ᠬᠤᠪᠢᠯᠭᠠᠨ ᠣᠩᠭᠤᠴᠠ ᠠᠷᠪᠠ ᠶᠢᠰᠦᠳᠦᠭᠡᠷ ᠤᠨ ᠬᠥᠮᠥᠨ ᠠᠴᠢᠭᠰᠠᠨ ᠨᠢᠰᠦᠯᠲᠡ ᠶᠢᠨ ᠡᠭᠦᠷᠭᠡ ᠶᠢᠨ ᠲᠤᠬᠠᠢ | ᠰᠣᠨᠢᠨ ᠮᠡᠳᠡᠭᠡ ᠨᠡᠶᠢᠲᠡᠯᠡᠬᠦ ᠬᠤᠷᠠᠯ ᠢ 29 ᠤ ᠡᠳᠦᠷ ᠵᠢᠦᠴᠢᠤᠸᠠᠨ ᠳᠠᠭᠠᠭᠤᠯᠢ ᠣᠳᠣ ᠬᠠᠷᠪᠤᠬᠤ ᠲᠥᠪ ᠲᠤ | ᠶᠠᠪᠤᠭᠳᠠᠭᠤᠯᠵᠠᠢ᠃ ᠳᠤᠮᠳᠠᠳᠤ ᠤᠯᠤᠰ ᠤᠨ ᠬᠥᠮᠥᠨ ᠠᠴᠢᠭᠰᠠᠨ ᠰᠠᠨᠰᠠᠷ ᠠᠶᠠᠯᠠᠯ ᠤᠨ ᠢᠨᠵᠧᠨᠧᠷᠢᠩ ᠤᠨ ᠰᠣᠨᠢᠨ | ᠮᠡᠳᠡᠭᠡ ᠥᠭᠦᠯᠡᠭᠴᠢ ᠯᠢᠨ ᠰᠢ ᠴᠢᠶᠠᠩ ᠬᠤᠷᠠᠯ ᠳᠡᠭᠡᠷ᠎ᠡ ᠢᠯᠡᠷᠬᠡᠶᠢᠯᠡᠭᠰᠡᠨ ᠢᠶᠠᠷ᠂ ᠡᠭᠦᠷᠭᠡ ᠶᠢᠨ ᠶᠡᠷᠦᠩᠬᠡᠢ | ᠵᠢᠯᠤᠭᠤᠳᠬᠤ ᠭᠠᠵᠠᠷ ᠠᠴᠠ ᠪᠡᠭᠡᠵᠢᠩ ᠤᠨ ᠴᠠᠭ ᠢᠶᠠᠷ 10 ᠳ᠋ᠤᠭᠠᠷ ᠰᠠᠷ᠎ᠠ ᠶᠢᠨ 30 ᠤ ᠡᠳᠦᠷ ᠤᠨ 4 ᠴᠠᠭ 27 | ᠮᠢᠨᠦ᠋ᠲ ᠲᠤ ᠬᠤᠪᠢᠯᠭᠠᠨ ᠣᠩᠭᠤᠴᠠ ᠠᠷᠪᠠ ᠶᠢᠰᠦᠳᠦᠭᠡᠷ ᠬᠥᠮᠥᠨ ᠠᠴᠢᠭᠰᠠᠨ ᠨᠢᠰᠬᠦ ᠣᠩᠭᠤᠴᠠ ᠶᠢ ᠬᠠᠷᠪᠤᠬᠤ ᠪᠠᠷ | ᠰᠤᠳᠤᠯᠤᠨ ᠲᠣᠭᠲᠠᠭᠠᠪᠠ᠃ | ᠳᠤᠮᠲᠠᠲᠦ ᠤᠯᠤᠰ ᠤᠨ ᠬᠥᠮᠥᠨ ᠠᠴᠢᠭᠰᠠᠨ ᠰᠠᠨᠰᠠᠷ ᠠᠶᠠᠯᠠᠯ ᠤᠨ ᠢᠨᠵᠧᠨᠧᠷᠢᠩ ᠤᠨ ᠠᠯᠪᠠᠨ ᠭᠡᠷ ᠤᠨ | ᠮᠡᠳᠡᠭᠡ ᠶᠢ ᠦᠨᠳᠦᠰᠦᠯᠡᠪᠡᠯ᠂ ᠡᠭᠦᠷᠭᠡ ᠶᠢᠨ ᠶᠡᠷᠦᠩᠬᠡᠢ ᠵᠢᠯᠤᠭᠤᠳᠬᠤ ᠭᠠᠵᠠᠷ ᠠᠴᠠ ᠬᠤᠪᠢᠯᠭᠠᠨ ᠣᠩᠭᠤᠴᠠ ᠠᠷᠪᠠ | ᠶᠢᠰᠦᠳᠦᠭᠡᠷ ᠤᠨ ᠬᠥᠮᠥᠨ ᠠᠴᠢᠭᠰᠠᠨ ᠰᠠᠨᠰᠠᠷ ᠠᠶᠠᠯᠠᠯ ᠤᠨ ᠡᠭᠦᠷᠭᠡ ᠶᠢ ᠭᠦᠢᠴᠡᠳᠬᠡᠬᠦ ᠰᠠᠨᠰᠠᠷᠴᠢᠳ ᠤᠨ ᠳᠤᠭᠤᠶᠢᠯᠠᠩ | ᠨᠢ ᠼᠠᠢ ᠰᠢᠦᠢ ᠵᠧ᠂ ᠰᠦᠩ ᠯᠢᠩ ᠳ᠋ᠦᠩ᠂ ᠸᠠᠩ ᠬᠤᠤ ᠽᠧ 3 ᠰᠠᠨᠰᠠᠷᠴᠢᠨ ᠢᠶᠠᠷ ᠪᠦᠷᠢᠯᠳᠦᠵᠦ᠂ ᠼᠠᠢ ᠰᠢᠦᠢ ᠵᠧ ᠶᠢ | ᠵᠠᠷᠯᠢᠭᠳᠠᠨ ᠤ ᠲᠤᠰᠢᠶᠠᠯ ᠡᠭᠦᠷᠭᠡᠯᠡᠭᠦᠯᠬᠦ ᠪᠠᠷ ᠲᠣᠭᠲᠠᠭᠠᠪᠠ᠃ ᠡᠭᠦᠨ ᠳᠤ ᠰᠠᠨᠰᠠᠷᠴᠢᠨ ᠼᠠᠢ ᠰᠢᠦᠢ ᠵᠧ ᠬᠤᠪᠢᠯᠭᠠᠨ | ᠣᠩᠭᠤᠴᠠ ᠠᠷᠪᠠᠨ ᠳᠥᠷᠪᠡᠳᠦᠭᠡᠷ ᠤᠨ ᠬᠥᠮᠥᠨ ᠠᠴᠢᠭᠰᠠᠨ ᠨᠢᠰᠦᠯᠲᠡ ᠶᠢᠨ ᠡᠭᠦᠷᠭᠡ ᠶᠢ ᠭᠦᠢᠴᠡᠳᠬᠡᠵᠦ ᠥᠩᠭᠡᠷᠡᠵᠡᠢ︔ | ᠰᠠᠨᠰᠠᠷᠴᠢᠨ ᠰᠥᠩ ᠯᠢᠩ ᠳ᠋ᠦᠩ᠂ ᠰᠠᠨᠰᠠᠷᠴᠢᠨ ᠸᠠᠩ ᠬᠤᠤ ᠽᠧ ᠨᠢ ᠨᠢᠰᠦᠯᠲᠡ ᠶᠢᠨ ᠡᠭᠦᠷᠭᠡ ᠶᠢ ᠠᠩᠬ᠎ᠠ ᠤᠳᠠᠭ᠎ᠠ | ᠭᠦᠢᠴᠡᠳᠬᠡᠬᠦ ᠭᠡᠵᠦ ᠪᠠᠶᠢᠭ᠎ᠠ ᠶᠡᠷᠡᠭᠡᠳ ᠣᠨ ᠳᠤ ᠲᠥᠷᠥᠭᠰᠡᠳ ᠪᠥᠭᠡᠳ ᠰᠠᠨᠰᠠᠷᠴᠢᠨ ᠸᠠᠩ ᠬᠤᠤ ᠽᠧ ᠨᠢ ᠮᠠᠨ ᠤ | ᠤᠯᠤᠰ ᠤᠨ ᠰᠠᠨᠰᠠᠷ ᠠᠶᠠᠯᠠᠯ ᠤᠨ ᠠᠩᠬᠠᠳᠠᠭᠴᠢ ᠡᠮᠡᠭᠲᠡᠢ ᠢᠨᠵᠧᠨᠧᠷ ᠪᠣᠯᠣᠨ᠎ᠠ᠃ | | | | | |