ᠨᠠᠮᠤᠷ ᠪᠤᠯᠪᠠᠯ ᠠᠭᠤᠷ ᠠᠮᠢᠰᠬᠤᠯ ᠮᠡᠳᠡᠭᠳᠡᠮ᠎ᠡ ᠰᠡᠷᠢᠬᠦᠭᠡᠨ ᠪᠤᠯᠵᠤ᠂ ᠬᠦᠮᠦᠨ ᠤ ᠪᠡᠶ᠎ᠡ ᠶᠢᠨ ᠰᠢᠨ᠎ᠡ | ᠬᠠᠭᠤᠴᠢᠨ ᠤ ᠰᠤᠯᠢᠯᠴᠠᠭ᠎ᠠ ᠤᠳᠠᠭᠠᠰᠢᠷᠠᠵᠤ᠂ ᠠᠮᠠᠷᠬᠠᠨ ᠬᠢᠮᠤᠷᠠᠳᠠᠭ᠃ ᠡᠬᠦᠨ ᠠᠴᠠ ᠭᠠᠳᠠᠨ᠎ᠠ ᠪᠠᠰᠠ ᠨᠢᠭᠤᠷ ᠤᠨ | ᠠᠷᠠᠰᠤ ᠬᠠᠭᠤᠷᠠᠶᠢᠰᠢᠬᠤ ᠪᠤᠶᠤ ᠬᠡᠳᠡᠰᠣ ᠡᠪᠡᠳᠴᠦ ᠰᠠᠭᠤᠯᠭᠠᠬᠤ ᠵᠡᠷᠬᠡ ᠦᠵᠡᠭᠳᠡᠯ ᠢᠯᠡᠷᠡᠨ᠎ᠠ᠃ ᠢᠳᠡᠰᠢᠨ | ᠨᠤᠭᠤᠭ᠎ᠠ ᠨᠢ ᠬᠦᠮᠦᠨ ᠤ ᠪᠡᠶ᠎ᠡ ᠳᠤ ᠰᠢᠮ᠎ᠡ ᠲᠡᠵᠢᠭᠡᠯ ᠨᠦᠬᠦᠳᠡᠭ ᠮᠦᠷᠳᠡᠬᠡᠨ ᠵᠠᠷᠢᠮ ᠡᠪᠡᠳᠴᠢᠨ ᠢ ᠵᠠᠰᠠᠬᠤ | ᠤᠨᠴᠠᠭᠠᠢ ᠦᠢᠯᠡᠳᠦᠯ ᠲᠠᠢ ᠪᠠᠶᠢᠳᠠᠭ᠃ | 1. ᠬᠢᠮᠤᠷᠠᠬᠤ ᠠᠴᠠ ᠰᠡᠷᠬᠡᠶᠢᠯᠡᠬᠦ᠄ ᠡᠰᠢᠨ ᠰᠢᠯᠦᠬᠡᠢ ᠨᠤᠭᠤᠭ᠎ᠠ ᠪᠠ ᠴᠡᠴᠡᠭᠳᠣ ᠴᠠᠭᠠᠨ ᠨᠤᠭᠤᠭ᠎ᠠ ᠨᠢ | ᠬᠢᠮᠤᠷᠠᠬᠤ ᠠᠴᠠ ᠰᠡᠷᠬᠡᠶᠢᠯᠡᠬᠦ ᠮᠦᠷᠳᠡᠬᠡᠨ ᠴᠢᠰᠤᠨ ᠰᠤᠳᠠᠯ ᠢ ᠴᠡᠪᠡᠷᠰᠢᠬᠦᠯᠳᠡᠭ᠃ ᠡᠰᠢᠨ ᠰᠢᠯᠦᠬᠡᠢ ᠨᠤᠭᠤᠭᠠᠨ ᠤ | ᠲᠤᠳᠤᠷᠠᠬᠢ ᠢᠤᠳ᠋ ᠤᠨ ᠠᠭᠤᠯᠤᠭᠳᠠᠴᠠ ᠨᠢ ᠦᠨᠳᠦᠷ ᠪᠠᠶᠢᠵᠤ᠂ ᠬᠦᠮᠦᠨ ᠤ ᠪᠡᠶ᠎ᠡ ᠶᠢᠨ ᠦᠨᠳᠦᠰᠦᠨ ᠰᠤᠯᠢᠯᠴᠠᠭ᠎ᠠ | ᠪᠡ ᠪᠤᠶᠢᠵᠢᠯᠳᠡ ᠳᠤ ᠠᠰᠢᠭᠳᠠᠢ᠃ | 2. ᠨᠢᠭᠤᠷ ᠲᠡᠬᠡᠷ᠎ᠡ ᠶᠠᠷ᠎ᠠ ᠭᠠᠷᠬᠤ ᠠᠴᠠ ᠰᠡᠷᠬᠡᠶᠢᠯᠡᠬᠦ᠄ ᠲᠦᠬᠦᠬᠡᠢ ᠨᠤᠭᠤᠭ᠎ᠠ ᠶᠢ ᠢᠯᠡᠬᠦᠦ ᠢᠳᠡᠪᠡᠯ | ᠠᠷᠠᠰᠤᠨ ᠳᠤ ᠤᠰᠤ ᠨᠦᠬᠦᠪᠦᠷᠢᠯᠡᠵᠤ᠂ ᠶᠠᠷ᠎ᠠ ᠭᠠᠷᠬᠤ ᠠᠴᠠ ᠰᠡᠷᠬᠡᠶᠢᠯᠡᠵᠤ ᠴᠢᠳᠠᠨ᠎ᠠ᠃ ᠭᠠᠰᠢᠭᠤᠨ ᠬᠡᠮᠬᠡ ᠳᠤ | ᠦᠮᠡᠨ ᠠᠴᠠ ᠰᠡᠷᠬᠡᠶᠢᠯᠡᠬᠦ ᠡᠯᠧᠮᠧᠨ᠋ᠲ ᠠᠭᠤᠯᠤᠭᠳᠠᠵᠤ᠂ ᠪᠡᠶ᠎ᠡ ᠳᠠᠬᠢ ᠬᠤᠤᠷᠳᠤ ᠡᠯᠧᠮᠧᠨ᠋ᠲ ᠢ ᠠᠷᠢᠯᠭᠠᠬᠤ | ᠣᠶᠢᠯᠡᠳᠦᠯ ᠲᠠᠢ ᠪᠠᠶᠢᠳᠠᠭ᠃ | 3. ᠰᠢᠩᠭᠡᠭᠡᠯᠳᠡ ᠮᠠᠭᠤᠳᠠᠬᠤ ᠠᠴᠠ ᠰᠡᠷᠬᠡᠶᠢᠯᠡᠬᠦ᠄ ᠭᠤᠭᠤᠳ ᠲᠤ ᠬᠤᠯᠤᠤᠪᠠᠩ ᠤᠨ ᠡᠳ᠋᠂ ᠤᠭᠤᠷᠠᠭ᠂ | ᠬᠦᠬᠦᠷᠳᠤ ᠨᠢᠬᠡᠳᠪᠤᠷᠢ ᠡᠯᠪᠡᠭ ᠠᠭᠤᠯᠤᠭᠳᠠᠵᠤ᠂ ᠢᠳᠡᠬᠦ ᠲᠤᠷᠠᠰᠢᠯ ᠢ ᠨᠡᠮᠡᠭᠳᠡᠬᠦᠯᠳᠡᠭ᠃ ᠦᠨᠦᠷᠳᠤ ᠨᠤᠭᠤᠭ᠎ᠠ | ᠢᠳᠡᠬᠦ ᠲᠤᠷᠠᠰᠢᠯ ᠢ ᠰᠠᠶᠢᠵᠢᠷᠠᠭᠤᠯᠵᠤ᠂ ᠰᠢᠩᠭᠡᠭᠡᠯᠳᠡ ᠶᠢ ᠠᠬᠢᠭᠤᠯᠬᠤ ᠵᠡᠷᠬᠡ ᠤᠶᠢᠯᠡᠳᠦᠯ ᠲᠠᠢ᠃ ᠵᠤᠬᠢᠬᠤ | ᠬᠡᠮᠵᠢᠶᠡᠨ ᠤ ᠦᠨᠦᠷᠳᠣ ᠨᠤᠭᠤᠭ᠎ᠠ ᠢᠳᠡᠬᠦ ᠨᠢ ᠬᠤᠳᠤᠭᠤᠳᠤ ᠡᠪᠡᠳᠬᠦ ᠶᠢ ᠨᠠᠮᠳᠠᠭᠠᠬᠤ ᠦᠢᠯᠡᠳᠦᠯ ᠲᠠᠢ᠃ | 4. ᠬᠠᠯᠠᠭᠤᠳᠠᠬᠤ ᠠᠴᠠ ᠰᠡᠷᠬᠡᠶᠢᠯᠡᠬᠦ᠄ ᠦᠷᠬᠡᠰᠦᠳᠣ ᠨᠤᠭᠤᠭ᠎ᠠ ᠢᠳᠡᠪᠡᠯ ᠵᠠᠪᠠᠵᠢ ᠶᠢᠨ ᠰᠢᠷᠬᠠᠯᠠᠭ᠎ᠠ᠂ | ᠤᠷᠤᠭᠤᠯ ᠤᠨ ᠦᠷᠪᠢᠰᠦᠯ᠂ ᠬᠡᠯᠡᠨ ᠤ ᠦᠷᠪᠢᠰᠦᠯ ᠵᠡᠷᠬᠡ ᠶᠢ ᠰᠡᠷᠬᠡᠶᠢᠯᠡᠳᠡᠭ᠃ ᠲᠦᠪᠡᠳ ᠬᠠᠰᠢ ᠨᠢ ᠬᠠᠯᠠᠭᠤᠨ ᠢ | ᠲᠠᠭᠤᠵᠤ ᠬᠤᠤᠷ ᠲᠠᠶᠢᠯᠬᠤ᠂ ᠤᠷᠤᠭᠤᠯ ᠠᠮᠠ ᠬᠠᠳᠠᠬᠤ᠂ ᠢᠳᠡᠬᠡᠨ ᠤ ᠲᠤᠷᠠᠰᠢᠯ ᠮᠠᠭᠤᠳᠠᠬᠤ᠂ ᠠᠮᠠ ᠭᠠᠰᠢᠭᠤᠷᠠᠬᠤ | ᠵᠡᠷᠬᠡ ᠡᠪᠡᠳᠴᠢᠨ ᠢ ᠡᠳᠡᠬᠡᠬᠦ ᠤᠶᠢᠯᠡᠳᠦᠯ ᠲᠠᠢ᠃ | 5. ᠰᠡᠷᠢᠬᠦᠨ ᠢ ᠲᠠᠭᠤᠬᠤ᠄ ᠨᠠᠮᠤᠷ ᠤᠨ ᠲᠤᠮᠳᠠᠴᠢ ᠪᠠᠷ ᠰᠡᠷᠢᠬᠦᠨ ᠢ ᠲᠠᠭᠤᠬᠤ ᠴᠠᠭᠠᠨ ᠦᠩᠭᠡᠳᠣ ᠢᠳᠡᠰᠢᠨ | ᠨᠤᠭᠤᠭ᠎ᠠ ᠢᠳᠡᠪᠡᠯ ᠵᠤᠬᠢᠨ᠎ᠠ᠃ ᠨᠠᠮᠤᠷ ᠤᠨ ᠤᠯᠠᠷᠢᠯ ᠳᠤ ᠬᠦᠮᠦᠨ ᠡᠷᠬᠡᠪᠰᠢ ᠲᠡᠯᠢᠬᠦᠦ ᠬᠤᠳᠤᠭᠤᠳᠤ ᠪᠠᠨ ᠰᠠᠶᠢᠳᠤᠷ | ᠬᠠᠮᠠᠭᠠᠯᠠᠵᠤ ᠡᠪᠤᠯ ᠤᠨ ᠤᠯᠠᠷᠢᠯ ᠳᠤ ᠪᠡᠯᠡᠳᠬᠡᠯ ᠬᠢᠬᠦ ᠬᠡᠷᠡᠭᠳᠡᠢ ᠪᠠᠶᠢᠳᠠᠭ᠃ | 6. ᠦᠳᠡᠯᠬᠦ ᠠᠴᠠ ᠰᠡᠷᠬᠡᠶᠢᠯᠡᠬᠦ᠄ ᠨᠠᠮᠤᠷ ᠤᠨ ᠤᠯᠠᠷᠢᠯ ᠳᠤ ᠰᠢᠬᠢᠷ ᠯᠤᠤᠪᠠᠩ ᠠᠴᠠ ᠰᠠᠶᠢᠨ ᠢᠳᠡᠭᠡᠨ ᠪᠠᠶᠢᠳᠠᠭ | ᠦᠬᠡᠢ᠃ ᠰᠢᠬᠢᠷ ᠯᠤᠤᠪᠠᠩ ᠤᠨ ᠲᠤᠳᠤᠷᠠᠬᠢ ᠰᠢᠬᠢᠷ ᠯᠤᠤᠪᠠᠩ ᠤᠨ ᠱᠦᠯᠳᠦ ᠨᠢ ᠵᠢᠷᠦᠭᠡ ᠪᠡ ᠡᠯᠢᠭᠡᠨ | ᠡᠪᠡᠳᠴᠢᠨ ᠤ ᠲᠦᠭᠰᠢᠬᠦᠷᠢ ᠶᠢ ᠪᠠᠭᠤᠷᠠᠭᠤᠯᠬᠤ ᠦᠢᠯᠡᠳᠦᠯ ᠲᠠᠢ︔ ᠰᠢᠬᠢᠷ ᠯᠤᠤᠪᠠᠩ ᠪᠠᠰᠠ ᠠᠽᠤᠲ ᠬᠦᠴᠢᠯ ᠤᠨ | ᠲᠠᠪᠤᠰᠦ ᠬᠠᠨᠭ᠍ᠭᠠᠳᠠᠭ ᠠᠴᠠ ᠬᠦᠮᠦᠨ ᠤ ᠪᠡᠶ᠎ᠡ ᠶᠢᠨ ᠶᠡᠭᠡ ᠲᠠᠷᠢᠬᠢᠨ ᠤ ᠴᠢᠰᠤᠨ ᠤ ᠡᠷᠬᠢᠯᠳᠡ ᠶᠢ ᠨᠡᠮᠡᠭᠳᠡᠬᠦᠯᠵᠤ᠂ | ᠮᠡᠨᠡᠭ ᠡᠪᠡᠳᠴᠢᠨ ᠡᠬᠦᠰᠬᠦ ᠶᠢ ᠤᠳᠠᠭᠠᠰᠢᠷᠠᠭᠤᠯᠤᠨ᠎ᠠ᠃ |