ᠦᠶ᠎ᠡ  ᠳᠠᠮᠵᠢᠭᠰᠠᠨ  ᠤᠷᠭ᠎ᠠ    ᠦᠯᠢᠬᠡᠷ ᠬᠦᠦᠷᠨᠢᠭᠰᠡᠨ ᠤᠶᠠᠭ᠎ᠠ  — ᠲᠦᠷᠪᠡᠨ ᠦᠶ᠎ᠡ ᠶᠢᠨ ᠠᠳᠤᠭᠤᠴᠢᠨ ᠮᠥᠩᠬᠡ ᠶᠢ ᠲᠡᠮᠳᠡᠭᠯᠡᠪᠡ
ᠨᠡᠶᠢᠲᠡᠯᠡᠭᠰᠡᠨ ᠴᠠᠭ᠄
2024/6/24

    ᠵᠢᠷᠠᠨ ᠵᠢᠯ ᠤᠨ ᠲᠤᠷᠰᠢ ᠮᠣᠷᠢᠨ ᠨᠢᠷᠤᠭᠤᠨ ᠳᠡᠭᠡᠷ᠎ᠡ ᠪᠠᠨ ᠲᠠᠯ᠎ᠠ ᠶᠢᠨ ᠰᠠᠯᠬᠢ ᠪᠠᠷ ᠦᠨᠦᠰᠦᠭᠦᠯᠵᠦ ᠶᠠᠪᠤᠭᠰᠠᠨ

ᠠᠳᠤᠭᠤᠴᠢᠨ ᠮᠥᠩᠬᠡ ᠭᠡᠵᠦ ᠠᠪᠠᠭ᠎ᠠ ᠬᠤᠰᠢᠭᠤᠨ ᠤ ᠨᠠᠷᠠᠨᠪᠤᠯᠠᠭ ᠰᠤᠮᠤᠨ ᠤ ᠰᠠᠷᠠᠭᠤᠯᠳᠠᠯ᠎ᠠ ᠭᠠᠴᠠᠭᠠᠨ  ᠤ ᠤᠤᠭᠠᠯ

ᠮᠠᠯᠴᠢᠨ᠂ ᠬᠠᠰᠢᠷ ᠠᠳᠤᠭᠤᠴᠢᠨ᠂ ᠨᠡᠷᠡᠳᠣ ᠤᠶᠠᠭᠠᠴᠢ᠂ ᠣᠯᠠᠨ ᠲᠦᠮᠡᠨ ᠤ ᠪᠠᠭ᠋ᠠᠷᠬᠠᠯ ᠢ ᠲᠠᠲᠠᠭᠰᠠᠨ ᠣᠯᠠᠨ ᠰᠠᠶᠢᠬᠠᠨ

ᠨᠠᠶᠢᠷ ᠨᠠᠭᠠᠳᠤᠮ ᠢᠶᠠᠷ ᠰᠠᠶᠢᠮᠣ ᠬᠠᠷ᠎ᠠ᠂ ᠬᠤᠷᠳᠤᠨ ᠰᠡᠷᠡᠯ᠂ ᠦᠨᠢᠶᠡᠴᠢ ᠬᠠᠯᠲᠠᠷ᠂ ᠳᠡᠭᠦᠦ ᠬᠠᠯᠵᠠᠨ ᠵᠡᠷᠭᠡ ᠣᠯᠠᠨ

ᠰᠠᠶᠢᠬᠠᠨ ᠠᠷᠭᠤᠮᠠᠭ ᠬᠦᠯᠦᠭ ᠢᠶᠠᠨ ᠣᠳᠣᠲᠠᠢ ᠰᠠᠶᠢᠨ ᠬᠤᠷᠳᠤᠯᠠᠭᠤᠯᠵᠤ ᠶᠠᠪᠤᠭᠰᠠᠨ ᠬᠥᠮᠥᠨ ᠤ ᠨᠢᠭᠡᠨ ᠪᠢᠯᠡ᠃

    ᠥᠰᠬᠦ ᠠᠴᠠ ᠪᠠᠨ ᠥᠲᠡᠯᠲᠡᠯ᠎ᠡ ᠪᠠᠨ ᠮᠣᠷᠢᠨ ᠨᠢᠷᠤᠭᠤᠨ ᠳᠡᠭᠡᠷ᠎ᠡ ᠪᠠᠨ ᠠᠵᠢᠯ ᠠᠮᠢᠳᠤᠷᠠᠯ ᠢᠶᠠᠨ ᠮᠠᠨᠳᠤᠭᠤᠯᠵᠤ

ᠶᠠᠪᠤᠭᠰᠠᠨ ᠮᠥᠩᠬᠡ 1952 ᠣᠨ ᠳᠤ ᠤᠤᠯ ᠤᠨ ᠪᠣᠭᠳᠠᠠ᠋ᠭᠤᠯᠠ ᠰᠤᠮᠤᠨ ᠤ ᠰᠠᠷᠠᠭᠤᠯᠳᠠᠯ᠎ᠠ ᠭᠠᠴᠠᠭᠠᠨ ᠳᠤ

ᠠᠳᠤᠭᠤᠴᠢᠨ ᠤᠳᠤᠮ ᠤᠨ ᠲᠣᠩᠳᠣᠪ ᠡᠷᠡᠭᠴᠢ ᠶᠢᠨ ᠤᠤᠭᠠᠨ ᠬᠦᠦ ᠨᠢ ᠪᠣᠯᠵᠤ ᠳᠣᠣᠷ᠎ᠠ ᠳᠠᠯᠪᠢᠩ ᠬᠡᠳᠡᠭ ᠭᠠᠵᠠᠷ

ᠲᠦᠷᠦᠪᠡ᠃ ᠠᠪᠤ ᠲᠣᠩᠳᠣᠪ ᠨᠢ ᠨᠠᠰᠣᠨ ᠲᠤᠷᠰᠢᠲᠠ ᠪᠠᠨ ᠪᠠᠷᠢᠭᠠᠳᠠ ᠨᠡᠶᠢᠳᠡ᠂ ᠬᠤᠳᠠ ᠣᠰᠣᠨ  ᠤ ᠠᠳᠤᠭᠤ

ᠬᠠᠷᠢᠭᠤᠯᠵᠤ ᠶᠠᠪᠤᠭᠰᠠᠨ ᠪᠥᠭᠡᠳ ᠮᠣᠩᠭᠤᠯ ᠨᠤᠲᠤᠭ ᠤᠨ ᠡᠷ᠎ᠡ ᠬᠥᠮᠥᠨ ᠤ ᠬᠤᠪᠢ ᠳᠤ ᠨᠠᠶᠢᠷ ᠲᠠᠭᠠᠷᠠᠪᠠᠯ

ᠪᠠᠷᠢᠯᠳᠤᠴᠢᠬᠠᠳᠠᠭ ᠨᠠᠶᠢᠷ ᠤᠨ ᠣᠳᠣᠲᠠᠢ ᠬᠥᠮᠥᠨ ᠪᠠᠶᠢᠭᠰᠠᠨ ᠢᠶᠠᠷ ᠨᠤᠲᠤᠭ ᠣᠰᠣᠨ ᠤ ᠣᠪᠣᠭ᠎ᠠ ᠪᠤᠯᠠᠭ  ᠤᠨ

ᠲᠠᠬᠢᠯᠭ᠎ᠠ ᠳᠤ ᠵᠣᠳᠣᠭᠯᠠᠵᠤ ᠱᠠᠩ ᠳᠤ ᠬᠦᠷᠳᠡᠭ ᠪᠠᠶᠢᠵᠤ᠂ 1955 ᠣᠨ ᠳᠤ ᠰᠥᠨᠢᠳ ᠵᠡᠭᠦᠨ ᠬᠤᠰᠢᠭᠤᠨ  ᠤ

ᠠᠷᠠᠳ ᠤᠨ ᠶᠡᠭᠡ ᠨᠠᠶᠢᠷ ᠤᠨ 256 ᠪᠦᠬᠡ ᠶᠢᠨ ᠪᠠᠷᠢᠯᠳᠤᠭᠠᠨ ᠳᠤ ᠲᠡᠷᠢᠭᠦᠯᠡᠨ ᠠᠳᠤᠭᠤ ᠬᠥᠲᠥᠯᠵᠦ ᠪᠠᠶᠢᠭᠰᠠᠨ

