1. ᠪᠣᠭᠤᠮ᠎ᠠ ᠶᠢ ᠳᠠᠷᠤᠬᠤ ᠴᠢᠰᠤᠨ ᠰᠢᠷᠠᠰᠤ 300 ml᠃ ᠬᠡᠷᠡᠭᠯᠡᠬᠦ ᠠᠷᠭ᠎ᠠ᠄ ᠨᠠᠮᠵᠢᠭᠤᠨ ᠰᠤᠳᠠᠯ ᠳᠤ | ᠲᠠᠷᠢᠨ᠎ᠠ᠃ ᠴᠢᠬᠤᠯᠠᠲᠠᠢ ᠦᠶᠡᠰ 12~24 ᠴᠠᠭ ᠤᠨ ᠳᠠᠷᠠᠭ᠎ᠠ ᠳᠠᠬᠢᠨ 1 ᠣᠳᠠᠭ᠎ᠠ ᠲᠠᠷᠢᠨ᠎ᠠ᠃ | 2. ᠴᠢᠩ ᠮᠧᠢ ᠰᠦ᠋ ︵青霉素︶ 200~300 ᠲᠦᠮᠡᠨ ᠨᠢᠭᠡᠴᠢ᠂ ᠬᠦᠬᠦᠷ ᠬᠦᠴᠢᠯ ᠤᠨ ᠯᠢᠶᠠᠨ | ᠮᠧᠢ ᠰᠦ᠋ ︵硫酸链霉素︶ 200 ᠲᠦᠮᠡᠨ ᠨᠢᠭᠡᠴᠢ᠃ ᠬᠡᠷᠡᠭᠡᠯᠡᠬᠦ ᠠᠷᠭ᠎ᠠ᠄ ᠪᠤᠯᠴᠢᠩ ᠳᠤ ᠲᠠᠷᠢᠨ᠎ᠠ᠂ | ᠴᠢᠩ ᠮᠧᠢ ᠰᠦ᠋ ᠶᠢ ᠡᠳᠦᠷ ᠲᠤ 4 ᠤᠳᠠᠭ᠎ᠠ︔ ᠬᠦᠬᠦᠷ ᠬᠦᠴᠢᠯ ᠤᠨ ᠯᠢᠶᠠᠨ ᠮᠧᠢ ᠰᠦ᠋ ᠶᠢ ᠡᠳᠦᠷ ᠲᠤ 2 | ᠣᠳᠠᠭ᠎ᠠ ᠲᠠᠷᠢᠨ᠎ᠠ᠃ ᠪᠡᠶ᠎ᠡ ᠶᠢᠨ ᠳᠤᠯᠠᠭᠠᠨ ᠨᠢ ᠬᠡᠪ ᠲᠡᠭᠡᠨ ᠣᠷᠣᠭᠰᠠᠨ ᠬᠤᠶᠢᠨ᠎ᠠ ᠵᠠᠯᠭᠠᠭᠠᠳ 2~3 ᠡᠳᠦᠷ ᠡᠮ | ᠬᠡᠷᠡᠭᠯᠡᠨ᠎ᠡ᠃ ᠲᠤᠰ ᠵᠣᠷ ᠢ 1 ᠲᠠᠢ ᠬᠠᠮᠲᠤᠷᠠᠭᠤᠯᠤᠨ ᠬᠡᠷᠡᠭᠯᠡᠪᠡᠯ ᠨᠡᠩ ᠰᠠᠶᠢᠨ᠃ | 3. ᠲᠠᠪᠤᠰᠤᠨ ᠬᠦᠴᠢᠯ ᠤᠨ ᠲᠤ ᠮᠧᠢ ᠰᠦ᠋ ︵盐酸土霉素︶ 5~10 ᠮᠢᠯᠢᠭᠷᠡᠮ / | ᠺᠢᠯᠦᠭᠷᠡᠮ ᠪᠡᠶ᠎ᠡ ᠶᠢᠨ ᠵᠢᠩ᠃ ᠬᠡᠷᠡᠭᠯᠡᠬᠦ ᠠᠷᠭ᠎ᠠ᠄ 5% ᠶᠢᠨ ᠦᠵᠦᠮ ᠤᠨ ᠰᠢᠬᠢᠷ ᠤᠨ ᠲᠠᠷᠢᠯᠭ᠎ᠠ ᠶᠢᠨ | ᠠᠭᠤᠰᠤᠮᠠᠯ ᠳᠤ ᠠᠭᠤᠰᠬᠠᠭᠠᠳ ᠨᠠᠮᠵᠢᠭᠤᠨ ᠰᠤᠳᠠᠯ ᠪᠣᠶᠣ ᠪᠣᠯᠴᠢᠩ ᠳᠤ ᠲᠠᠷᠢᠨ᠎ᠠ᠂ ᠡᠳᠦᠷ ᠲᠤ ᠬᠤᠶᠠᠷ ᠤᠳᠠᠭ᠎ᠠ | ᠬᠡᠷᠡᠭᠯᠡᠨ᠎ᠡ᠃ ᠬᠠᠮᠤᠭ ᠤᠨ ᠲᠦᠷᠦᠭᠦᠦ ᠤᠳᠠᠭ᠎ᠠ ᠡᠮ ᠤᠨ ᠬᠡᠮᠵᠢᠶ᠎ᠡ ᠶᠢ ᠳᠠᠬᠢᠨ ᠢᠶᠠᠷ ᠨᠡᠮᠡᠨ᠎ᠡ᠂ ᠪᠡᠶ᠎ᠡ ᠶᠢᠨ | ᠳᠤᠯᠠᠭᠠᠨ ᠨᠢ ᠬᠡᠪ ᠳᠤ ᠪᠠᠨ ᠤᠷᠤᠭᠰᠠᠨ ᠬᠤᠶᠢᠨ᠎ᠠ ᠪᠠᠰᠠ ᠵᠠᠯᠭᠠᠭᠠᠳ 1~2 ᠡᠳᠦᠷ ᠡᠮ ᠬᠡᠷᠡᠭᠯᠡᠨ᠎ᠡ᠃ ᠡᠨᠡ | ᠵᠣᠷ ᠢ ᠵᠣᠷ 1 ᠲᠠᠢ ᠬᠠᠮᠲᠤᠷᠠᠭᠤᠯᠤᠨ ᠬᠡᠷᠡᠭᠯᠡᠪᠡᠯ ᠨᠡᠩ ᠰᠠᠶᠢᠨ᠃ | 4. ᠰᠢᠪᠲᠤᠷᠲᠤ ᠪᠧᠨ᠋ᠽᠧᠨ᠋ᠳᠦ ᠬᠦᠬᠦᠷᠯᠢᠭ ᠠᠮᠢᠨ 50 ᠮᠢᠯᠢᠭᠷᠡᠮ / ᠺᠢᠯᠦᠭᠷᠡᠮ ᠪᠡᠶ᠎ᠡ ᠶᠢᠨ ᠵᠢᠩ᠃ ᠬᠡᠷᠡᠭᠯᠡᠬᠦ | ᠠᠷᠭ᠎ᠠ᠄ ᠤᠯᠭᠤᠨ᠎ᠠ᠂ ᠡᠳᠦᠷ ᠲᠤ 2 ᠣᠳᠠᠭ᠎ᠠ᠃ ᠲᠤᠰ ᠵᠣᠷ ᠢ ᠵᠣᠷ 1 ᠪᠣᠶᠣ ᠵᠣᠷ 2 ᠲᠠᠢ ᠬᠠᠮᠲᠤᠷᠠᠭᠤᠯᠤᠨ | ᠬᠡᠷᠡᠭᠯᠡᠪᠡᠯ ᠨᠡᠩ ᠰᠠᠶᠢᠨ᠃ | 5. ᠬᠦᠬᠦᠷᠯᠢᠭ ᠠᠮᠢᠨ ᠤ ᠫᠢᠷᠢᠮᠢᠲᠢᠨ ᠨᠠᠳ᠋ᠷᠢ ︵磺胺嘧啶纳︶ ᠶᠢᠨ ᠲᠠᠷᠢᠯᠭ᠎ᠠ ᠶᠢᠨ | ᠠᠭᠤᠰᠤᠮᠠᠯ ᠢ ᠣᠳᠠᠭ᠎ᠠ ᠪᠦᠷᠢ ᠪᠡᠶ᠎ᠡ ᠶᠢᠨ ᠵᠢᠩ ᠤᠨ ᠺᠢᠯᠦᠭᠷᠡᠮ ᠪᠦᠷᠢ ᠳᠤ 0.07g ᠨᠤᠭᠳᠠᠭᠤᠯᠤᠨ ᠪᠡᠯᠡᠳᠭᠡᠨ᠎ᠡ᠃ | ᠬᠡᠷᠡᠭᠯᠡᠬᠦ ᠠᠷᠭ᠎ᠠ᠄ ᠪᠣᠯᠴᠢᠩ ᠬᠥᠯ ᠪᠣᠶᠣ ᠨᠠᠮᠵᠢᠭᠤᠨ ᠰᠤᠳᠠᠯ ᠳᠤ ᠲᠠᠷᠢᠨ᠎ᠠ᠂ 12 ᠴᠠᠭ ᠲᠤ ᠨᠢᠭᠡ ᠤᠳᠠᠭ᠎ᠠ᠂ | ᠴᠢᠩ ᠮᠧᠢ ᠰᠦ᠋ ᠲᠠᠢ ᠬᠠᠮᠲᠤᠷᠠᠭᠤᠯᠤᠨ ᠬᠡᠷᠡᠭᠯᠡᠨ᠎ᠡ᠃ | 6. 300 ᠮᠦᠬᠦᠯᠢᠭ ᠯᠢᠦ ᠱᠧᠨ ᠠᠨ ᠦᠷᠡᠯ ᠢ ᠲᠠᠭᠯᠠᠭᠳᠠᠵᠤ ᠬᠦᠷᠦᠭᠡᠭᠰᠡᠨ ᠪᠤᠴᠠᠯᠤᠩ ᠣᠰᠤ ᠪᠠᠷ | ᠵᠢᠭᠤᠷᠠᠭᠠᠳ 1 ᠣᠳᠠᠭ᠎ᠠ ᠳᠤ ᠴᠢᠳᠬᠤᠵᠣ ᠦᠭᠭᠦᠨ᠎ᠡ᠃ | ︵ᠢᠷᠡᠯᠲᠡ᠄ ᠰᠠᠨᠠ ᠶᠢᠨ ᠨᠠᠶᠢᠷᠠᠭᠤᠯᠤᠭᠰᠠᠨ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ | ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ |