ᠡᠪᠤᠳᠦᠭ ᠤᠨ ᠦᠶ᠎ᠠ ᠶᠢᠨ ᠰᠢᠷ᠎ᠠ ᠤᠰᠤᠨ ᠡᠪᠡᠳᠴᠢᠨ ᠪᠠ ᠳᠡᠬᠦᠨ ᠤ ᠱᠠᠳᠤ ᠦᠶ᠎ᠠ ᠶᠢᠨ ᠴᠢᠨᠠᠷᠳᠡᠢ ᠡᠮᠴᠢᠯᠡᠭᠡ ᠶᠢ ᠬᠡᠷᠬᠢᠨ ᠤᠢᠢᠯᠠᠭᠠᠬᠤ ᠪᠤᠢ︖
ᠨᠡᠶᠢᠲᠡᠯᠡᠭᠰᠡᠨ ᠴᠠᠭ᠄
2020/12/8
     ᠡᠪᠤᠳᠦᠭ ᠤᠨ ᠰᠢᠷ᠎ᠠ ᠤᠰᠤᠨ ᠡᠪᠡᠳᠴᠢᠨ ᠪᠤᠯ ᠮᠠᠨ ᠤ ᠮᠠᠯᠵᠢᠬᠤ ᠤᠷᠤᠨ ᠤ ᠬᠦᠮᠦᠰ ᠲᠤ ᠤᠯᠠᠨ ᠳᠤᠬᠢᠶᠠᠯᠳᠤᠳᠠᠭ ᠤᠷᠤᠨ ᠨᠤᠳᠤᠬ ᠤᠨ ᠴᠢᠨᠠᠷᠳᠡᠢ ᠡᠪᠡᠳᠴᠢᠨ ᠪᠤᠯᠤᠨ᠎ᠠ᠃ ᠳᠡᠭᠡᠪᠡᠯ ᠡᠨᠡ ᠬᠦ ᠡᠪᠡᠳᠴᠢᠨ ᠢ ᠭᠡᠷᠭᠢᠡ ᠰᠡᠷᠭᠡᠶᠢᠯᠡᠭᠦ᠂ ᠭᠡᠷᠭᠢᠡ ᠡᠮᠴᠢᠯᠡᠭᠡ ᠭᠢᠭᠦ ᠲᠤᠬᠠᠢ ᠰᠤᠷᠪᠤᠯᠵᠢᠯᠠᠬᠴᠢ ᠤᠢᠢᠷ᠎ᠡ ᠳᠤ ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶᠠᠨ ᠤ ᠶᠠᠰᠤᠨ ᠤ ᠬᠤᠶᠠᠳᠤᠭᠠᠷ ᠰᠠᠯᠠᠭᠠᠨ ᠤ ᠭᠤᠤᠯᠯᠠᠬᠴᠢ ᠡᠮᠴᠢ ᠮᠡᠷᠭᠡᠨᠪᠢᠯᠢᠭ ᠡᠮᠴᠢ ᠶᠢ ᠰᠤᠷᠪᠤᠯᠵᠢᠯᠠᠵᠤ ᠪᠢᠯᠡ᠃      ᠰᠤᠷᠪᠦᠯᠵᠢᠯᠠᠬᠴᠢ᠄ ᠰᠠᠶᠢᠨ ᠪᠠᠶᠢᠨ᠎ᠠ ᠤᠤ︖ ᠮᠠᠨ ᠤ ᠮᠠᠯᠵᠢᠬᠤ ᠤᠷᠤᠨ ᠤ ᠬᠦᠮᠦᠰ ᠲᠤ ᠤᠯᠠᠨ ᠳᠤᠬᠢᠶᠠᠯᠳᠤᠳᠠᠭ ᠡᠪᠤᠳᠦᠭ ᠤᠨ ᠰᠢᠷ᠎ᠠ ᠤᠰᠤᠨ ᠡᠪᠡᠳᠴᠢᠨ ᠤ ᠳᠤᠬᠠᠢ ᠲᠠ ᠳᠠᠶᠢᠯᠪᠦᠷᠢᠯᠠᠭᠠᠳ ᠦᠭᠭᠦᠨ᠎ᠠ ᠤᠤ︖      ᠮᠡᠷᠭᠡᠨᠪᠢᠯᠢᠭ ᠡᠮᠴᠢ᠄ ᠰᠠᠶᠢᠨ ᠪᠠᠶᠢᠨ᠎ᠠ ᠤᠤ︖ ᠶᠠᠷᠢᠯᠴᠠᠭᠠᠨ ᠤ ᠡᠬᠢᠨ ᠳᠤ ᠳᠠ ᠪᠦᠬᠦᠨ ᠳᠤ ᠪᠠᠨ ᠡᠪᠤᠳᠦᠭ ᠤᠨ ᠰᠢᠷ᠎ᠠ ᠤᠰᠤᠨ ᠡᠪᠡᠳᠴᠢᠨ ᠤ ᠳᠤᠬᠠᠢ ᠳᠠᠨᠢᠯᠴᠠᠭᠤᠯᠭ᠎ᠠ ᠬᠢᠶ᠎ᠠ᠃ ᠮᠠᠨ ᠤ ᠤᠯᠠᠮᠵᠢᠯᠠᠯᠳᠤ ᠮᠤᠩᠭᠤᠯ ᠠᠨᠠᠭᠠᠬᠤ ᠤᠬᠠᠭᠠᠨ ᠤ ᠤᠨᠤᠯ ᠳᠡᠭᠡᠷ᠎ᠠ ᠡᠪᠤᠳᠦᠭ ᠤᠨ ᠰᠢᠷ᠎ᠠ ᠤᠰᠤᠨ ᠡᠪᠡᠳᠴᠢᠨ ᠢ ᠶᠠᠰᠤ ᠦᠶ᠎ᠠ ᠶᠢᠨ ᠰᠢᠷ᠎ᠠ ᠤᠰᠤᠨ ᠡᠪᠡᠳᠴᠢᠨ ᠳᠤ ᠬᠠᠷᠢᠶᠠᠯᠠᠭᠤᠯᠤᠨ ᠳᠠᠶᠢᠯᠪᠦᠷᠢᠯᠠᠳᠠᠬ᠃ ᠭᠤᠤᠯᠳᠠᠭᠤ ᠤᠷᠳᠤ ᠬᠤᠭᠤᠴᠠᠭ᠎ᠠ ᠪᠠᠷ ᠴᠢᠬᠢᠭᠳᠡᠢ ᠭᠠᠵᠠᠷ ᠠᠮᠢᠳᠤᠷᠠᠬᠤ ᠪᠠ ᠠᠵᠢᠯᠯᠠᠵᠤ ᠬᠦᠳᠡᠯᠮᠦᠷᠢᠯᠡᠬᠦ᠂ ᠬᠦᠢᠳᠡᠨ ᠳᠤ ᠳᠠᠭᠠᠷᠠᠬᠤ᠂ ᠬᠦᠯᠦᠷᠡᠭᠡᠳ ᠰᠠᠯᠬᠢ ᠵᠢᠪᠡᠷ ᠠᠪᠬᠤ᠂ ᠪᠡᠷᠳᠡᠵᠤ ᠰᠢᠷᠬᠠᠳᠤᠬᠤ᠂ ᠪᠤᠯᠠᠩᠭᠢᠷ ᠬᠠᠯᠠᠭᠤᠨ ᠤ ᠤᠷᠬᠠᠬ ᠬᠡᠮ ᠬᠤᠴᠤᠷᠬᠤ ᠵᠡᠷᠭᠡ ᠶᠠᠪᠤᠳᠠᠯ ᠮᠦᠷ ᠤᠨ ᠨᠦᠬᠦᠴᠡᠯ ᠠᠴᠠ ᠪᠤᠯᠵᠤ ᠰᠢᠷ᠎ᠠ ᠤᠰᠤ ᠠᠷᠪᠢᠳᠤᠨ ᠪᠠᠳᠬᠠᠠ ᠴᠢᠰᠤ ᠲᠠᠢ ᠬᠢᠮᠤᠷᠠᠯᠳᠤᠵᠤ ᠦᠶ᠎ᠠ ᠬᠡᠰᠢᠬᠦᠤ ᠪᠠ ᠶᠠᠰᠤᠨ ᠳᠤ ᠤᠷᠤᠰᠢᠭᠠᠳ ᠬᠡᠢ ᠴᠢᠰᠤᠨ ᠤ ᠬᠦᠶᠦᠳᠡᠯ ᠢ ᠬᠠᠷᠰᠢᠯᠠᠬᠰᠠᠨ ᠠᠴᠠ ᠪᠤᠯᠵᠤ ᠦᠶ᠎ᠠ ᠬᠡᠰᠢᠬᠦᠤ ᠬᠠᠪᠤᠳᠬᠤ᠂ ᠡᠪᠡᠳᠬᠦ᠂ ᠬᠦᠳᠡᠯᠬᠡᠬᠡᠨ ᠨᠢ ᠬᠠᠷᠰᠢᠯᠠᠬᠳᠠᠬᠤ ᠵᠡᠷᠭᠡ ᠤᠨᠴᠠᠯᠢᠬ ᠪᠦᠬᠦᠢ ᠡᠪᠡᠳᠴᠢᠨ ᠪᠤᠯᠤᠨ᠎ᠠ᠃ ᠡᠸᠦ᠋ᠷᠤᠫᠠ ᠡᠮᠨᠡᠯᠭᠡ ᠳᠡᠬᠡᠷ᠎ᠠ ᠳᠤᠰ ᠡᠪᠤᠳᠦᠭ ᠤᠨ ᠦᠶ᠎ᠠ ᠶᠢᠨ ᠰᠢᠷ᠎ᠠ ᠤᠰᠤᠨ ᠡᠪᠡᠳᠴᠢᠨ ᠢ ᠡᠪᠤᠳᠦᠭ ᠤᠨ ᠦᠶ᠎ᠠ ᠶᠢᠨ ᠶᠠᠰᠤᠵᠢᠯ ᠤᠨ ᠴᠢᠨᠠᠷᠳᠡᠢ ᠦᠶ᠎ᠠ ᠬᠡᠰᠢᠬᠦᠨ ᠤ ᠦᠷᠪᠢᠰᠤᠯ ᠭᠡᠵᠤ ᠦᠵᠡᠳᠡᠭ᠃ ᠡᠬᠦᠨ ᠠᠴᠠ ᠭᠠᠳᠠᠨ᠎ᠠ ᠪᠠᠰᠠ ᠬᠡᠷᠡᠬᠦ ᠴᠢᠨᠠᠷᠳᠡᠢ ᠦᠶ᠎ᠠ ᠬᠡᠰᠢᠬᠦᠨ ᠤ ᠦᠷᠪᠢᠰᠤᠯ ᠪᠠᠶᠢᠳᠠᠬ᠃ ᠦᠨᠤᠳᠤᠷ ᠤᠨ ᠶᠠᠷᠢᠬᠤ ᠬᠡᠵᠤ ᠪᠠᠶᠢᠭ᠎ᠠ ᠪᠤᠯ ᠡᠸᠦ᠋ᠷᠤᠫᠠ ᠡᠮᠨᠡᠯᠭᠡ ᠳᠡᠭᠡᠷᠡᠬᠢ ᠡᠪᠤᠳᠦᠭ ᠤᠨ ᠦᠶ᠎ᠠ ᠶᠢᠨ ᠶᠠᠰᠤᠵᠢᠯ ᠤᠨ ᠴᠢᠨᠠᠷᠳᠡᠢ ᠦᠶ᠎ᠠ ᠬᠡᠰᠢᠬᠦᠨ ᠤ ᠦᠷᠪᠢᠰᠤᠯ ᠳᠠᠷᠤᠢ ᠡᠪᠤᠳᠦᠭ ᠤᠨ ᠦᠶ᠎ᠠ ᠶᠢᠨ ᠰᠢᠷ᠎ᠠ ᠤᠰᠤᠨ ᠡᠪᠡᠳᠴᠢᠨ ᠪᠤᠯᠤᠨ᠎ᠠ᠃      ᠰᠤᠷᠪᠦᠯᠵᠢᠯᠠᠬᠴᠢ᠄ ᠡᠪᠤᠳᠦᠭ ᠤᠨ ᠦᠶ᠎ᠠ ᠶᠢᠨ ᠰᠢᠷ᠎ᠠ ᠤᠰᠤᠨ ᠡᠪᠡᠳᠴᠢᠨ ᠠᠯᠢ ᠨᠠᠰᠤᠨ ᠤ ᠬᠦᠮᠦᠰ ᠲᠤ ᠢᠯᠡᠬᠦᠤ ᠳᠤᠬᠢᠶᠠᠯᠳᠤᠳᠠᠬ ᠪᠤᠢ︖      ᠮᠡᠷᠭᠡᠨᠪᠢᠯᠢᠭ ᠡᠮᠴᠢ᠄ ᠡᠪᠤᠳᠦᠭ ᠤᠨ ᠦᠶ ᠎ᠠ ᠶᠢᠨ ᠰᠢᠷ᠎ᠠ ᠤᠰᠤᠨ ᠡᠪᠡᠳᠴᠢᠨ ᠤ ᠳᠤᠬᠠᠢ ᠰᠤᠳᠤᠯᠭᠠᠨ ᠤ ᠳ᠋ᠦᠡᠭ ᠢ ᠢᠯᠡᠷᠭᠡᠶᠢᠯᠡᠭᠰᠡᠨ ᠢ ᠦᠨᠳᠤᠰᠤᠯᠡᠪᠡᠯ ᠨᠢᠭᠡ ᠳᠤ ᠳᠤᠮᠳᠠ ᠢᠳᠡᠷ ᠨᠠᠰᠤᠨ ᠤ ᠬᠦᠮᠤᠰ ᠲᠤ ᠠᠷᠪᠢᠨ ᠳᠤᠬᠢᠶᠠᠯᠳᠤᠳᠠᠬ᠂ ᠬᠤᠶᠠᠷ ᠲᠤ᠂ ᠡᠮᠡᠭᠳᠡᠶᠢᠴᠤᠤᠠ ᠤᠨ ᠡᠪᠡᠳᠴᠢᠯᠡᠬᠦ ᠨᠤᠷᠮ᠎ᠠ ᠨᠢ ᠡᠷᠡᠭᠳᠡᠶᠢᠴᠤᠤᠠ ᠠᠴᠠ ᠦᠨᠳᠤᠷ ᠪᠠᠶᠢᠳᠠᠭ᠂ ᠡᠬᠦᠨ ᠳᠤ ᠴᠡᠪᠡᠷᠰᠢᠬᠦ ᠬᠤᠭᠤᠴᠠᠭᠠᠨ ᠤ ᠳᠠᠷᠠᠭᠠᠬᠢ ᠨᠠᠰᠤᠨ ᠤ ᠡᠮᠡᠭᠳᠡᠶᠢᠴᠤᠤᠠ ᠤᠨ ᠡᠪᠡᠳᠴᠢᠯᠡᠬᠦ ᠨᠤᠷᠮ᠎ᠠ ᠨᠡᠩ ᠦᠨᠳᠤᠷ ᠪᠠᠶᠢᠳᠠᠬ᠃ ᠭᠤᠷᠪᠠ ᠳᠤ᠂ 60 ᠨᠠᠰᠤᠨ ᠠᠴᠠ ᠳᠡᠭᠡᠭᠰᠢᠬᠢ ᠬᠦᠮᠦᠰ ᠤᠨ ᠡᠪᠡᠳᠴᠢᠯᠡᠬᠦ ᠨᠤᠷᠮ᠎ᠠ 50% ᠳᠤ ᠬᠦᠷᠳᠡᠭ᠃ ᠲᠦᠷᠪᠡ ᠳᠤ᠂ 75 ᠨᠠᠰᠤᠨ ᠠᠴᠠ ᠳᠡᠭᠡᠭᠰᠢᠬᠢ ᠬᠦᠮᠤᠰ ᠤᠨ ᠡᠪᠡᠳᠴᠢᠯᠡᠬᠦ ᠨᠤᠷᠮ᠎ᠠ ᠨᠢ ᠨᠢᠬᠡᠨᠳᠡ 80% ᠳᠤ ᠬᠦᠷᠦᠭᠰᠡᠨ ᠪᠠᠶᠢᠳᠠᠭ᠃ ᠳᠠᠪᠤ ᠳᠤ᠂ ᠡᠪᠤᠳᠦᠭ ᠤᠨ ᠦᠶ ᠎ᠠ ᠶᠢᠨ ᠰᠢᠷ᠎ᠠ ᠤᠰᠤᠨ ᠡᠪᠡᠳᠴᠢᠨ ᠠᠴᠠ ᠰᠢᠯᠳᠠᠭᠠᠯᠠᠨ ᠵᠡᠮᠳᠡᠭᠰᠢᠷᠡᠬᠦ ᠨᠤᠷᠮ᠎ᠠ 53% ᠳᠤ ᠬᠦᠷᠴᠤ᠂ ᠨᠢᠬᠡᠨᠳᠡ ᠬᠦᠮᠦᠰ ᠤᠨ ᠵᠡᠮᠳᠡᠭᠰᠢᠷᠡᠬᠦ ᠶᠢᠨ ᠳᠡᠷᠢᠬᠦᠨ ᠰᠢᠯᠳᠠᠭᠠᠨ ᠪᠤᠯᠤᠬᠰᠠᠨ ᠪᠠᠶᠢᠨ᠎ᠠ᠃       ᠰᠤᠷᠪᠦᠯᠵᠢᠯᠠᠬᠴᠢ᠄ ᠳᠡᠭᠡᠪᠡᠯ ᠡᠨᠡᠬᠦ ᠡᠪᠡᠳᠴᠢᠨ ᠤ ᠡᠬᠦᠰᠤᠯᠳᠡ ᠶᠢᠨ ᠤᠨᠴᠠᠯᠢᠬ ᠶᠠᠮᠠᠷ ᠪᠠᠶᠢᠳᠠᠭ ᠪᠤᠢ︖       ᠮᠡᠷᠭᠡᠨᠪᠢᠯᠢᠭ ᠡᠮᠴᠢ᠄ ᠡᠪᠤᠳᠦᠭ ᠤᠨ ᠦᠶ᠎ᠠ ᠶᠢᠨ ᠰᠢᠷ᠎ᠠ ᠤᠰᠤᠨ ᠡᠪᠡᠳᠴᠢᠨ ᠢ ᠡᠬᠦᠰᠬᠡᠬᠦ ᠭᠤᠤᠯ ᠰᠢᠯᠳᠠᠭᠠᠨ ᠪᠤᠯ᠄ ᠬᠠᠮᠤᠭ ᠳᠡᠷᠢᠬᠦᠨ ᠳᠤ ᠨᠠᠰᠤ ᠵᠢᠯ ᠤᠨ ᠪᠠᠶᠢᠳᠠᠯ ᠢᠶᠠᠷ ᠠᠪᠴᠤ ᠬᠡᠯᠡᠪᠡᠯ ᠶᠠᠮᠠᠷᠪᠠ ᠲᠦᠷᠦᠯ ᠤᠨ ᠦᠶ᠎ᠠ ᠬᠡᠰᠢᠬᠦᠨ ᠤ ᠰᠢᠷ᠎ᠠ ᠤᠰᠤᠨ ᠡᠪᠡᠳᠴᠢᠨ ᠤ ᠡᠬᠦᠰᠬᠦ ᠨᠤᠷᠮ᠎ᠠ ᠨᠢ ᠬᠦᠮᠦᠰ ᠤᠨ ᠨᠠᠰᠤ ᠵᠢᠯ ᠤᠨ ᠨᠡᠮᠡᠭᠳᠡᠬᠦ ᠶᠢ ᠳᠠᠭᠠᠯᠳᠤᠨ ᠨᠡᠮᠡᠭᠳᠡᠳᠡᠭ᠃ ᠡᠪᠤᠳᠦᠭ ᠤᠨ ᠦᠶ ᠎ᠠ ᠶᠢᠨ ᠰᠢᠷ ᠎ᠠ ᠤᠰᠤᠨ ᠡᠪᠡᠳᠴᠢᠨ ᠤ ᠡᠭᠦᠰᠦᠯᠳᠡ ᠶᠢᠨ ᠠᠬᠢᠴᠠ ᠮᠠᠰᠢ ᠤᠳᠠᠭᠠᠨ ᠪᠠᠶᠢᠳᠠᠭ᠃ ᠡᠬᠦᠨ ᠳᠤ ᠵᠢᠱᠢᠶᠡᠯᠡᠵᠤ ᠶᠠᠷᠢᠬᠤ ᠳᠤ ᠭᠠᠳᠠᠷ ᠰᠢᠷᠬᠠᠳᠤᠯ ᠠᠴᠠ ᠪᠤᠯᠵᠤ ᠡᠭᠦᠰᠦᠭᠰᠡᠨ ᠡᠪᠤᠳᠦᠭ ᠤᠨ ᠦᠶ᠎ᠠ ᠶᠢᠨ ᠰᠢᠷ᠎ᠡ ᠤᠰᠤᠨ ᠡᠪᠡᠳᠴᠢᠨ ᠨᠢ ᠭᠠᠳᠠᠷ ᠰᠢᠷᠬᠠᠳᠤᠯ ᠡᠬᠦᠰᠦᠭᠰᠡᠨ ᠠᠴᠠ ᠬᠤᠶᠢᠰᠢ ᠨᠡᠯᠢᠶᠡᠳ ᠬᠡᠳᠤᠨ ᠵᠢᠯ ᠤᠨ ᠳᠠᠷᠠᠭ᠎ᠠ ᠰᠠᠶ᠋ᠢ ᠡᠪᠡᠳᠴᠢᠨ ᠤ ᠰᠢᠨᠵᠢ ᠨᠢ ᠡᠬᠢᠯᠡᠵᠤ ᠢᠯᠡᠷᠡᠳᠡᠭ᠃ ᠬᠦᠮᠦᠰ ᠤᠨ ᠨᠠᠰᠤ ᠵᠢᠯ ᠨᠡᠮᠡᠭᠳᠡᠬᠦ ᠶᠢ ᠳᠠᠭᠠᠯᠳᠤᠨ ᠦᠶ᠎ᠠ ᠬᠡᠰᠢᠬᠦᠨ ᠤ ᠠᠮᠢᠳᠤ ᠪᠤᠳᠠᠰ ᠤᠨ ᠬᠦᠴᠤᠨ ᠤ ᠤᠬᠠᠭᠠᠨ ᠤ ᠬᠤᠪᠢᠷᠠᠯᠳᠠ ᠭᠠᠷᠴᠤ ᠡᠬᠦᠨ ᠤ ᠤᠯᠠᠮ ᠠᠴᠠ ᠡᠪᠤᠳᠦᠭ ᠤᠨ ᠦᠶ᠎ᠠ ᠶᠢᠨ ᠰᠢᠷ ᠎ᠠ ᠤᠰᠤᠨ ᠡᠪᠡᠳᠴᠢᠨ ᠢ ᠡᠬᠦᠰᠬᠡᠬᠦ ᠳᠡᠷᠡᠴᠢᠯᠡᠨ ᠬᠦᠨᠳᠤᠷᠡᠬᠦ ᠬᠡᠮᠵᠢᠶᠡᠨ ᠳᠤ ᠬᠦᠷᠭᠡᠳᠡᠭ᠃ ᠪᠠᠰᠠ 50 ᠨᠠᠰᠤᠨ ᠠᠴᠠ ᠳᠡᠭᠡᠭᠰᠢᠬᠢ ᠡᠮᠡᠭᠳᠡᠶᠢᠴᠤᠳ ᠤᠨ ᠭᠦᠯ ᠤᠨ ᠦᠶ᠎ᠠ ᠶᠢᠨ ᠪᠤᠯᠴᠢᠩ ᠤᠨ ᠬᠦᠴᠤᠨ ᠤ ᠳᠤᠷᠦ᠋ᠢᠳᠠᠯ ︵ᠭᠤᠶ᠎ᠠ ᠶᠢᠨ ᠲᠦᠷᠪᠡᠨ ᠳᠤᠯᠤᠭᠠᠢᠢᠳᠤ ᠪᠤᠯᠴᠢᠩ︶ ᠠᠴᠠ ᠪᠤᠯᠵᠤ ᠡᠨᠡᠬᠦ ᠡᠪᠡᠳᠴᠢᠨ ᠡᠬᠦᠰᠳᠡᠭ᠃ ᠡᠮᠡᠭᠳᠡᠶᠢᠴᠤᠤᠠ ᠤᠨ ᠡᠪᠤᠳᠦᠭ ᠤᠨ ᠦᠶ᠎ᠠ ᠶᠢᠨ ᠰᠢᠷ᠎ᠠ ᠤᠰᠤᠨ ᠡᠪᠡᠳᠴᠢᠨ ᠠᠴᠠ ᠰᠢᠯᠳᠠᠭᠠᠯᠠᠨ ᠡᠪᠤᠳᠦᠭ ᠤᠨ ᠦᠶ᠎ᠠ ᠳᠤᠳᠤᠬᠰᠢ ᠤᠷᠪᠠᠭᠰᠠᠨ ᠬᠡᠮ ᠡᠬᠦᠰᠬᠦ ᠨᠢ ᠡᠷᠡᠭᠳᠡᠶᠢᠴᠤᠤᠠ ᠠᠴᠠ ᠦᠨᠳᠤᠷ ᠪᠠᠶᠢᠳᠠᠭ᠃ ᠳᠤᠰ ᠡᠪᠡᠳᠴᠢᠨ ᠨᠢ ᠪᠠᠰᠠ ᠴᠡᠪᠡᠷᠰᠢᠬᠦ ᠬᠤᠭᠤᠴᠠᠭᠠᠨ ᠤ ᠳᠠᠷᠠᠭ᠎ᠠ ᠡᠮ᠎ᠠ ᠪᠡᠯᠭᠡ ᠶᠢᠨ ᠬᠤᠷᠮᠤᠨ ᠤ ᠳᠤᠬᠢᠷᠠᠭᠤᠯᠭ᠎ᠠ ᠶᠢᠨ ᠬᠦᠢᠴᠡᠳ ᠦᠬᠡᠢ ᠲᠠᠢ ᠬᠤᠯᠪᠤᠬᠳᠠᠯ ᠲᠠᠢ᠃ ᠳᠠᠷᠠᠭᠠᠯᠠᠪᠠᠯ ᠡᠨᠡᠬᠦ ᠡᠪᠡᠳᠴᠢᠨ ᠤ ᠡᠬᠦᠰᠤᠯᠳᠡ ᠨᠢ ᠪᠠᠰᠠ ᠬᠦᠮᠦᠰ ᠤᠨ ᠪᠡᠶ᠎ᠠ ᠶᠢᠨ ᠬᠦᠨᠳᠤ ᠲᠠᠢ ᠨᠢᠬᠳᠠ ᠬᠤᠯᠪᠤᠬᠳᠠᠯ ᠲᠠᠢ ᠪᠠᠶᠢᠳᠠᠬ᠃ ᠬᠦᠮᠦᠰ ᠤᠨ ᠪᠡᠶ᠎ᠠ ᠶᠢᠨ ᠬᠦᠨᠳᠤ 10 ᠺᠢᠯᠦᠭᠷᠠᠮ ᠨᠡᠮᠡᠭᠳᠡᠬᠦ ᠳᠤᠳᠤᠮ ᠡᠪᠤᠳᠦᠭ ᠤᠨ ᠦᠶ᠎ᠠ ᠶᠢᠨ ᠰᠢᠷ᠎ᠠ ᠤᠰᠤᠨ ᠡᠪᠡᠳᠴᠢᠨ ᠤ ᠡᠬᠦᠰᠬᠦ ᠨᠤᠷᠮ᠎ᠠ ᠨᠢ 40% ᠪᠠᠷ ᠨᠡᠮᠡᠭᠳᠡᠳᠡᠭ᠃ ᠡᠶᠢᠮᠤ ᠠᠴᠠ ᠮᠠᠷᠢᠶ᠎ᠠ ᠪᠠᠨ ᠳᠤᠬᠢᠷᠠᠮᠵᠢᠳᠡᠢ ᠪᠠᠶᠢᠯᠭᠠᠬᠤ ᠨᠢ ᠡᠨᠡᠬᠦ ᠡᠪᠡᠳᠴᠢᠨ ᠤ ᠡᠬᠦᠰᠤᠯᠳᠡ ᠶᠢ ᠬᠤᠷᠢᠬᠯᠠᠬᠤ ᠳᠤ ᠮᠠᠰᠢ ᠶᠡᠭᠡ ᠠᠴᠢ ᠬᠤᠯᠪᠤᠬᠳᠠᠯ ᠲᠠᠢ ᠪᠠᠶᠢᠳᠠᠬ᠃ ᠡᠬᠦᠨ ᠠᠴᠠ ᠭᠠᠳᠠᠨ᠎ᠠ ᠪᠠᠰᠠ ᠶᠠᠷᠢᠶᠠᠨ ᠤ ᠡᠬᠢᠨ ᠳᠤ ᠶᠠᠷᠢᠬᠰᠠᠨ ᠦᠷᠪᠢᠰᠤᠯ᠂ ᠭᠠᠳᠠᠷ ᠬᠡᠮᠳᠤᠯ᠂ ᠤᠳᠤᠮᠯᠠᠯ ᠵᠢᠴᠢ ᠤᠯᠠᠨ ᠳᠠᠯ᠎ᠠ ᠶᠢᠨ ᠰᠢᠯᠳᠠᠭᠠᠨ ᠨᠦᠬᠦᠴᠡᠯ ᠠᠴᠠ ᠪᠤᠯᠵᠤ ᠡᠪᠤᠳᠦᠭ ᠤᠨ ᠦᠶ᠎ᠠ ᠶᠢᠨ ᠰᠢᠷ᠎ᠠ ᠤᠰᠤᠨ ᠡᠪᠡᠳᠴᠢᠨ ᠢ ᠡᠭᠦᠰᠭᠡᠳᠡᠭ᠃      ᠰᠤᠷᠪᠦᠯᠵᠢᠯᠠᠬᠴᠢ᠄ ᠡᠪᠤᠳᠦᠭ ᠤᠨ ᠦᠶ᠎ᠠ ᠶᠢᠨ ᠰᠢᠷ ᠎ᠠ ᠤᠰᠤᠨ ᠡᠪᠡᠳᠴᠢᠨ ᠤ ᠰᠢᠨᠵᠢ ᠢᠯᠡᠷᠡᠯ ᠨᠢ ᠶᠠᠮᠠᠷ ᠪᠠᠶᠢᠳᠠᠭ ᠪᠤᠢ︖      ᠮᠡᠷᠭᠡᠨᠪᠢᠯᠢᠭ ᠡᠮᠴᠢ᠄ ᠨᠢᠬᠡ ᠳᠤ ᠡᠪᠡᠳᠤᠨ᠎ᠠ᠂ ᠡᠬᠢᠨ ᠤ ᠱᠠᠳᠤᠨ ᠳᠤ ᠪᠠᠨ ᠬᠦᠳᠡᠯᠬᠡᠬᠡᠨ ᠤ ᠳᠠᠷᠠᠭ᠎ᠠ ᠡᠪᠡᠳᠴᠤ ᠪᠠᠶᠢᠬᠰᠠᠨ ᠠᠴᠠ ᠤᠯᠠᠮ ᠢᠶᠠᠷ ᠬᠦᠨᠳᠤᠷᠡᠵᠤ ᠤᠨᠳᠠᠵᠤ ᠠᠮᠠᠷᠠᠬᠤ ᠦᠶ᠎ᠠ ᠳᠤ ᠦᠷᠬᠦᠯᠵᠢ ᠶᠢᠨ ᠴᠢᠨᠠᠷᠳᠠᠢ ᠡᠪᠡᠳᠬᠦ ᠰᠢᠨᠵᠢ ᠢᠯᠡᠷᠡᠳᠡᠭ᠂ ᠤᠨᠴᠠᠭᠠᠢᠢᠯᠠᠨ ᠳᠡᠭᠡᠭᠰᠢ ᠳᠤᠷᠤᠬᠰᠢ ᠠᠰᠠᠷ ᠤᠨ ᠱᠠᠳᠤ ᠮᠠᠴᠤᠬᠤ ᠦᠶ᠎ᠠ ᠳᠤ ᠡᠪᠡᠳᠬᠦ ᠨᠢ ᠤᠯᠠᠮ ᠬᠦᠨᠳᠤ ᠪᠠᠶᠢᠳᠠᠬ᠃ ᠬᠦᠳᠡᠯᠭᠡᠭᠡᠨ ᠤ ᠦᠶ᠎ᠠ ᠳᠤ ᠡᠪᠡᠳᠬᠦ ᠨᠢ ᠭᠤᠤᠯᠳᠠᠭᠤ ᠬᠦᠳᠡᠯᠭᠡᠭᠡᠨ ᠤ ᠳᠤᠮᠳᠠᠬᠢ ᠦᠷᠦᠯᠳᠡ ᠠᠴᠠ ᠪᠤᠯᠵᠤ ᠡᠪᠡᠷᠰᠢᠶᠡᠯ ᠡᠬᠦᠰᠳᠡᠭ᠃ ᠡᠪᠡᠳᠬᠦ ᠬᠡᠮᠵᠢᠶ᠎ᠠ ᠨᠢ ᠡᠬᠢᠨ ᠤ ᠦᠶ᠎ᠠ ᠳᠤ ᠬᠦᠡᠭᠭᠡᠨ ᠪᠠᠶᠢᠬᠰᠠᠨ ᠠᠴᠠ ᠰᠡᠬᠦᠯᠴᠢ ᠶᠢᠨ ᠦᠶ᠎ᠠ ᠳᠤ ᠬᠦᠨᠳᠤ ᠪᠤᠯᠳᠠᠬ᠃ ᠡᠬᠦᠨ ᠳᠤ ᠡᠪᠡᠳᠬᠦ ᠶᠢᠨ ᠪᠠᠶᠢᠷᠢ ᠶᠢᠨ ᠳᠠᠯ᠎ᠠ ᠳᠤ ᠠᠪᠴᠤ ᠶᠠᠷᠢᠪᠠᠯ ᠡᠪᠤᠳᠦᠭ ᠤᠨ ᠦᠶ᠎ᠠ ᠳᠤᠳᠤᠬᠰᠢ ᠤᠷᠪᠠᠭᠰᠠᠨ ᠬᠡᠮ ᠳᠤ ᠡᠪᠤᠳᠦᠭ ᠤᠨ ᠦᠶ᠎ᠠ ᠶᠢᠨ ᠳᠤᠳᠤᠷ ᠳᠠᠯ᠎ᠠ ᠳᠤ ᠡᠪᠡᠳᠴᠤ᠂ ᠡᠪᠤᠳᠦᠭ ᠤᠨ ᠦᠶ᠎ᠠ ᠭᠠᠳᠠᠬᠰᠢ ᠤᠷᠪᠠᠭᠰᠠᠨ ᠬᠡᠮ ᠳᠤ ᠡᠪᠤᠳᠦᠭ ᠤᠨ ᠦᠶ᠎ᠠ ᠶᠢᠨ ᠭᠠᠳᠠᠷ ᠳᠠᠯ᠎ᠠ ᠳᠤ ᠡᠪᠡᠳᠬᠦ ᠵᠡᠷᠭᠡ ᠰᠢᠨᠵᠢ ᠬᠠᠷᠢᠴᠠᠩᠭᠤᠢ ᠢᠯᠡᠷᠡᠳᠡᠭ᠃ ᠡᠬᠦᠨ ᠳᠤ ᠬᠠᠯᠠᠭᠤᠨ ᠴᠢᠨᠠᠷᠳᠠᠢ ᠪᠤᠯ ᠡᠩ ᠤᠨ ᠦᠶ᠎ᠠ ᠶᠢᠨ ᠡᠪᠡᠳᠬᠦ ᠨᠢ ᠬᠠᠷᠢᠴᠠᠩᠭᠤᠢ ᠢᠯᠡᠬᠦᠤ᠂ ᠬᠠᠷᠢᠨ ᠬᠦᠢᠳᠡᠨ ᠴᠢᠨᠠᠷ ᠪᠦᠬᠦᠢ ᠡᠪᠤᠳᠦᠭ ᠤᠨ ᠦᠶ ᠎ᠠ ᠶᠢᠨ ᠰᠢᠷ᠎ᠠ ᠤᠰᠤᠨ ᠡᠪᠡᠳᠴᠢᠨ ᠨᠢ ᠬᠦᠢᠳᠡᠨ ᠴᠢᠬᠢᠭ ᠪᠤᠯᠤᠨ ᠡᠬᠦᠯᠡ ᠲᠠᠢ ᠪᠦᠷᠬᠦᠭ ᠠᠭᠤᠷ ᠠᠮᠢᠰᠬᠤᠯ ᠤᠨ ᠬᠤᠪᠢᠷᠠᠯᠳᠠ ᠳᠤ ᠡᠪᠡᠳᠬᠦ ᠰᠢᠨᠵᠢ ᠨᠢ ᠨᠡᠩ ᠢᠯᠡᠬᠦᠤ ᠪᠠᠶᠢᠳᠠᠬ᠃ ᠬᠤᠶᠠᠷ ᠲᠤ᠂ ᠦᠶ᠎ᠠ ᠬᠡᠰᠢᠬᠦᠤ ᠬᠠᠪᠤᠳᠤᠨ᠎ᠠ᠂ ᠳᠤᠰ ᠡᠪᠡᠳᠴᠢᠨ ᠤ ᠰᠢᠨᠵᠢ ᠨᠢ ᠭᠤᠤᠯᠳᠠᠭᠤ ᠦᠶ᠎ᠠ ᠬᠡᠰᠢᠬᠦᠨ ᠳᠤ ᠰᠢᠷ᠎ᠠ ᠤᠰᠤ ᠬᠤᠷᠠᠬᠰᠠᠨ ᠠᠴᠠ ᠪᠤᠯᠵᠤ ᠡᠬᠦᠰᠳᠡᠭ᠃ ᠦᠶ᠎ᠠ ᠬᠡᠰᠢᠬᠦᠨ ᠤ ᠮᠦᠭᠡᠷᠰᠤᠨ ᠭᠠᠳᠠᠷᠭᠤ ᠡᠪᠳᠡᠭᠳᠡᠵᠤ᠂ ᠮᠦᠭᠡᠷᠰᠤᠨ ᠭᠠᠳᠠᠷᠭᠤ ᠳᠡᠭᠰᠢ ᠪᠤᠰᠤ ᠪᠤᠯᠤᠬᠰᠠᠨ ᠠᠴᠠ ᠪᠤᠯᠵᠤ ᠬᠦᠳᠡᠯᠬᠡᠬᠡᠨ ᠤ ᠳᠠᠷᠠᠭ᠎ᠠ ᠱᠦᠷᠭᠦᠯᠳᠤᠬᠦ ᠠᠪᠢᠶ᠎ᠠ ᠭᠠᠷᠳᠠᠬ᠃ ᠭᠤᠷᠪᠠ᠂ ᠦᠶ᠎ᠠ ᠬᠡᠰᠢᠬᠦᠤ ᠬᠦᠰᠢᠬᠦᠨ ᠪᠤᠯᠤᠨ᠎ᠠ᠂ ᠡᠨᠡᠬᠦ ᠡᠪᠡᠳᠴᠢᠨ ᠤ ᠰᠢᠨᠵᠢ ᠨᠢ ᠡᠪᠤᠳᠦᠭ ᠤᠨ ᠦᠶ᠎ᠠ ᠶᠢᠨ ᠰᠢᠷ ᠎ᠠ ᠤᠰᠤᠨ ᠡᠪᠡᠳᠴᠢᠨ ᠤ ᠬᠠᠮᠤᠬ ᠨᠡᠶᠢᠳᠡᠯᠢᠭ ᠰᠢᠨᠵᠢ ᠪᠤᠯᠤᠨ᠎ᠠ᠃ ᠳᠤᠰ ᠡᠪᠡᠳᠴᠢᠨ ᠤ ᠰᠢᠨᠵᠢ ᠢᠯᠡᠷᠡᠵᠤ ᠪᠠᠶᠢᠬᠤ ᠨᠢ ᠡᠪᠤᠳᠦᠭ ᠤᠨ ᠦᠶ᠎ᠠ ᠶᠢᠨ ᠰᠢᠷ᠎ᠠ ᠤᠰᠤᠨ ᠡᠪᠡᠳᠴᠢᠨ ᠤ ᠤᠷᠢᠳᠴᠢᠯᠠᠬᠰᠠᠨ ᠰᠢᠨᠵᠢ ᠳᠡᠮᠳᠡᠭ ᠪᠤᠯᠬᠤ ᠶᠤᠮ᠃ ᠡᠨᠡ ᠨᠢ ᠭᠤᠤᠯᠳᠠᠭᠤ ᠦᠷᠯᠦᠬᠡ ᠡᠷᠳᠡ ᠪᠤᠰᠬᠤ ᠦᠶ᠎ᠠ ᠳᠤ ᠦᠶ᠎ᠠ ᠬᠡᠰᠢᠬᠦᠤ ᠪᠠᠷ ᠬᠦᠰᠢᠬᠦ ᠪᠠᠶᠢᠳᠠᠯ ᠢᠯᠡᠷᠡᠵᠤ᠂ ᠬᠦᠳᠡᠯᠬᠡᠬᠡᠨ ᠬᠢᠵᠤ᠂ ᠠᠷᠪᠠᠭᠠᠳ ᠮᠢᠨᠦ᠋ᠲ ᠤᠨ ᠳᠠᠷᠠᠭ᠎ᠠ ᠪᠠᠶᠢᠳᠠᠯ ᠠᠶᠠᠨᠳᠠᠭᠠᠨ ᠨᠠᠮᠳᠠᠳᠠᠬ᠂ ᠦᠷᠭᠦᠯᠵᠢᠯᠡᠬᠦ ᠴᠠᠬ ᠨᠢ ᠬᠠᠷᠢᠴᠠᠩᠭᠤᠢ ᠤᠬᠤᠷ᠂ ᠤᠯᠠᠩᠭᠢ ᠳᠤ ᠪᠠᠨ 30 ᠮᠢᠨᠦ᠋ᠲ ᠠᠴᠠ ᠬᠡᠳᠤᠷᠡᠳᠡᠭ ᠦᠬᠡᠢ᠂ ᠦᠶ᠎ᠠ ᠬᠡᠰᠢᠬᠦᠤ ᠬᠦᠰᠢᠬᠦᠨ ᠰᠠᠨᠠᠬᠳᠠᠬᠤ ᠨᠢ ᠠᠭᠠᠷ ᠤᠨ ᠳᠠᠷᠤᠴᠠ ᠪᠠᠭᠤᠷᠠᠬᠤ ᠵᠢᠴᠢ ᠠᠭᠤᠷ ᠠᠮᠢᠰᠬᠤᠯ ᠤᠨ ᠴᠢᠬᠢᠭᠯᠢᠭ ᠤᠨ ᠬᠡᠮᠵᠢᠶ᠎ᠠ ᠨᠡᠮᠡᠭᠳᠡᠬᠦ ᠶᠢ ᠳᠠᠭᠠᠯᠳᠤᠨ ᠬᠦᠨᠳᠤᠷᠡᠳᠡᠭ᠃ ᠲᠦᠷᠪᠡ ᠳᠤ᠂ ᠦᠶ᠎ᠠ ᠬᠡᠰᠢᠬᠦᠤ ᠶᠢᠨ ᠭᠡᠰᠡᠭ ᠢᠶᠠᠷ ᠳᠠᠮᠢᠷ ᠳᠤᠷᠤᠢ ᠪᠤᠯᠬᠤ᠂ ᠡᠨᠡᠬᠦ ᠰᠢᠨᠵᠢ ᠨᠢ ᠪᠤᠯᠴᠢᠩ ᠮᠢᠬ᠎ᠠ᠂ ᠵᠦᠬᠡᠯᠡᠨ ᠨᠡᠭᠡᠳᠡᠰᠤ ᠠᠪᠴᠢᠯᠳᠠ ᠡᠭᠦᠰᠦᠭᠰᠡᠨ ᠠᠴᠠ ᠪᠤᠯᠵᠤ ᠦᠶ᠎ᠠ ᠬᠡᠰᠢᠬᠦᠤ ᠶᠢᠨ ᠭᠡᠰᠡᠭ ᠢᠶᠠᠷ ᠳᠠᠮᠢᠷ ᠳᠤᠷᠤᠢ ᠪᠤᠯᠬᠤ ᠰᠢᠨᠵᠢ ᠳᠡᠮᠳᠡᠭ ᠢᠯᠡᠷᠡᠳᠡᠭ᠂ ᠭᠤᠤᠯᠳᠠᠭᠤ ᠡᠩ ᠤᠨ ᠦᠶ᠎ᠠ ᠳᠤ ᠠᠯᠬᠤᠵᠤ ᠶᠠᠪᠤᠬᠤ ᠦᠶ ᠎ᠠ ᠳᠤ ᠬᠦᠯ ᠨᠤᠭᠤᠷᠠᠨ ᠴᠢᠳᠠᠯ ᠦᠬᠡᠢ ᠪᠤᠯᠬᠤ᠂ ᠡᠪᠡᠳᠴᠢᠨ ᠤ ᠪᠠᠶᠢᠳᠠᠯ ᠬᠦᠨᠳᠤ ᠦᠶ᠎ᠠ ᠳᠤ ᠪᠠᠨ ᠡᠪᠤᠳᠦᠭ ᠤᠨ ᠦᠶ᠎ᠠ ᠪᠠᠨ ᠪᠦᠷᠢᠮᠦᠰᠤᠨ ᠨᠤᠭᠤᠯᠵᠤ ᠳᠡᠨᠢᠢᠯᠬᠡᠬᠦ ᠳᠤ ᠬᠦᠴᠢᠷᠳᠡᠬᠦ ᠪᠠᠶᠢᠳᠠᠯ ᠭᠠᠷᠬᠤ ᠵᠡᠷᠭᠡ ᠰᠢᠨᠵᠢ ᠢᠯᠡᠷᠡᠳᠡᠭ᠃ ᠳᠠᠪᠤ ᠳᠤ ᠡᠪᠦᠳᠦᠭ ᠤᠨ ᠦᠶ ᠎ᠠ ᠶᠢᠨ ᠬᠦᠳᠡᠯᠬᠡᠬᠡᠨ ᠬᠠᠷᠰᠢᠯᠠᠬᠳᠠᠨ᠎ᠠ᠂ ᠳᠡᠭᠡᠷᠡᠬᠢ ᠰᠢᠨᠵᠢ ᠨᠢ ᠡᠪᠤᠳᠦᠭ ᠤᠨ ᠦᠶ᠎ᠠ ᠶᠢᠨ ᠤᠷᠴᠢᠮ ᠤᠨ ᠪᠤᠯᠴᠢᠩ ᠮᠢᠬᠠᠨ ᠤ ᠠᠳᠤᠷᠢᠯ᠂ ᠦᠶ᠎ᠠ ᠬᠡᠰᠢᠬᠦᠨ ᠤ ᠡᠷᠡᠬᠦᠯ ᠤᠨ ᠪᠦᠳᠤᠴᠡ ᠶᠢᠨ ᠡᠪᠳᠡᠭᠳᠡᠯ ᠠᠴᠠ ᠰᠢᠯᠳᠠᠭᠠᠯᠠᠨ ᠡᠬᠦᠰᠴᠤ᠂ ᠡᠪᠤᠳᠦᠭ ᠤᠨ ᠦᠶ᠎ᠠ ᠶᠢᠨ ᠠᠯᠢᠪᠠ ᠬᠦᠳᠡᠯᠭᠡᠬᠡᠨ ᠬᠠᠷᠰᠢᠯᠠᠬᠳᠠᠬᠤ ᠬᠡᠮᠵᠢᠶᠡᠨ ᠳᠤ ᠬᠦᠷᠳᠡᠭ᠃ ᠡᠬᠦᠨ ᠤ ᠬᠠᠮᠳᠤ ᠪᠠᠰᠠ ᠡᠪᠤᠳᠦᠭ ᠤᠨ ᠦᠶ᠎ᠠ ᠳᠤᠳᠤᠬᠰᠢ ᠤᠷᠪᠠᠭᠰᠠᠨ ᠬᠡᠮ᠂ ᠡᠪᠤᠳᠦᠭ ᠤᠨ ᠦᠶ᠎ᠠ ᠭᠠᠳᠠᠬᠰᠢ ᠤᠷᠪᠠᠭᠰᠠᠨ ᠬᠡᠮ ᠵᠡᠷᠭᠡ ᠡᠪᠡᠳᠴᠢᠨ ᠤ ᠬᠤᠪᠢᠷᠠᠯᠳᠠ ᠳᠠᠭᠠᠯᠳᠤᠨ ᠢᠯᠡᠷᠡᠳᠡᠭ᠃ ᠡᠬᠦᠨ ᠠᠴᠠ ᠪᠤᠯᠵᠤ ᠬᠡᠪ ᠤᠨ ᠠᠮᠢᠳᠤᠷᠠᠯ ᠤᠨ ᠴᠢᠨᠰᠠᠭ᠎ᠠ ᠶᠢ ᠶᠡᠬᠡᠬᠡᠨ ᠨᠦᠯᠦᠬᠡᠯᠡᠬᠦ ᠪᠤᠯᠤᠨ᠎ᠠ᠃      ᠰᠤᠷᠪᠦᠯᠵᠢᠯᠠᠬᠴᠢ᠄ ᠳᠡᠭᠡᠪᠡᠯ ᠡᠪᠤᠳᠦᠭ ᠤᠨ ᠦᠶ᠎ᠠ ᠶᠢᠨ ᠰᠢᠷ᠎ᠠ ᠤᠰᠤᠨ ᠡᠪᠡᠳᠴᠢᠨ ᠳᠤ ᠨᠡᠷᠪᠡᠭᠳᠡᠪᠡᠯ ᠡᠯ᠎ᠠ ᠱᠠᠳᠤ ᠦᠶ᠎ᠠ ᠳᠠᠬᠢ ᠡᠮᠴᠢᠯᠡᠬᠦ ᠠᠷᠭ᠎ᠠ ᠶᠠᠮᠠᠷ ᠪᠠᠶᠢᠳᠠᠭ ᠪᠤᠢ︖      ᠮᠡᠷᠭᠡᠨᠪᠢᠯᠢᠭ ᠡᠮᠴᠢ᠄ ᠡᠪᠤᠳᠦᠭ ᠤᠨ ᠦᠶ᠎ᠠ ᠶᠢᠨ ᠰᠢᠷ᠎ᠠ ᠤᠰᠤᠨ ᠡᠪᠡᠳᠴᠢᠨ ᠤ ᠡᠬᠦᠰᠦᠯᠳᠡ ᠶᠢ ᠪᠢᠳᠡ ᠡᠪᠡᠳᠴᠢᠨ ᠤ ᠬᠦᠨᠳᠤ ᠬᠦᠡᠭᠭᠡᠨ ᠤ ᠪᠠᠶᠢᠳᠠᠯ ᠢᠶᠠᠷ ᠱᠠᠳᠤᠴᠢ ᠴᠢᠨᠠᠷᠳᠡᠢ ᠡᠮᠴᠢᠯᠡᠭᠡ ᠬᠢᠵᠤ ᠪᠤᠯᠳᠠᠬ᠃ ᠪᠤᠳᠠᠳᠡᠢ ᠪᠠᠷ ᠶᠠᠷᠢᠪᠠᠯ᠂ ᠨᠢᠬᠡᠳᠤᠭᠡᠷ ᠱᠠᠳᠤ ᠦᠶ᠎ᠠ ᠳᠤ ᠪᠢᠳᠡ ᠡᠪᠡᠳᠴᠢᠳᠡᠨ ᠳᠤ ᠡᠨᠡᠬᠦ ᠡᠪᠡᠳᠴᠢᠨ ᠤ ᠳᠤᠬᠠᠢ ᠮᠡᠳᠡᠯᠭᠡ ᠶᠢ ᠰᠤᠷᠳᠠᠯᠴᠢᠯᠠᠵᠤ᠂ ᠳᠡᠬᠦᠨ ᠤ ᠬᠤᠤᠷ ᠬᠦᠨᠦᠬᠡᠯ ᠤᠨ ᠳᠤᠬᠠᠢ ᠤᠢᠢᠯᠠᠭᠠᠯᠳᠠ ᠶᠢ ᠬᠦᠨᠵᠡᠬᠡᠶᠢᠷᠡᠬᠦᠯᠵᠤ ᠡᠷᠡᠬᠦᠯ ᠮᠡᠡᠳᠤ ᠠᠮᠢᠳᠤᠷᠠᠯ ᠤᠨ ᠬᠡᠪ ᠮᠠᠶ᠋ᠢᠬ ᠢ ᠳᠠᠨᠢᠯᠴᠠᠭᠤᠯᠤᠨ ᠡᠪᠤᠳᠦᠭ ᠤᠨ ᠦᠶ᠎ᠠ ᠶᠢ ᠬᠠᠮᠠᠭᠠᠯᠠᠬᠤ ᠳᠤᠬᠠᠢ ᠮᠡᠳᠡᠯᠬᠡ ᠶᠢ ᠵᠢᠭᠠᠨ ᠵᠢᠯᠦᠭᠤᠳᠤᠨ᠎ᠠ᠃ ᠤᠳᠠᠭᠠᠨ ᠴᠢᠨᠠᠷᠳᠡᠢ ᠡᠪᠤᠳᠦᠭ ᠤᠨ ᠦᠶ᠎ᠠ ᠶᠢᠨ ᠰᠢᠷ᠎ᠠ ᠤᠰᠤᠨ ᠡᠪᠡᠳᠴᠢᠨ ᠤ ᠡᠮᠴᠢᠯᠡᠭᠡ ᠳᠤ ᠪᠠᠰᠠ ᠬᠠᠯᠠᠭᠤᠨ ᠵᠢᠩ ᠵᠠᠰᠠᠯ᠂ ᠴᠠᠬᠢᠯᠭᠠᠨ ᠵᠠᠰᠠᠯ᠂ ᠰᠤᠷᠢᠨᠵᠢᠨ ᠵᠠᠰᠠᠯ᠂ ᠤᠯᠠᠭᠠᠨ ᠤ ᠭᠠᠳᠠᠨᠠᠬᠢ ᠳᠤᠶᠠᠭᠠᠨ ᠤ ᠵᠠᠰᠠᠯ᠂ ᠤᠰᠤᠨ ᠵᠠᠰᠠᠯ᠂ ᠷᠠᠰᠢᠶᠠᠨ ᠵᠠᠰᠠᠯ᠂ ᠰᠢᠪᠠᠷ ᠵᠠᠰᠠᠯ᠂ ᠯᠠ ᠵᠠᠰᠠᠯ ᠵᠡᠷᠭᠡ ᠤᠯᠠᠮᠵᠢᠯᠠᠯᠳᠤ ᠵᠠᠰᠠᠯ ᠵᠢᠴᠢ ᠰᠢᠨ᠎ᠠ ᠬᠡᠯᠪᠡᠷᠢ ᠶᠢᠨ ᠵᠠᠰᠠᠯ ᠪᠠ ᠡᠮᠳᠤ ᠪᠤᠳᠠᠰ ᠤᠨ ᠡᠮᠴᠢᠯᠡᠭᠡ ᠶᠢ ᠤᠶᠠᠯᠳᠤᠭᠤᠯᠵᠤ ᠡᠮᠴᠢᠯᠡᠵᠤ ᠪᠤᠯᠳᠠᠬ᠃ ᠬᠤᠶᠠᠳᠤᠭᠠᠷ ᠱᠠᠳᠤ ᠳᠤ᠂ ᠡᠪᠤᠳᠦᠭ ᠤᠨ ᠦᠶ᠎ᠠ ᠶᠢᠨ ᠳᠤᠷᠠᠨ ᠤ ᠳᠤᠤᠷ᠎ᠠ ᠪᠢᠴᠢᠯ ᠰᠢᠷᠬ᠎ᠠ ᠪᠠᠷ ᠡᠪᠤᠳᠦᠭ ᠤᠨ ᠦᠶ᠎ᠠ ᠶᠢ ᠴᠡᠪᠡᠷᠯᠡᠬᠦ ᠵᠠᠰᠠᠯ ᠬᠢᠬᠦ᠂ ᠡᠪᠤᠳᠦᠭ ᠤᠨ ᠦᠶ ᠎ᠠ ᠮᠦᠭᠡᠷᠰᠤᠯᠡᠬᠦ᠂ ᠶᠠᠰᠤ᠂ ᠳᠠᠯ᠎ᠠ ᠰᠠᠷᠠᠨ ᠬᠡᠯᠪᠡᠷᠢᠳᠤ ᠮᠦᠬᠡᠷᠰᠤᠨ ᠳᠠᠪᠠᠭ᠂ ᠬᠦᠯᠢᠬᠡᠷ ᠪᠦᠷᠭᠦᠪᠴᠢ ᠵᠡᠷᠭᠡ ᠨᠢ ᠡᠪᠡᠳᠴᠢᠨ ᠤ ᠬᠤᠪᠢᠷᠠᠯᠳᠠ ᠭᠠᠷᠤᠬᠰᠠᠨ ᠦᠶ᠎ᠠ ᠳᠤ ᠡᠨᠡᠬᠦ ᠵᠠᠰᠠᠯ ᠤᠨ ᠠᠷᠭ᠎ᠠ ᠶᠢ ᠬᠡᠷᠡᠭᠯᠡᠵᠤ ᠪᠤᠯᠳᠠᠬ᠃ ᠭᠤᠷᠪᠠᠳᠤᠭᠠᠷ ᠱᠠᠳᠤ ᠦᠶ᠎ᠠ ᠳᠤ ᠡᠪᠤᠳᠦᠭ ᠤᠨ ᠦᠶ᠎ᠠ ᠶᠢᠨ ᠰᠢᠷ᠎ᠠ ᠤᠰᠤᠨ ᠡᠪᠡᠳᠴᠢᠨ ᠠᠴᠠ ᠰᠢᠯᠳᠠᠭᠠᠯᠠᠨ ᠡᠪᠤᠳᠦᠭ ᠤᠨ ᠦᠶ᠎ᠠ ᠶᠢᠨ ᠳᠤᠳᠤᠬᠰᠢ ᠤᠷᠪᠠᠭᠰᠠᠨ ᠬᠡᠮ᠂ ᠡᠪᠤᠳᠦᠭ ᠤᠨ ᠦᠶ᠎ᠠ ᠭᠠᠳᠠᠬᠰᠢ ᠤᠷᠪᠠᠭᠰᠡᠨ ᠬᠡᠮ ᠳᠠᠭᠠᠯᠳᠤᠨ ᠢᠯᠡᠷᠡᠳᠡᠭ᠃ ᠡᠶᠢᠮᠤᠷᠬᠦᠤ ᠪᠠᠶᠢᠳᠠᠯ ᠳᠤᠤᠷ᠎ᠠ ᠭᠠᠭᠴᠠ ᠡᠪᠤᠳᠦᠭ ᠤᠨ ᠦᠶ᠎ᠠ ᠶᠢᠨ ᠳᠤᠷᠠᠨ ᠤ ᠳᠤᠤᠷ᠎ᠠ ᠪᠢᠴᠢᠯ ᠰᠢᠷᠬ᠎ᠠ ᠪᠠᠷ ᠡᠪᠤᠳᠦᠭ ᠤᠨ ᠦᠶ᠎ᠠ ᠶᠢ ᠴᠡᠪᠡᠷᠯᠡᠬᠦ ᠵᠠᠰᠠᠯ ᠬᠢᠬᠦ ᠨᠢ ᠡᠮᠴᠢᠯᠡᠬᠡᠨ ᠤ ᠠᠰᠢᠬ ᠳᠤᠰᠠ ᠪᠠᠷ ᠠᠨᠠᠢ ᠪᠠᠶᠢᠳᠠᠬ᠃ ᠡᠶᠢᠮᠤ ᠠᠴᠠ ᠪᠢᠳᠡ ᠬᠠᠷᠠᠬᠠᠨ ᠡᠪᠤᠳᠦᠭ ᠤᠨ ᠦᠶ ᠎ᠠ ᠶᠢ ᠬᠢᠮᠡᠯ ᠡᠪᠤᠳᠦᠭ ᠤᠨ ᠦᠶ᠎ᠠ ᠪᠠᠷ ᠰᠤᠯᠢᠬᠤ ᠮᠡᠰᠡ ᠵᠠᠰᠠᠯ ᠬᠢᠬᠦ ᠬᠡᠮᠵᠢᠶᠡᠨ ᠳᠤ ᠬᠦᠷᠦᠭᠡ ᠦᠬᠡᠢ ᠡᠪᠡᠳᠴᠢᠳᠡᠨ ᠳᠤ ᠪᠠᠰᠠ ᠳᠤᠤᠷᠠᠳᠤ ᠮᠦᠴᠢ ᠶᠢᠨ ᠶᠠᠰᠤ ᠶᠢ ᠵᠢᠰᠢᠬᠦᠤ ᠤᠬᠳᠤᠯᠬᠤ ᠵᠠᠰᠠᠯ ᠢᠶᠠᠷ ᠳᠠᠮᠵᠢᠨ᠂ ᠳᠤᠤᠷᠠᠳᠤ ᠮᠦᠴᠢ ᠶᠢᠨ ᠬᠦᠴᠤᠨ ᠤ ᠱᠤᠭᠤᠮ ᠢ ᠳᠡᠭᠰᠢᠯᠡᠵᠤ᠂ ᠡᠮᠴᠢᠯᠡᠬᠡᠨ ᠤ ᠬᠠᠷᠠᠯᠳᠠ ᠳᠤ ᠪᠠᠨ ᠬᠦᠷᠴᠤ ᠪᠤᠯᠳᠠᠬ᠃ ᠡᠬᠦᠨ ᠠᠴᠠ ᠳᠠᠷᠠᠭᠠᠯᠠᠪᠠᠯ ᠡᠮᠴᠢᠯᠡᠬᠡᠨ ᠳᠡᠭᠡᠷ᠎ᠠ ᠪᠠᠰᠠ ᠰᠤᠩᠭᠤᠯᠳᠠ ᠶᠢᠨ ᠴᠢᠨᠠᠷᠳᠡᠢ ᠬᠡᠷᠡᠭᠯᠡᠳᠡᠭ ᠡᠪᠤᠳᠦᠭ ᠤᠨ ᠦᠶ᠎ᠠ ᠶᠢᠨ ᠳᠠᠩ ᠱᠤᠩᠳᠤᠩ ᠢ ᠰᠤᠯᠢᠬᠤ ᠵᠠᠰᠠᠯ ᠪᠤᠯᠤᠨ᠎ᠠ᠂ ᠳᠤᠰ ᠵᠠᠰᠠᠯ ᠨᠢ ᠪᠢᠴᠢᠯ ᠰᠢᠷᠬᠠᠯᠠᠭ᠎ᠠ ᠶᠢᠨ ᠬᠡᠯᠪᠡᠷᠢ ᠶᠢᠨ ᠮᠡᠰᠡ ᠵᠠᠰᠠᠯ ᠳᠤ ᠳᠤᠭᠠᠴᠠᠬᠳᠠᠳᠠᠬ᠃ ᠭᠤᠤᠯᠳᠠᠭᠤ ᠡᠪᠤᠳᠦᠭ ᠤᠨ ᠦᠶ᠎ᠠ ᠶᠢ ᠪᠦᠳᠡᠭᠡᠵᠤ ᠪᠠᠶᠢᠭ᠎ᠠ ᠳᠤᠮᠳᠠ ᠴᠢᠮᠦᠬᠡᠨ ᠶᠠᠰᠤ᠂ ᠪᠦᠳᠤᠬᠦᠨ ᠰᠢᠯᠪᠢ ᠶᠢᠨ ᠶᠠᠰᠤᠨ ᠤ ᠱᠤᠩᠳᠤᠩ ᠤᠨ ᠮᠦᠭᠡᠷᠰᠤᠨ ᠭᠠᠳᠠᠷᠭᠤ ᠶᠢᠨ ᠬᠡᠰᠡᠭ ᠤᠨ ᠡᠪᠳᠡᠭᠳᠡᠯ ᠢ ᠬᠢᠮᠡᠯ ᠦᠶ᠎ᠠ ᠪᠠᠷ ᠰᠤᠯᠢᠬᠤ ᠪᠠᠷ ᠳᠠᠮᠵᠢᠨ ᠡᠪᠤᠳᠦᠭ ᠤᠨ ᠦᠶ ᠎ᠠ ᠶᠢᠨ ᠰᠢᠷ᠎ᠠ ᠤᠰᠤᠨ ᠡᠪᠡᠳᠴᠢᠨ ᠤ ᠰᠢᠨᠵᠢ ᠳᠡᠮᠳᠡᠭ ᠢ ᠨᠠᠮᠳᠠᠭᠠᠳᠠᠬ᠃ ᠳᠤᠰ ᠵᠠᠰᠠᠯ ᠨᠢ ᠪᠠᠰᠠ ᠵᠠᠰᠠᠯ ᠤᠨ ᠶᠠᠪᠤᠴᠠ ᠳᠤᠮᠳᠠ ᠡᠪᠤᠳᠦᠭ ᠤᠨ ᠦᠶ᠎ᠠ ᠶᠢᠨ ᠰᠦᠯᠵᠢᠶ᠎ᠠ ᠬᠤᠯᠪᠤᠭᠠᠰᠤ ᠶᠢ ᠬᠠᠮᠠᠭᠠᠯᠠᠵᠤ ᠴᠢᠳᠠᠬᠤ ᠦᠢᠯᠡᠳᠤᠯ ᠲᠠᠢ ᠠᠴᠠ ᠪᠤᠯᠵᠤ ᠡᠷᠡᠬᠦᠯ ᠪᠡᠶ᠎ᠠ ᠶᠢᠨ ᠡᠪᠤᠳᠦᠭ ᠤᠨ ᠦᠶ᠎ᠠ ᠶᠢᠨ ᠬᠦᠳᠡᠯᠬᠡᠬᠡᠨ ᠤ ᠴᠢᠳᠠᠮᠵᠢ ᠶᠢ ᠨᠢᠭᠡ ᠬᠡᠮᠵᠢᠶᠡᠨ ᠳᠤ ᠪᠠᠨ ᠬᠠᠮᠠᠭᠠᠯᠠᠵᠤ ᠴᠢᠳᠠᠳᠠᠬ᠃ ᠲᠦᠷᠪᠡᠳᠤᠭᠡᠷ ᠱᠠᠳᠤ ᠦᠶ᠎ᠠ ᠳᠤ ᠪᠦᠬᠦ ᠡᠪᠦᠳᠦᠭ ᠤᠨ ᠦᠶ᠎ᠠ ᠶᠢ ᠬᠢᠮᠡᠯ ᠦᠶ᠎ᠠ ᠪᠠᠷ ᠰᠤᠯᠢᠬᠤ ᠮᠡᠰᠡ ᠵᠠᠰᠠᠯ ᠬᠢᠬᠦ ᠪᠤᠯᠤᠨ᠎ᠠ᠃ ᠡᠪᠦᠳᠦᠭ ᠤᠨ ᠦᠶ᠎ᠠ ᠬᠦᠰᠢᠵᠤ ᠠᠳᠤᠷᠢᠨ᠂ ᠠᠵᠢᠯᠯᠠᠭ᠎ᠠ ᠪᠠᠨ ᠠᠯᠳᠠᠨ᠂ ᠬᠦᠳᠡᠯᠬᠡᠬᠡᠨ ᠨᠢ ᠬᠠᠷᠰᠢᠯᠠᠬᠳᠠᠵᠤ᠂ ᠶᠠᠰᠤ ᠦᠶ᠎ᠠ ᠪᠠᠷ ᠬᠦᠨᠳᠤ ᠨᠤᠴᠢᠳᠡᠢ ᠡᠪᠳᠡᠭᠳᠡᠬᠦ᠂ ᠡᠪᠡᠷᠰᠢᠶᠡᠯ ᠬᠦᠨᠳᠡᠭᠦᠷᠢ ᠨᠢ ᠶᠡᠭᠡ᠂ ᠬᠡᠪ ᠤᠨ ᠠᠮᠢᠳᠤᠷᠠᠯ ᠤᠨ ᠴᠢᠨᠠᠷ ᠴᠢᠨᠰᠠᠭ᠎ᠠ ᠶᠢ ᠬᠦᠨᠳᠤ ᠨᠤᠴᠢᠳᠡᠢ ᠨᠦᠯᠦᠭᠡᠯᠡᠭᠰᠡᠨ ᠵᠡᠷᠭᠡ ᠡᠪᠡᠳᠴᠢᠨ ᠤ ᠰᠢᠨᠵᠢ ᠢᠯᠡᠷᠡᠯ ᠲᠠᠢ ᠦᠳᠡᠯᠦᠬᠡ ᠨᠠᠰᠤᠨ ᠤ ᠡᠪᠤᠳᠦᠭ ᠤᠨ ᠦᠶ᠎ᠠ ᠶᠢᠨ ᠰᠢᠷ᠎ᠠ ᠤᠰᠤᠨ ᠡᠪᠡᠳᠴᠢᠳᠡᠨ ᠳᠤ ᠠᠪᠴᠤ ᠬᠡᠯᠡᠪᠡᠯ᠂ ᠪᠦᠬᠦ ᠡᠪᠤᠳᠦᠭ ᠤᠨ ᠦᠶ᠎ᠠ ᠶᠢ ᠬᠢᠮᠡᠯ ᠡᠪᠤᠳᠦᠭ ᠤᠨ ᠦᠶ᠎ᠠ ᠪᠠᠷ ᠰᠤᠯᠢᠬᠤ ᠮᠡᠰᠡ ᠵᠠᠰᠠᠯ ᠬᠢᠬᠦ ᠨᠢ ᠡᠪᠡᠳᠴᠢᠳᠡᠨ ᠤ ᠡᠪᠡᠷᠰᠢᠶᠡᠯ ᠬᠦᠨᠳᠡᠭᠦᠷᠢ ᠶᠢ ᠠᠷᠢᠯᠭᠠᠵᠤ ᠴᠢᠳᠠᠬᠤ ᠮᠦᠷᠳᠡᠭᠡᠨ ᠡᠪᠤᠳᠦᠭ ᠤᠨ ᠦᠶ᠎ᠠ ᠳᠤᠳᠤᠬᠰᠢ ᠤᠷᠪᠠᠭᠰᠠᠨ ᠬᠡᠮ᠂ ᠡᠪᠤᠳᠦᠭ ᠤᠨ ᠦᠶ᠎ᠠ ᠭᠠᠳᠠᠬᠰᠢ ᠤᠷᠪᠠᠭᠰᠠᠨ ᠬᠡᠮ ᠢ ᠵᠠᠯᠭᠠᠭᠤᠯᠤᠨ᠂ ᠡᠪᠤᠳᠦᠭ ᠤᠨ ᠦᠶ᠎ᠠ ᠶᠢᠨ ᠡᠷᠡᠬᠦᠯ ᠤᠨ ᠠᠵᠢᠯᠯᠠᠭ᠎ᠠ ᠶᠢ ᠰᠡᠷᠭᠦᠬᠡᠨ᠂ ᠡᠪᠡᠳᠴᠢᠳᠡᠨ ᠤ ᠠᠮᠢᠳᠤᠷᠠᠯ ᠤᠨ ᠴᠢᠨᠰᠠᠭ᠎ᠠ ᠶᠢ ᠶᠡᠬᠡᠬᠡᠨ ᠳᠡᠭᠡᠭᠰᠢᠯᠡᠬᠦᠯᠵᠤ ᠴᠢᠳᠠᠬᠤ ᠮᠦᠷᠳᠡᠭᠡᠨ ᠡᠮᠴᠢᠯᠡᠬᠡᠨ ᠤ ᠠᠴᠢ ᠳᠤᠰᠠ ᠬᠠᠮᠤᠭ ᠶᠡᠭᠡ᠂ ᠦᠢᠯᠡᠳᠤᠯ ᠳᠤᠪᠤᠶᠢᠮ᠎ᠠ ᠪᠠᠶᠢᠳᠠᠬ᠃      ᠳᠡᠭᠡᠷ᠎ᠠ ᠶᠠᠷᠢᠬᠰᠠᠨ ᠱᠠᠳᠤᠴᠢ ᠴᠢᠨᠠᠷᠳᠡᠢ ᠡᠮᠴᠢᠯᠡᠭᠡ ᠶᠢ ᠪᠢᠳᠡ ᠡᠪᠡᠳᠴᠢᠳᠡᠨ ᠤ ᠡᠪᠡᠳᠴᠢᠨ ᠤ ᠬᠦᠨᠳᠤ ᠬᠦᠡᠭᠭᠡᠨ ᠪᠠᠶᠢᠳᠠᠯ ᠲᠠᠢ ᠤᠶᠠᠯᠳᠤᠭᠤᠯᠤᠨ ᠠᠯᠢ ᠱᠠᠳᠤ ᠦᠶ᠎ᠠ ᠳᠠᠬᠢ ᠡᠮᠴᠢᠯᠡᠭᠡ ᠶᠢ ᠰᠤᠩᠭᠤᠪᠠᠯ ᠵᠤᠬᠢᠬᠤ ᠪᠠᠨ ᠳᠤᠬᠳᠠᠭᠠᠳᠠᠬ᠃ ᠬᠡᠬᠦ ᠳᠤ ᠪᠠᠨ ᠪᠢᠳᠡ ᠶᠡᠷᠤ ᠶᠢᠨ ᠴᠠᠭ ᠲᠤ ᠪᠠᠨ ᠡᠷᠡᠬᠦᠯ ᠮᠡᠨᠳᠤ ᠠᠮᠢᠳᠤᠷᠠᠯ ᠤᠨ ᠬᠡᠪ ᠵᠠᠩᠰᠢᠯ ᠢ ᠰᠤᠩᠭᠤᠪᠠᠯ ᠡᠨᠡᠬᠦ ᠡᠪᠡᠳᠴᠢᠨ ᠤ ᠡᠬᠦᠰᠤᠯᠳᠡ ᠵᠢᠴᠢ ᠠᠩᠬᠠᠨ ᠤ ᠱᠠᠳᠤᠨ ᠤ ᠪᠠᠶᠢᠳᠠᠯ ᠠᠴᠠ ᠪᠠᠨ ᠦᠷᠬᠦᠯᠵᠢᠯᠡᠨ ᠬᠦᠨᠳᠤᠷᠡᠬᠦ ᠶᠢ ᠡᠵᠡᠮᠳᠡᠵᠤ ᠴᠢᠳᠠᠬᠤ ᠨᠢ ᠯᠠᠪᠳᠡᠢ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号