ᠢᠲᠡᠭᠡᠯ ᠵᠣᠷᠢᠭ ᠢᠶᠠᠷ ᠱᠤᠭᠤᠭᠳᠠᠬᠤ ᠨᠠᠨᠳᠢᠨ ᠦᠢᠯᠡ
ᠨᠡᠶᠢᠲᠡᠯᠡᠭᠰᠡᠨ ᠴᠠᠭ᠄
2024/6/17

    ᠣᠷᠴᠢᠮᠬᠠᠨ ᠰᠢᠯᠢ ᠶᠢᠨ ᠭᠤᠣᠯ ᠠᠶᠢᠮᠠᠭ ᠤᠨ ᠠᠪᠠᠭ᠎ᠠ ᠬᠤᠰᠢᠭᠤᠨ ᠳᠤ ᠶᠠᠪᠤᠭᠳᠠᠭᠰᠠᠨ ᠪᠥᠬᠦ ᠠᠶᠢᠮᠠᠭ ᠤᠨ

ᠵᠡᠮᠳᠡᠭᠴᠦᠳ ᠤᠨ ᠤᠷᠠᠯᠢᠭ ᠤᠨ ᠪᠠᠶᠠᠷ ᠢᠶᠠᠷ ᠭᠠᠷ ᠤᠷᠠᠯᠠᠯ ᠤᠨ ᠪᠦᠲᠦᠭᠡᠯ ᠤᠨ ᠰᠢᠯᠭᠠᠷᠠᠭᠤᠯᠤᠯᠲᠠ ᠳᠤ ᠪᠠᠷᠠᠭᠤᠨ

ᠦᠵᠦᠮᠦᠴᠢᠨ ᠬᠤᠰᠢᠭᠤᠨ ᠤ ᠵᠢᠷ ᠤᠨ ᠭᠤᠣᠯ ᠪᠠᠯᠭᠠᠰᠤᠨ ᠤ ᠬᠥᠬᠡᠰᠢᠯᠢ ᠭᠠᠴᠠᠭᠠᠨ ᠤ ᠮᠠᠯᠴᠢᠨ ᠫᠤᠩᠰᠤᠭᠵᠢᠮᠪᠠ

ᠭᠤᠸᠠᠢ  ᠶᠢᠨ ᠪᠦᠲᠦᠭᠡᠯ ᠬᠤᠶᠠᠳᠤᠭᠠᠷ ᠲᠡᠰ ᠤᠨ ᠱᠠᠩᠨᠠᠯ  ᠭᠠᠷᠳᠠᠵᠤ᠂  ᠪᠠᠶᠠᠷᠲᠠᠶᠢᠬᠠᠨ ᠰᠠᠭᠤᠨ᠎ᠠ᠃

    ︽ᠵᠦᠭᠡᠷ ᠰᠠᠭᠤᠬᠤ ᠪᠠᠷ ᠵᠦᠯᠭᠦᠵᠦ  ᠰᠠᠭᠤᠶ᠎ᠠ︾ ᠬᠡᠮᠡᠨ᠂ ᠲᠠᠯᠠ ᠶᠢᠨ ᠳᠠᠪᠠᠭ᠎ᠠ ᠶᠢ ᠳᠥᠬᠦᠵᠦ ᠶᠠᠪᠤᠭ᠎ᠠ

ᠨᠠᠰᠤᠲᠠᠨ ᠫᠤᠩᠰᠤᠭᠵᠢᠮᠪᠠ ᠬᠡᠳᠦᠢ ᠭᠠᠷ ᠨᠢ ᠵᠡᠮᠳᠡᠭ ᠪᠠᠶᠢᠯ᠎ᠠ ᠴᠦ ᠭᠡᠰᠡᠨ ᠶᠡᠷᠦ ᠠᠴᠠ ᠡᠳᠦᠷ ᠬᠤᠨᠤᠭ ᠢ ᠲᠠᠯᠠᠭᠠᠷ

ᠥᠩᠭᠡᠷᠡᠭᠦᠯᠬᠦ ᠶᠢ ᠬᠦᠰᠡᠬᠦ ᠦᠭᠡᠢ ᠶᠠᠭᠤ ᠨᠢᠭᠡ ᠶᠢ ᠬᠢᠵᠦ ᠤᠷᠤᠯᠳᠤᠨ᠂ ᠠᠮᠢᠳᠤᠷᠠᠯ ᠠᠬᠤᠢ ᠳᠠᠭᠠᠨ ᠤᠷᠤᠯᠭ᠎ᠠ

ᠡᠭᠦᠳᠴᠦ᠂ ᠨᠡᠮᠡᠷᠢ ᠪᠤᠯᠭᠠᠬᠤ  ᠶᠢ ᠬᠢᠴᠢᠶᠡᠨ ᠴᠢᠷᠮᠠᠶᠢᠭᠰᠠᠭᠠᠷ ᠢᠷᠡᠵᠠᠢ᠃

    ᠡᠶᠢᠨᠬᠦ ᠲᠡᠷᠡᠪᠡᠷ ᠬᠤᠰᠢᠭᠤᠨ ᠲᠥᠪ ᠪᠠᠯᠭᠠᠷᠭᠤᠣᠯ ᠪᠠᠯᠭᠠᠰᠤᠨ ᠳᠤ  ᠰᠠᠭᠤᠷᠢᠰᠢᠭᠠᠳ ᠠᠷᠪᠠᠭᠠᠳ ᠵᠢᠯ ᠤᠨ

ᠨᠢᠭᠤᠷ ᠢ ᠦᠵᠡᠵᠦ᠂ ᠰᠤᠷᠤᠭᠴᠢ ᠬᠠᠷᠠᠵᠤ ᠰᠠᠭᠤᠬᠤ ᠶᠢᠨ ᠵᠡᠷᠭᠡᠪᠡᠷ ᠰᠤᠷᠤᠭᠴᠢᠳ ᠤᠨ ᠭᠠᠷ ᠤᠷᠠᠯᠠᠯ ᠤᠨ

ᠪᠦᠲᠦᠭᠡᠯ ᠢ ᠬᠢᠵᠦ ᠤᠷᠤᠯᠳᠤᠳᠠᠭ ᠪᠠᠶᠢᠭᠰᠠᠨ ᠢᠶᠠᠨ ᠤᠯᠠᠮ ᠬᠢᠬᠦ ᠲᠤᠳᠤᠮ ᠳᠤᠷᠠᠲᠠᠢ ᠪᠠᠭ᠋ᠠᠲᠠᠢ ᠪᠣᠯᠵᠤ᠂ ᠰᠤᠯᠠ

ᠰᠡᠯᠡᠭᠦᠦ ᠴᠠᠭ ᠭᠠᠷᠪᠠᠯ ᠮᠣᠩᠭᠤᠯ ᠠᠮᠢᠳᠤᠷᠠᠯ ᠠᠬᠤᠢ ᠶᠢ ᠬᠠᠷᠠᠭᠤᠯᠤᠭᠰᠠᠨ ᠤᠯᠠᠨ ᠰᠠᠶᠢᠬᠠᠨ ᠪᠦᠲᠦᠭᠡᠯ ᠢ ᠮᠣᠳᠣ ᠪᠠᠷ

ᠤᠷᠠᠯᠠᠨ ᠰᠡᠶᠢᠯᠵᠦ᠂ ᠣᠶᠢᠷ᠎ᠠ ᠬᠠᠪᠢ ᠶᠢᠨ ᠮᠡᠳᠡᠳᠡᠭ ᠲᠠᠨᠢᠳᠠᠭ ᠬᠥᠮᠥᠰ ᠠᠴᠠ ᠵᠠᠬᠢᠶᠠᠯᠠᠭ᠎ᠠ ᠲᠤᠰᠤᠨ᠂ ᠤᠷᠤᠯᠭ᠎ᠠ

ᠡᠬᠦᠳᠦᠳᠡᠭ ᠪᠣᠯᠤᠭᠰᠠᠨ ᠨᠢ ᠲᠡᠭᠦᠨ ᠤ ᠬᠤᠪᠢ ᠳᠤ ᠤᠯᠠᠮ ᠴᠦ ᠤᠷᠮ᠎ᠠ ᠵᠣᠷᠢᠭ ᠢ ᠨᠢ ᠬᠥᠪᠴᠢᠯᠡᠵᠦ᠂ ᠤᠷᠤᠯᠳᠤᠭᠠᠨ

ᠲᠡᠮᠡᠴᠡᠭᠡᠨ ᠳᠤ ᠴᠦ ᠢᠳᠡᠪᠬᠢᠯᠡᠨ ᠣᠷᠣᠯᠴᠠᠳᠠᠭ  ᠪᠣᠯᠵᠤ ᠦᠳᠡᠯᠦᠭᠡ ᠨᠠᠰᠤ ᠪᠠᠨ ᠪᠠᠶᠠᠷ ᠵᠢᠷᠭᠠᠯ ᠲᠠᠢ ᠥᠩᠭᠡᠷᠡᠭᠦᠯᠵᠦ

ᠶᠠᠪᠤᠨ᠎ᠠ᠃

    ᠨᠠᠰᠤᠲᠠᠨ ᠭᠤᠸᠠᠢ ᠳᠠᠭᠤᠤ ᠤᠷᠠᠯᠢᠭ ᠲᠤ ᠠᠪᠢᠶᠠᠰᠤᠯᠢᠭ ᠨᠢᠭᠡᠨ ᠪᠠᠶᠢᠵᠤ᠂  ᠵᠠᠯᠠᠭᠤ  ᠽᠠᠨᠳᠠᠨ ᠨᠠᠰᠤᠨ ᠳᠠᠭᠠᠨ

ᠮᠣᠷᠢᠨ ᠬᠤᠭᠤᠷ ᠬᠤᠭᠤᠷᠳᠠᠨ ᠤᠷᠳᠤ ᠶᠢᠨ ᠳᠠᠭᠤᠤ  ᠂ ᠪᠣᠭᠤᠨᠢ ᠳᠠᠭᠤᠤ ᠰᠠᠶᠢᠬᠠᠨ ᠳᠠᠭᠤᠯᠠᠳᠠᠭ ᠪᠠᠶᠢᠭᠰᠠᠨ ᠢᠶᠠᠨ

ᠭᠠᠷ ᠵᠡᠮᠳᠡᠭ ᠪᠣᠯᠤᠭᠰᠠᠨ ᠠᠴᠠ ᠬᠤᠶᠢᠰᠢ ᠲᠦᠷᠪᠡᠨ ᠤᠲᠠᠰᠤᠲᠤ ᠬᠤᠭᠤᠷ   ᠢᠶᠠᠨ ᠬᠤᠭᠤᠷᠳᠠᠨ᠂  ᠳᠠᠭᠤᠤ ᠬᠤᠭᠤᠷ

ᠠᠶᠠᠯᠠᠭᠤᠯᠤᠨ ᠰᠡᠳᠬᠢᠯ ᠰᠠᠨᠠᠭ᠎ᠠ ᠪᠠᠨ  ᠪᠠᠶᠠᠰᠬᠠᠵᠤ ᠶᠠᠪᠤᠳᠠᠭ   ᠤᠨ ᠵᠡᠷᠭᠡᠪᠡᠷ ᠵᠢᠷᠭᠢᠶ᠎ᠡ ᠰᠦᠯᠵᠢᠶ᠎ᠡ ᠪᠠᠷ ᠡᠷᠬᠢᠯᠡᠬᠦ  

ᠡᠯ᠎ᠡ ᠲᠦᠷᠦᠯ ᠤᠨ ᠲᠠᠭᠤᠠ ᠤ ᠤᠷᠤᠯᠳᠤᠭᠠᠨ ᠲᠡᠮᠡᠴᠡᠭᠡᠨ ᠳᠤ ᠴᠦ ᠣᠮᠤᠭ ᠲᠡᠭᠦᠯᠳᠡᠷ ᠤᠷᠤᠯᠴᠠᠵᠤ ᠤᠯᠠᠨ  

ᠰᠠᠶᠢᠬᠠᠨ ᠤᠷᠮᠠᠰᠢᠭᠤᠯᠤᠯ ᠱᠠᠩᠨᠠᠯ   ᠢᠶᠠᠷ ᠡᠩᠭᠡᠷ ᠢᠶᠠᠨ ᠴᠢᠮᠡᠵᠦ᠂ ᠳᠤᠷᠠᠲᠠᠢ ᠪᠠᠭ᠋ᠠᠲᠠᠢ ᠵᠦᠢᠯᠡᠰ ᠢᠶᠠᠨ ᠡᠷᠭᠢᠴᠡᠭᠦᠯᠵᠦ  

ᠶᠠᠭᠠᠷᠠᠨ᠎ᠠ᠃

    ᠡᠭᠦᠨ ᠤ ᠵᠡᠷᠭᠡᠪᠡᠷ  ᠨᠠᠰᠤᠲᠠᠨ  ᠮᠠᠨᠢ ᠪᠠᠰᠠ ᠬᠠᠶᠢᠴᠢ ᠰᠠᠶᠢᠨ ᠢᠷᠯᠡᠵᠦ ᠪᠢᠯᠢᠭᠦᠳᠡᠳᠡᠭ ᠠᠴᠠ ᠣᠶᠢᠷ᠎ᠠ

ᠵᠡᠷᠭᠡᠯᠡᠳᠡᠭᠡ  ᠶᠢᠨ ᠬᠢᠨᠢ ᠲᠤᠰᠬᠠᠶᠢᠯᠠᠨ ᠵᠣᠷᠢᠨ ᠢᠷᠡᠳᠡᠭ ᠨᠢ  ᠲᠡᠭᠦᠨ ᠤ ᠬᠤᠪᠢ   ᠳᠤ ᠤᠯᠠᠮ ᠴᠦ ᠶᠡᠭᠡ

ᠤᠷᠮᠠᠰᠢᠭᠤᠯᠤᠯ ᠪᠣᠯᠵᠤ ᠭᠠᠷ  ᠤᠨ ᠦᠢᠯᠡ ᠶᠢ ᠨᠢ ᠢᠳᠡᠭᠡᠨ ᠳᠡᠮᠵᠢᠳᠡᠭ ᠬᠥᠮᠥᠰ ᠲᠤ ᠳᠠᠩᠳᠠ ᠶᠡᠭᠡ ᠲᠠᠯᠠᠷᠬᠠᠯ

ᠡᠪᠦᠷᠯᠡᠵᠦ᠂ ᠢᠲᠡᠭᠡᠯ ᠨᠠᠶᠢᠳᠠᠯᠭ᠎ᠠ ᠶᠢᠨ ᠬᠢᠨᠢ ᠬᠠᠷᠢᠭᠤ ᠳᠤ ᠬᠠᠷᠠᠮ ᠦᠭᠡᠢ ᠰᠠᠶᠢᠨ ᠦᠢᠯᠡᠴᠢᠯᠡᠭᠡ ᠬᠠᠩᠭᠠᠨ

ᠥᠷᠥᠭᠡᠯ ᠢ ᠪᠠᠶᠠᠰᠬᠠᠨ ᠥᠪᠡᠷᠲᠡᠭᠡᠨ ᠵᠦ᠋ᠷᠢᠭᠵᠢᠵᠦ᠂ ᠦᠳᠡᠯᠦᠬᠡ ᠨᠠᠰᠤ ᠪᠠᠨ ᠤᠷᠮ᠎ᠠ ᠢᠲᠡᠭᠡᠯ ᠢᠶᠠᠷ  ᠱᠤᠭᠤᠵᠤ᠂

ᠬᠤᠶᠢᠴᠢ ᠦᠶ᠎ᠡ ᠶᠢᠨ ᠬᠢᠨ ᠳᠡᠭᠡᠨ ᠬᠡᠪ ᠳᠠᠭᠤᠷᠢᠶᠠᠯ ᠪᠣᠯᠵᠤ ᠮᠠᠩᠨᠠᠢ ᠲᠡᠨᠡᠶᠢᠨ ᠪᠠᠶᠠᠰᠴᠤ ᠶᠠᠪᠤᠨ᠎ᠠ᠃

 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号