ᠵᠣᠨ ᠤ ᠤᠯᠠᠷᠢᠯ ᠤᠨ ᠤᠯᠠᠭᠠᠢ ᠳᠤ ᠲᠠᠯ᠎ᠠ ᠨᠤᠲᠤᠭ ᠲᠦᠮᠡᠨ ᠪᠣᠳᠠᠰ ᠳᠡᠯᠭᠡᠨ ᠦᠵᠡᠭᠦᠯᠵᠦ᠂ ᠥᠩᠭᠡ | ᠦᠵᠡᠮᠵᠢ ᠵᠢᠷᠤᠭ ᠮᠡᠲᠦ᠃ 6 ᠰᠠᠷ᠎ᠠ ᠶᠢᠨ 9 ᠤ ᠡᠳᠦᠷ᠂ ᠤᠯᠠᠭᠠᠢ ᠬᠠᠮᠢᠶᠠᠷᠤᠯᠲᠠ ᠶᠢᠨ ᠣᠷᠣᠨ ᠤ ᠲᠡᠭᠷᠢ ᠶᠢᠨ | ᠬᠠᠶᠠᠭ᠎ᠠ ᠶᠢᠨ ᠲᠠᠯ᠎ᠠ ᠨᠤᠲᠤᠭ ᠤᠨ ᠵᠢᠭᠤᠯᠴᠢᠯᠠᠯ ᠤᠨ︵ᠪᠦᠯᠦᠭᠯᠡᠯ︶ ᠬᠢᠵᠠᠭᠠᠷᠲᠤ ᠺᠣᠮᠫᠠᠨᠢ ︽ᠬᠥᠬᠡ ᠴᠢᠨ᠋ᠸ᠎ᠠ ᠶᠢᠨ | ᠨᠢᠭᠤᠴᠠ ᠲᠡᠭᠷᠢ ᠶᠢᠨ ᠬᠠᠶᠠᠭ᠎ᠠ ᠶᠢᠨ ᠲᠠᠯ᠎ᠠ ᠨᠤᠲᠤᠭ︾ ᠤᠨ 2024 ᠣᠨ ᠳᠤ ᠲᠠᠯ᠎ᠠ ᠨᠤᠲᠤᠭᠢᠶ᠋ᠠᠷ ᠠᠶᠠᠯᠠᠬᠤ | ᠵᠢᠭᠤᠯᠴᠢᠯᠠᠯ ᠤᠨ ᠡᠬᠢᠯᠡᠯᠲᠡ ᠶᠢᠨ ᠶᠣᠰᠣᠯᠠᠯ ᠢ ᠠᠮᠵᠢᠯᠲᠠ ᠲᠠᠢ ᠡᠷᠬᠢᠯᠡᠪᠡ᠃ | ᠶᠣᠰᠣᠯᠠᠯ ᠤᠨ ᠲᠤᠬᠠᠢ ᠶᠢᠨ ᠲᠠᠯᠠᠪᠠᠢ ᠳᠤ᠂ ᠪᠦᠬᠦ ᠤᠯᠤᠰ ᠤᠨ ᠡᠯ᠎ᠡ ᠭᠠᠵᠠᠷ ᠠᠴᠠ ᠢᠷᠡᠭᠰᠡᠨ ᠬᠡᠭᠡᠷᠡᠯᠡᠨ | ᠠᠶᠠᠯᠠᠬᠤ ᠪᠠᠭ᠋ᠠᠲᠠᠳ ᠵᠢᠴᠢ ᠥᠪᠡᠷ ᠢᠶᠠᠨ ᠲᠡᠷᠭᠡ ᠵᠢᠯᠤᠭᠤᠳᠬᠤ ᠺᠯᠦ᠋ᠪ ᠤᠨ 80 ᠭᠠᠷᠤᠢ ᠬᠡᠭᠡᠷᠡᠯᠡᠨ ᠠᠶᠠᠯᠠᠬᠤ | ᠮᠠᠰᠢᠨ ᠲᠡᠷᠭᠡ ᠨᠢ ᠮᠠᠰᠢᠨ ᠲᠡᠷᠭᠡᠨ ᠤ ︽ᠴᠠᠩ ᠯᠦᠩ︾ ᠢ ᠪᠦᠷᠢᠯᠳᠦᠭᠦᠯᠵᠦ᠂ ᠡᠮᠬᠢ ᠳᠢᠭᠯᠢᠮ ᠲᠠᠢ ᠴᠤᠭᠯᠠᠷᠠᠵᠤ᠂ | ᠬᠥᠳᠡᠯᠭᠡᠭᠦᠷ ᠢ ᠬᠦᠩᠭᠢᠨᠡᠵᠦ᠂ ᠬᠥᠮᠥᠰ ᠤᠨ ᠰᠡᠳᠬᠢᠯ ᠢ ᠳᠣᠭᠳᠣᠯᠤᠭᠤᠯᠤᠮ᠎ᠠ ᠲᠠᠯ᠎ᠠ ᠨᠤᠲᠤᠭ ᠤᠨ ᠠᠶᠠᠯᠠᠯ ᠢ | ᠬᠠᠮᠲᠤᠪᠠᠷ ᠨᠡᠭᠡᠭᠡᠪᠡ᠃ ᠲᠣᠰ ᠤᠳᠠᠭᠠᠨ ᠤ ᠬᠥᠳᠡᠯᠭᠡᠭᠡᠨ ᠨᠢ ᠬᠤᠶᠠᠷ ᠡᠳᠦᠷ ᠨᠢᠭᠡ ᠣᠷᠣᠢ᠂ ᠤᠯᠠᠭᠠᠢ | ᠬᠠᠮᠢᠶᠠᠷᠤᠯᠲᠠ ᠶᠢᠨ ᠣᠷᠣᠨ ᠤ ᠪᠠᠶᠠᠨᠬᠤᠰᠢᠭᠤ ᠪᠠᠯᠭᠠᠰᠤ ᠪᠠᠶᠢᠵᠤ᠂ ᠮᠠᠨᠳᠤᠬᠤᠪᠤᠯᠠᠭ᠂ ᠵᠥᠪᠯᠡᠯᠲᠦ ᠶᠢᠨ ᠤᠯᠠᠭᠠᠨ | ᠴᠡᠷᠢᠭ ᠤᠨ ᠵᠠᠮ᠂ ᠤᠯᠠᠭᠠᠨ ᠴᠡᠷᠢᠭ ᠤᠨ ᠶᠠᠪᠤᠳᠠᠯ᠂ ᠲᠣᠮᠳᠠᠳᠦ ᠮᠣᠩᠭᠤᠯ ᠤᠨ ᠬᠢᠯᠢ ᠬᠢᠵᠠᠭᠠᠷ᠂ ᠴᠠᠭᠠᠨ ᠬᠤᠰᠤᠨ ᠤᠢ᠂ | ᠪᠣᠭᠳᠠ ᠠᠭᠤᠯᠠ ᠶᠢᠨ ᠣᠢ ᠰᠢᠭᠤᠢ ᠶᠢᠨ ᠲᠠᠯᠠᠪᠠᠢ᠂ ᠤᠯᠠᠭᠠᠢ ᠨᠠᠭᠤᠷ ᠵᠡᠷᠭᠡ ᠭᠠᠵᠠᠷ ᠤᠳ ᠢᠶᠠᠷ ᠥᠩᠭᠡᠷᠡᠨ | ᠡᠴᠦᠰ ᠤᠨ ᠴᠡᠭᠨᠢ ᠤᠯᠠᠭᠠᠢ ᠬᠠᠮᠢᠶᠠᠷᠤᠯᠲᠠ ᠶᠢᠨ ᠣᠷᠣᠨ ᠪᠣᠯᠣᠨ᠎ᠠ᠃ ᠪᠦᠬᠦ ᠲᠠᠯᠠᠪᠤᠷ ᠢᠶᠠᠷ ᠢᠶᠠᠨ ᠬᠥᠳᠡᠯᠭᠡᠭᠡᠨ ᠤ | ᠵᠠᠮ ᠢ ᠲᠤᠭᠤᠯᠤᠭᠰᠠᠨ ᠨᠢ ᠮᠠᠰᠢ ᠰᠠᠶᠢᠨ ᠪᠥᠭᠡᠳ ᠭᠠᠵᠠᠷ ᠤᠨ ᠪᠠᠶᠢᠴᠠ ᠤᠯᠠᠨ ᠬᠤᠪᠢᠷᠠᠵᠤ᠂ ᠨᠡᠪᠲᠡᠯᠦᠨ ᠭᠠᠷᠬᠤ | ᠪᠠᠭ᠋ᠠᠲᠠᠳ ᠲᠤ ᠥᠪᠡᠷ ᠢᠶᠠᠨ ᠲᠡᠷᠭᠡ ᠵᠢᠯᠣᠭᠤᠳᠤᠨ ᠪᠠᠶᠠᠷ ᠪᠠᠭ᠋ᠠᠳᠤᠯ ᠢ ᠡᠳ᠋ᠯᠡᠭᠦᠯᠬᠦ ᠪᠠᠷ ᠪᠠᠷᠠᠬᠤ ᠦᠭᠡᠢ ᠪᠠᠰᠠ | ᠵᠢᠯᠤᠭᠤᠳᠬᠤ ᠬᠢᠷᠢ ᠲᠦᠪᠰᠢᠨ ᠢ ᠨᠥᠯᠥᠭᠡᠯᠡᠬᠦ ᠬᠠᠮᠤᠭ ᠤᠨ ᠰᠠᠶᠢᠨ ᠲᠣᠬᠢᠶᠠᠯ ᠬᠠᠩᠭᠠᠭᠰᠠᠨ ᠪᠠᠶᠢᠨ᠎ᠠ᠃ | ᠥᠨᠥᠳᠥᠷ ᠮᠠᠰᠢ ᠠᠵᠠ ᠲᠠᠢ ᠪᠠᠷ ᠬᠥᠬᠡ ᠴᠢᠨ᠋ᠸ᠎ᠠ ᠶᠢᠨ ᠨᠢᠭᠤᠴᠠ ᠤᠯᠠᠭᠠᠢ ᠶᠢᠨ ᠲᠠᠯ᠎ᠠ ᠨᠤᠲᠤᠭ ᠢ | ᠬᠤᠪᠢ ᠶᠢᠨ ᠮᠠᠰᠢᠨ ᠲᠡᠷᠭᠡ ᠲᠤᠭᠤᠯᠬᠤ ᠳᠤ ᠬᠥᠳᠡᠯᠭᠡᠭᠡᠨ ᠳᠤ ᠣᠷᠣᠯᠴᠠᠬᠤ ᠪᠠᠰᠠ ᠮᠠᠨ ᠤ ᠤᠯᠠᠭᠠᠢ ᠬᠤᠪᠢ ᠶᠢᠨ | ᠮᠠᠰᠢᠨ ᠲᠡᠷᠭᠡ ᠵᠢᠭᠤᠯᠴᠢᠯᠠᠯ ᠤᠨ ᠰᠢᠨ᠎ᠡ ᠬᠠᠭᠤᠳᠠᠰᠤ ᠶᠢ ᠤᠭᠲᠤᠨ ᠠᠪᠴᠢᠷᠠᠯ᠎ᠠ᠃ ᠡᠨᠡ ᠤᠳᠠᠭᠠᠨ ᠤ | ᠠᠵᠢᠯᠯᠠᠭ᠎ᠠ ᠳᠤ ᠮᠠᠨ ᠤ ᠦᠢᠯᠡᠴᠢᠯᠡᠭᠡᠨ ᠤ ᠲᠥᠪ ᠨᠡᠶᠢᠲᠡ 30 ᠭᠠᠷᠤᠢ ᠲᠡᠷᠭᠡ ᠣᠷᠣᠯᠴᠠᠵᠤ᠂ ᠵᠠᠯᠭᠠᠭᠠᠳ ᠡᠨᠡ ᠬᠦ | ᠶᠠᠪᠤᠴᠠ ᠶᠢ ᠲᠤᠭᠤᠯᠵᠥ᠂ ᠮᠠᠨᠤ ᠤᠯᠠᠭᠠᠢ ᠶᠢᠨ ᠭᠤᠸ᠎ᠠ ᠰᠠᠶᠢᠬᠠᠨ ᠂ ᠤᠯᠠᠭᠠᠢ ᠳᠤ ᠴᠤ ᠬᠤᠪᠢ ᠶᠢᠨ ᠲᠡᠷᠭᠡ ᠪᠠᠷ | ᠠᠶᠠᠯᠠᠬᠤᠨᠢ ᠡᠶᠢᠮᠦ ᠰᠠᠶᠢᠬᠠᠨ ᠨᠠᠭᠠᠳᠴᠤ ᠪᠣᠯᠣᠨ᠎ᠠ ᠭᠡᠳᠡᠭ ᠢ ᠤᠯᠠᠨ ᠳᠤ ᠦᠵᠡᠭᠦᠯᠦᠶ᠎ᠡ ᠭᠡᠰᠡᠨ ᠶᠤᠮ᠃ | ᠵᠠᠮ ᠵᠠᠭᠤᠷ᠎ᠠ᠂ ᠲᠡᠷᠭᠡᠴᠢᠳ ᠨᠢᠭᠡ ᠲᠠᠯ᠎ᠠ ᠪᠠᠷ ᠨᠠᠷᠢᠨ ᠨᠢᠭᠲᠠ ᠵᠢᠯᠤᠭᠤᠳᠬᠤ ᠮᠡᠷᠭᠡᠵᠢᠯ ᠢᠶᠠᠨ ᠳᠡᠯᠭᠡᠨ | ᠦᠵᠡᠭᠦᠯᠵᠦ᠂ ᠡᠩᠨᠡᠭᠡᠨ ᠤ ᠲᠡᠷᠢ ᠲᠡᠭᠰᠢ ᠪᠠ ᠬᠤᠷᠳᠤᠴᠠ ᠪᠠᠨ ᠪᠠᠲᠤᠯᠠᠵᠤ᠂ ᠨᠢᠭᠡ ᠲᠠᠯ᠎ᠠ ᠪᠠᠷ ᠵᠠᠮ ᠳᠠᠭᠠᠤ ᠶᠢᠨ | ᠰᠠᠶᠢᠬᠠᠨ ᠦᠵᠡᠮᠵᠢ ᠶᠢ ᠰᠣᠨᠢᠷᠬᠠᠵᠤ ᠪᠣᠯᠣᠨ᠎ᠠ᠃ ᠭᠤᠷᠤᠬ᠎ᠠ ᠭᠤᠷᠴᠢᠭᠢᠨᠠᠬᠤ ᠤᠰᠤ ᠴᠡᠯᠭᠡᠷᠡᠨ ᠴᠡᠯᠮᠡᠭᠰᠢᠵᠦ᠂ ᠠᠭᠤᠷ | ᠠᠮᠢᠰᠬᠤᠯ ᠰᠡᠩᠬ᠋ᠢᠨᠡᠨ ᠴᠤᠤᠷᠢᠶᠠᠲᠤᠨ᠎ᠠ᠃ ᠲᠣᠰ ᠤᠳᠠᠭᠠᠨ ᠤ ᠠᠵᠢᠯᠯᠠᠭ᠎ᠠ ᠶᠢ ᠠᠮᠵᠢᠯᠲᠠ ᠲᠠᠢ ᠶᠠᠪᠤᠭᠳᠠᠭᠤᠯᠤᠭᠰᠠᠨ | ᠨᠢ ᠤᠯᠠᠭᠠᠢ ᠬᠠᠮᠢᠶᠠᠷᠤᠯᠲᠠ ᠶᠢᠨ ᠣᠷᠣᠨ ᠤ ᠥᠪᠡᠷᠮᠢᠴᠡ ᠪᠠᠶᠢᠭᠠᠯᠢ ᠪᠣᠯᠣᠨ ᠰᠣᠶᠣᠯ ᠤᠨ ᠷᠢᠳᠢ ᠰᠢᠳᠢ ᠶᠢ | ᠢᠯᠡᠷᠡᠭᠦᠯᠦᠭᠰᠡᠨ ᠢᠶᠠᠷ ᠪᠠᠷᠠᠬᠤ ᠦᠭᠡᠢ ᠪᠠᠰᠠ ᠰᠣᠳᠣᠨ ᠵᠢᠭᠤᠯᠴᠢᠯᠠᠯ ᠤᠨ ᠵᠠᠮ ᠱᠤᠭᠤᠮ ᠢ ᠦᠷᠬᠦᠯᠵᠢᠯᠡᠨ | ᠪᠠᠶᠢᠭᠤᠯᠬᠤ ᠬᠦᠴᠦᠲᠡᠢ ᠠᠷᠭ᠎ᠠ ᠠᠪᠴᠠᠯ ᠪᠣᠯᠤᠭᠰᠠᠨ ᠪᠠᠶᠢᠨ᠎ᠠ᠃ ᠡᠯᠪᠡᠭ ᠪᠠᠶᠠᠯᠢᠭ ᠠᠭᠤᠯᠭ᠎ᠠ ᠪᠦᠬᠦᠢ ᠠᠵᠢᠯᠯᠠᠭ᠎ᠠ | ᠪᠠ ᠴᠢᠨᠠᠷ ᠰᠠᠶᠢᠲᠠᠢ ᠦᠢᠯᠡᠴᠢᠯᠡᠭᠡ ᠪᠠᠷ ᠳᠠᠮᠵᠢᠨ᠂ ᠤᠯᠠᠭᠠᠢ ᠥᠪᠡᠷ ᠢᠶᠠᠨ ᠲᠡᠷᠭᠡ ᠵᠢᠯᠣᠭᠤᠳᠤᠨ ᠵᠢᠭᠤᠯᠴᠢᠳ ᠤᠨ | ᠰᠡᠳᠬᠢᠯ ᠳᠤ ᠬᠤᠣᠰ ᠦᠭᠡᠢ ᠵᠢᠭᠤᠯᠴᠢᠯᠠᠯ ᠤᠨ ᠦᠵᠡᠮᠵᠢ ᠶᠢᠨ ᠣᠷᠣᠨ ᠤ ᠳᠦᠷᠢ ᠲᠥᠷᠬᠦ ᠶᠢ ᠪᠣᠢ ᠪᠣᠯᠭᠠᠵᠤ᠂ ᠨᠡᠩ | ᠣᠯᠠᠨ ᠬᠥᠮᠥᠰ ᠦᠨ ᠬᠦᠷᠦᠯᠴᠡᠨ ᠢᠷᠡᠵᠦ︽ᠬᠥᠬᠡ ᠴᠢᠨ᠋ᠸ᠎ᠠ ᠶᠢᠨ ᠨᠢᠭᠤᠴᠠᠲ᠋ᠡᠭᠷᠢ ᠶᠢᠨ ᠬᠠᠶᠠᠭ᠎ᠠ ᠶᠢᠨ ᠲᠠᠯ᠎ᠠ | ᠨᠤᠲᠤᠭ︾ ᠢ ᠣᠶᠢᠯᠠᠭᠠᠨ᠎ᠠ᠃ | | | |