪᠣᠭ᠎ᠠ ᠪᠠᠷᠠᠭᠤᠨ ᠲᠠᠯ᠎ᠠ ᠶᠢᠨ ᠠᠭᠤᠯᠠᠨ ᠤ ᠣᠷᠣᠢ ᠳᠤᠷ ᠪᠣᠰᠬᠠᠵᠦ᠂ | ᠲᠣᠮᠳᠠ ᠨᠢ ᠨᠢᠬᠡ ᠶᠡᠭᠡ ᠣᠪᠣᠭ᠎ᠠ ᠲᠠᠢ᠂ ᠲᠣᠭᠤᠷᠢᠨ ᠳᠤᠨᠢ ᠵᠢᠷᠭᠤᠭᠠᠨ ᠵᠢᠵᠢᠭ ᠣᠪᠣᠭ᠎ᠠ ᠲᠠᠢ᠂ ᠣᠪᠣᠭᠠᠨ ᠲᠡᠭᠡᠷ᠎ᠡ | ᠰᠠᠮᠪᠠᠢ ᠬᠠᠳᠠᠭ ᠡᠯᠬᠦᠵᠦ ᠵᠢᠯ ᠪᠦᠷᠢ ᠶᠢᠨ ᠪᠢᠯᠢᠭ ᠤᠨ ᠣᠯᠠᠷᠢᠯ ᠤᠨ 5 ᠰᠠᠷ᠎ᠠ ᠶᠢᠨ 25 ᠤ ᠡᠳᠣᠷ ᠣᠪᠣᠭᠠᠨ | ᠲᠠᠬᠢᠯᠭ᠎ᠠ ᠬᠢᠵᠦ᠂ ᠭᠤᠣᠯᠳᠠᠭᠤ ᠮᠣᠩᠭᠤᠯ ᠣᠯᠣᠰ ᠤᠨ ᠵᠢᠴᠢ ᠬᠢᠩᠭᠠᠨ ᠠᠶᠢᠮᠠᠭ᠂ ᠵᠡᠬᠦᠨ ᠦᠵᠦᠮᠦᠴᠢᠨ ᠪᠣᠯᠣᠨ | ᠣᠶᠢᠷ᠎ᠠ ᠬᠠᠪᠢ ᠶᠢᠨ ᠮᠠᠯᠴᠢᠳ ᠣᠷᠣᠯᠴᠠᠳᠠᠭ᠃ ᠣᠪᠣᠭ᠎ᠠ ᠲᠠᠬᠢᠵᠦ ᠪᠠᠷᠠᠪᠠᠯ ᠮᠠᠯᠴᠢᠳ ᠮᠣᠷᠢ ᠣᠷᠣᠯᠳᠣᠨ᠂ ᠪᠦᠬᠡ | ᠪᠠᠷᠢᠯᠳᠣᠳᠠᠭ᠃ | | ᠠᠷᠪᠠ ᠠᠷᠮᠠᠢ ᠶᠢᠨ ᠰᠣᠶᠣᠯ ᠤᠨ ᠦᠵᠡᠰᠬᠦᠯᠡᠩ ᠤᠨ ᠲᠠᠭᠳᠣ | | ᠠᠷᠮᠠᠢ ᠶᠢᠨ ᠰᠣᠶᠣᠯ ᠤᠨ ᠦᠵᠡᠰᠬᠦᠯᠡᠩ ᠤᠨ ᠲᠠᠭᠳᠣ ᠨᠢ 2015 ᠣᠨ ᠤ 6 ᠰᠠᠷ᠎ᠠ ᠳᠤ ᠪᠠᠶᠢᠭᠤᠯᠵᠦ᠂ | ᠶᠡᠷᠦᠩᠬᠡᠢ ᠪᠠᠷᠢᠯᠭ᠎ᠠ ᠶᠢᠨ ᠲᠠᠯᠠᠪᠠᠢ ᠨᠢ 400 ᠺᠣᠸᠠᠲ ᠮᠧᠲᠷ᠃ ᠣᠳᠣᠬᠠᠨ ᠦᠵᠡᠰᠬᠦᠯᠡᠩ ᠤᠨ ᠲᠠᠭᠳᠣ ᠲᠣᠳᠣᠷ᠎ᠠ | ᠲᠡᠯᠬᠡᠵᠦ ᠪᠣᠢ ᠪᠣᠳᠠᠰ 260 ᠵᠦᠢᠯ᠂ ᠵᠢᠷᠤᠭ ᠰᠡᠬᠦᠳᠡᠷ 200 ᠭᠠᠷᠣᠢ᠂ ᠬᠠᠭᠤᠴᠢᠨ ᠪᠣᠳᠠᠰ ᠤᠨ ᠵᠦᠢᠯ ᠨᠢ | ᠠᠷᠮᠠᠢ ᠶᠢᠨ ᠪᠠᠶᠢᠯᠳᠣᠭᠴᠢ ᠶᠢᠨ ᠵᠠᠯᠠᠭᠤ ᠨᠠᠰᠣ ᠶᠢ ᠰᠢᠩᠬᠡᠵᠦ᠂ ᠰᠡᠬᠦᠯᠴᠢ ᠶᠢᠨ ᠬᠦᠮᠦᠰ ᠲᠤ ︽ᠠᠳᠠᠷ | ᠬᠠᠭᠠᠯᠪᠣᠷᠢᠯᠠᠨ ᠬᠢᠯᠢ ᠪᠠᠨ ᠰᠠᠬᠢᠬᠤ᠂ ᠵᠠᠬ᠎ᠠ ᠣᠷᠣᠨ ᠢᠶᠠᠨ ᠨᠡᠬᠡᠬᠡᠭᠰᠡᠨ︾ ᠠᠬᠤᠢ ᠲᠠᠯᠠᠪᠠᠢ ᠶᠢ ᠲᠠᠬᠢᠨ ᠦᠵᠡᠬᠦᠯᠵᠦ | ᠂ ᠲᠠᠷᠢᠶᠠᠯᠠᠬᠤ ᠵᠣᠷᠢᠭ ᠰᠠᠨᠠᠭ᠎ᠠ ᠪᠣᠯᠣᠨ ᠲᠠᠷᠢᠶᠠᠯᠠᠬᠤ ᠰᠣᠶᠣᠯ ᠤᠨ ᠢᠯᠡᠳᠬᠡᠯ ᠪᠣᠯᠣᠨ ᠬᠤᠷᠢᠶᠠᠩᠭᠤᠢ ᠲᠦᠷᠢ᠃ | ᠠᠷᠮᠢ ᠶᠢᠨ ᠬᠦᠮᠦᠨ ᠤ ᠪᠠᠶᠠᠷᠯᠠᠩᠭᠤᠢ᠂ ᠦᠬᠡᠳᠡᠯᠡᠬᠦ ᠵᠣᠷᠢᠭ ᠰᠠᠨᠠᠭᠠᠨ ᠤ ᠬᠡᠪ ᠲᠦᠷᠢ ᠶᠢ ᠢᠯᠡᠷᠡᠬᠦᠯᠵᠦ᠂ | ᠬᠠᠭᠤᠴᠢᠨ ᠰᠡᠬᠦᠳᠡᠷ ᠨᠢ ᠠᠷᠮᠠᠢ ᠶᠢᠨ ᠪᠠᠶᠢᠯᠳᠣᠭᠴᠢ ᠶᠢᠨ ᠵᠠᠯᠠᠭᠤ ᠨᠠᠰᠣ᠂ ᠬᠠᠯᠠᠭᠤᠨ ᠴᠢᠰᠣ ᠪᠣᠯᠣᠨ ᠠᠮᠢ ᠨᠠᠰᠣ | ᠪᠠᠷ ᠢᠶᠠᠨ ︽ᠣᠯᠣᠰ ᠢᠶᠠᠨ ᠬᠠᠶᠢᠷᠠᠯᠠᠬᠤ᠂ ᠬᠠᠳᠠᠭᠤᠵᠢᠯᠳᠠᠢ ᠲᠡᠮᠡᠴᠡᠬᠦ᠂ ᠬᠠᠷᠠᠮ ᠦᠬᠡᠢ ᠵᠣᠷᠢᠭᠤᠯᠬᠤ᠂ ᠡᠬᠦᠳᠣᠨ | ᠣᠷᠣᠭᠰᠢᠯᠠᠬᠤ︾ ᠠᠷᠮᠢ ᠶᠢᠨ ᠵᠣᠷᠢᠭ ᠰᠠᠨᠠᠭ᠎ᠠ ᠶᠢ ᠵᠢᠷᠣᠭᠯᠠᠪᠠ᠃ ᠠᠷᠮᠢ ᠶᠢᠨ ᠰᠣᠶᠣᠯ ᠤᠨ ᠦᠵᠡᠰᠬᠦᠯᠡᠩ ᠤᠨ | ᠲᠠᠭᠳᠣ ᠨᠢ ᠦᠪᠡᠷ ᠤᠨ ᠣᠨᠴᠣᠭᠤᠢ ᠭᠤᠸ᠎ᠠ ᠬᠦᠴᠦᠨ ᠢᠶᠠᠷ ᠢᠶᠠᠨ ᠣᠯᠣᠰ ᠢᠶᠠᠨ ᠬᠠᠶᠢᠷᠠᠯᠠᠬᠤ ᠦᠵᠡᠯ ᠤᠨ | ᠰᠣᠷᠭᠠᠨ ᠬᠦᠮᠦᠵᠢᠯ ᠤᠨ ᠦᠢᠯᠡᠳᠦᠯ ᠦᠵᠡᠬᠦᠯᠬᠦ ᠶᠢᠨ ᠬᠠᠮᠳᠣ ᠲᠠᠷᠢᠶᠠᠯᠠᠬᠤ ᠰᠣᠶᠣᠯ ᠢ ᠪᠠᠳᠠᠷᠠᠭᠤᠯᠪᠠ᠃ | | ᠠᠷᠪᠠᠨ ᠨᠢᠬᠡ ᠪᠠᠶᠠᠨᠬᠤᠰᠢᠭᠤ ᠪᠠᠯᠭᠠᠰᠣ | | ᠪᠠᠶᠠᠨᠬᠤᠰᠢᠭᠤ ᠪᠠᠯᠭᠠᠰᠣ ᠨᠢ ᠣᠯᠠᠭᠠᠢ ᠬᠠᠮᠢᠶᠠᠷᠣᠯᠳᠠ ᠶᠢᠨ ᠣᠷᠣᠨ ᠤ ᠬᠠᠮᠢᠶᠠᠷᠣᠯᠳᠠ ᠶᠢᠨ ᠵᠦᠪᠯᠡᠯ ᠤᠨ | ᠰᠠᠭᠤᠭ᠎ᠠ ᠭᠠᠵᠠᠷ᠂ ᠣᠯᠠᠭᠠᠢ ᠬᠠᠮᠢᠶᠠᠷᠣᠯᠳᠠ ᠶᠢᠨ ᠣᠷᠣᠨ ᠤ ᠵᠡᠬᠦᠨ ᠬᠤᠶᠢᠳᠣ ᠬᠡᠰᠡᠭ ᠲᠤ ᠪᠠᠶᠢᠷᠢᠯᠠᠵᠦ᠂ ᠭᠠᠵᠠᠷ | ᠰᠢᠷᠣᠢ ᠶᠢᠨ ᠶᠡᠷᠦᠩᠬᠡᠢ ᠲᠠᠯᠠᠪᠠᠢ 779.68 ᠺᠦᠸᠠᠲ ᠺᠢᠯᠦ᠋ᠮᠧᠲᠷ᠂ ᠣᠯᠠᠭᠠᠢ ᠬᠠᠮᠢᠶᠠᠷᠣᠯᠳᠠ ᠶᠢᠨ ᠣᠷᠣᠨ ᠤ | ᠣᠯᠣᠰ ᠲᠦᠷᠦ᠂ ᠠᠵᠦ ᠠᠬᠤᠢ᠂ ᠰᠣᠶᠣᠯ ᠤᠨ ᠲᠦᠪ ᠪᠣᠯᠣᠨ ᠵᠠᠮ ᠬᠠᠷᠢᠯᠴᠠᠭᠠᠨ ᠤ ᠪᠠᠯᠴᠢᠷ᠂ ᠣᠯᠠᠭᠠᠢ | ᠬᠠᠮᠢᠶᠠᠷᠣᠯᠳᠠ ᠶᠢᠨ ᠣᠷᠣᠨ ᠤ ᠵᠢᠭᠤᠯᠴᠢᠯᠠᠯ ᠤᠨ ᠴᠣᠭᠯᠠᠨ ᠲᠠᠷᠠᠬᠠᠬᠤ ᠲᠦᠪ᠃ ᠣᠳᠣᠬᠠᠨ ᠳᠤ᠂ ᠣᠯᠠᠭᠠᠢ | ᠬᠠᠮᠢᠶᠠᠷᠣᠯᠳᠠ ᠶᠢᠨ ᠣᠷᠣᠨ ᠤ ᠨᠢ ᠦᠪᠡᠷᠳᠡᠬᠡᠨ ᠵᠠᠰᠠᠬᠤ ᠣᠷᠣᠨ ᠤ ᠪᠦᠬᠦ ᠬᠢᠵᠠᠭᠠᠷ ᠤᠨ ᠵᠢᠭᠤᠯᠴᠢᠯᠠᠯ ᠤᠨ | ᠲᠠᠭᠤᠷᠢᠶᠠᠯᠳᠣ ᠣᠷᠣᠨ᠂ ︽ᠣᠯᠠᠭᠠᠢ ᠭᠤᠣᠯ ᠢ ᠲᠠᠨᠢᠬᠤ︾ ᠶᠠᠪᠠᠭᠠᠨ ᠢᠶᠠᠷ ᠡᠬᠢ ᠰᠣᠷᠪᠣᠯᠵᠢ ᠶᠢ ᠬᠠᠶᠢᠬᠤ ᠶᠡᠭᠡ | ᠬᠡᠯᠪᠡᠷᠢ ᠶᠢᠨ ᠬᠡᠬᠡᠷ᠎ᠡ ᠶᠢᠨ ᠬᠦᠳᠡᠯᠬᠡᠬᠡᠨ ᠢ ᠡᠷᠬᠢᠯᠡᠬᠦ ᠶᠢᠨ ᠬᠠᠮᠳᠣ ᠣᠯᠠᠭᠠᠢ ᠶᠢᠨ ᠲᠡᠯᠡᠬᠡᠢ ᠶᠢᠨ ᠣᠯᠠᠮᠵᠢᠯᠠᠯᠳᠣ ᠰᠣᠷ | ᠬᠠᠷᠪᠣᠯᠳᠠ ᠶᠢᠨ ᠮᠦᠷᠦᠶᠢᠴᠡᠬᠡᠨ ᠤ ᠣᠷᠢᠯᠭ᠎ᠠ ᠶᠢᠨ ᠣᠷᠣᠯᠳᠣᠭᠠᠨ᠂ ᠪᠦᠬᠦ ᠣᠯᠣᠰ ᠤᠨ ᠣᠯᠢᠮᠫᠢᠺ ᠤᠨ ᠲᠦᠰᠦᠯ | ᠤᠨ ᠰᠣᠷ ᠬᠠᠷᠪᠣᠯᠳᠠ ᠶᠢᠨ ᠮᠦᠷᠦᠶᠢᠴᠡᠬᠡᠨ ᠤ ᠣᠷᠣᠯᠳᠣᠭᠠᠨ᠂ ᠪᠦᠬᠦ ᠣᠷᠣᠨ ᠤ ᠵᠢᠣᠳᠣᠣ ᠪᠦᠬᠡ ᠶᠢᠨ | ᠮᠦᠷᠦᠶᠢᠴᠡᠬᠡᠨ ᠤ ᠣᠷᠣᠯᠳᠣᠭᠠᠨ ᠵᠡᠷᠬᠡ ᠦᠨᠳᠣᠷ ᠲᠡᠰ ᠤᠨ ᠪᠡᠶ᠎ᠡ ᠲᠠᠮᠢᠷ ᠤᠨ ᠣᠷᠣᠯᠳᠣᠭᠠᠨ ᠢ ᠲᠠᠭᠠᠭᠠᠴᠢᠯᠠᠨ | ᠡᠷᠬᠢᠯᠡᠵᠦ᠂ ᠨᠡᠷ᠎ᠡ ᠠᠯᠳᠠᠷ ᠪᠣᠯᠣᠨ ᠨᠦᠯᠦᠬᠡᠯᠡᠬᠦ ᠬᠦᠴᠦᠨ ᠢᠶᠠᠨ ᠦᠷᠭᠡᠳᠬᠡᠪᠡ᠃ ᠣᠯᠠᠭᠠᠢ ᠬᠠᠮᠢᠶᠠᠷᠣᠯᠳᠠ ᠶᠢᠨ | ᠣᠷᠣᠨ ᠤ ᠪᠠᠶᠠᠨᠬᠤᠰᠢᠭᠤ ᠪᠠᠯᠭᠠᠰᠣ ᠡᠮᠦᠨ᠎ᠡ ᠬᠤᠶᠢᠨ᠎ᠠ ︽ᠲᠣᠮᠳᠠᠳᠣ ᠶᠢᠨ ᠬᠠᠮᠤᠭ ᠤᠨ ᠰᠢᠯᠢᠳᠡᠭ ᠠᠷᠢᠭᠤᠨ ᠴᠡᠪᠡᠷ | ᠠᠮᠢ ᠠᠬᠤᠶᠢᠴᠢ ᠵᠢᠭᠤᠯᠴᠢᠯᠠᠯ ᠤᠨ ᠭᠠᠵᠠᠷ︾᠂ ︽ᠲᠣᠮᠳᠠᠳᠣ ᠶᠢᠨ ᠬᠠᠮᠤᠭ ᠪᠠᠯᠠᠷ ᠪᠠᠶᠢᠳᠠᠯ ᠲᠠᠢ ᠦᠵᠡᠮᠵᠢ ᠶᠢᠨ | ᠣᠷᠣᠨ︾᠂ ︽ᠪᠦᠬᠦ ᠣᠯᠣᠰ ᠤᠨ ᠠᠮᠢ ᠠᠬᠤᠶᠢᠴᠢ ᠵᠢᠭᠤᠯᠴᠢᠯᠠᠯ ᠤᠨ ᠲᠠᠭᠤᠷᠢᠶᠠᠯᠳᠣ ᠣᠷᠣᠨ︾᠂ ︽ | ᠦᠪᠡᠷᠳᠡᠬᠡᠨ ᠵᠠᠰᠠᠬᠤ ᠣᠷᠣᠨ ᠤ ᠪᠣᠯᠪᠠᠰᠣᠨ ᠬᠤᠰᠢᠭᠤ ᠰᠢᠶᠡᠨ ᠤ ᠬᠤᠳᠠ︾ ︽ᠦᠪᠡᠷᠳᠡᠬᠡᠨ ᠵᠠᠰᠠᠬᠤ ᠣᠷᠣᠨ ᠤ | ᠠᠷᠢᠭᠤᠨ ᠴᠡᠪᠡᠷ ᠬᠤᠳᠠ ᠪᠠᠯᠭᠠᠰᠣ︾ ᠪᠣᠯᠣᠨ ︽ᠦᠪᠡᠷᠳᠡᠬᠡᠨ ᠵᠠᠰᠠᠬᠤ ᠣᠷᠣᠨ ᠤ ᠲᠡᠰ ᠤᠨ ᠣᠨᠴᠢᠯᠢᠭ ᠪᠦᠬᠦᠢ | ᠦᠵᠡᠮᠵᠢᠳᠣ ᠵᠢᠭᠤᠯᠴᠢᠯᠠᠯ ᠤᠨ ᠨᠡᠷᠡᠳᠣ ᠪᠠᠯᠭᠠᠰᠣ︾ ᠵᠡᠷᠬᠡ ᠠᠯᠳᠠᠷ ᠬᠦᠷᠳᠡᠪᠡ᠃ |