ᠨᠠᠨᠳᠢᠨ ᠳᠤᠷᠠᠳᠬᠠᠯ ᠲᠠᠢ᠃ ᠡᠪᠦᠭᠡ ᠨᠢ ᠰᠣᠩᠷᠣᠪ ᠭᠡᠭᠴᠢ ᠬᠤᠳᠠ ᠣᠰᠣᠨ ᠤ ᠪᠠᠨ ᠬᠦᠷᠡᠩ ᠴᠠᠪᠢᠳᠠᠷ᠂ ᠤᠯᠠᠭᠠᠨ

ᠬᠡᠭᠡᠷ ᠠᠳᠤᠭᠤ ᠪᠠᠷ ᠭᠤᠣᠯᠯᠠᠭᠰᠠᠨ ᠣᠯᠠᠨ ᠰᠠᠶᠢᠬᠠᠨ ᠮᠣᠩᠭᠤᠯ ᠠᠳᠤᠭᠤ ᠪᠠᠨ ᠬᠠᠷᠢᠭᠤᠯᠤᠭᠰᠠᠨ ᠬᠠᠰᠢᠷ

ᠠᠳᠤᠭᠤᠴᠢᠨ ᠪᠠᠶᠢᠭᠰᠠᠨ ᠬᠡᠳᠡᠭ᠃ ᠮᠥᠩᠬᠡ ᠢᠩᠭᠢᠵᠦ ᠲᠣᠭᠤᠨᠣ ᠲᠠᠢ ᠭᠡᠷ ᠲᠤ ᠲᠦᠷᠦᠵᠥ ᠲᠣᠰᠣᠲᠠᠢ ᠲᠤᠯᠭ᠎ᠠ

ᠲᠣᠭᠤᠷᠢᠨ᠂ ᠤᠨᠠᠭ᠎ᠠ ᠲᠠᠭ᠎ᠠ ᠲᠠᠢ ᠨᠣᠴᠣᠯᠳᠤᠨ ᠦᠰᠦᠨ ᠪᠣᠶᠢᠵᠢᠭᠰᠠᠭᠠᠷ 1960 ᠣᠨ ᠳᠤ ᠪᠣᠭᠳᠠᠠ᠋ᠭᠤᠯᠠ

ᠰᠤᠮᠤᠨ ᠤ ᠰᠤᠷᠭᠠᠭᠤᠯᠢ ᠶᠢᠨ ᠪᠣᠱᠤᠭ᠎ᠠ ᠶᠢ ᠠᠯᠬᠤᠭᠰᠠᠨ ᠢᠶᠠᠨ 1967 ᠣᠨ ᠳᠤ ︽ᠬᠥᠳᠡᠯᠭᠡᠭᠡᠨ︾ ᠡᠬᠢᠯᠡᠭᠰᠡᠨ

 ᠢᠶᠠᠷ ᠰᠤᠷᠭᠠᠭᠤᠯᠢ ᠠᠴᠠ ᠪᠠᠭᠤᠵᠤ ᠤᠳᠤᠮ ᠵᠠᠯᠭᠠᠵᠤ ᠤᠷᠭ᠎ᠠ ᠲᠣᠬᠤᠶᠢᠯᠠᠭᠰᠠᠨ ᠭᠤᠷᠪᠠᠳᠠᠭᠢ ᠦᠶ᠎ᠡ ᠶᠢᠨ

ᠠᠳᠤᠭᠤᠴᠢᠨ ᠪᠣᠯᠤᠭᠰᠠᠨ ᠪᠠᠶᠢᠨ᠎ᠠ᠃ ᠲᠤᠬᠠᠢ ᠶᠢᠨ ᠦᠶ᠎ᠡ ᠳᠤ ᠲᠣᠰ ᠪᠠᠷᠢᠭᠠᠳᠠ ᠨᠢ ᠠᠵᠢᠯᠴᠢ ᠮᠠᠯᠴᠢᠳ ᠤᠨ ᠨᠢᠮᠪᠠᠢ

ᠠᠷᠠᠴᠢᠯᠠᠭ᠎ᠠ ᠪᠠᠷ ᠣᠯᠠᠨ ᠬᠡᠵᠢᠬᠡ ᠶᠢᠨ ᠠᠳᠤᠭᠤ᠂ ᠶᠡᠭᠡ ᠵᠤᠤᠬ᠎ᠠ ᠶᠢᠨ ᠠᠳᠤᠭᠤ᠂ ᠪᠠᠭ᠎ᠠ ᠵᠤᠤᠬ᠎ᠠ ᠶᠢᠨ ᠠᠳᠤᠭᠤ᠂

ᠵᠠᠷᠠᠭ᠎ᠠ ᠬᠠᠮᠠᠷ ᠤᠨ ᠠᠳᠤᠭᠤ᠂ ᠬᠤᠭᠤᠯᠠᠢ ᠶᠢᠨ ᠠᠳᠤᠭᠤ ᠵᠡᠷᠭᠡ ᠲᠠᠪᠤᠨ ᠰᠦᠷᠦᠭ ᠲᠠᠢ ᠪᠠᠶᠢᠭᠰᠠᠨ ᠪᠣᠯᠬᠤᠷ ᠣᠯᠠᠨ

ᠤᠶᠠᠭᠠᠴᠢ ᠪᠠᠶᠢᠭᠰᠠᠨ ᠨᠢ ᠮᠡᠳᠡᠭᠡᠵᠢ᠃ ᠶᠡᠭᠡ ᠠᠪᠠᠭ᠎ᠠ ᠠᠪᠤ ᠲᠠᠪᠠᠭ ᠨᠢ ᠵᠢᠭᠠᠬᠠᠨ ᠬᠡᠭᠡᠷ ᠮᠣᠷᠢ  ᠪᠠᠨ ᠤᠶᠠᠭᠠᠳ

ᠵᠢᠷᠭᠤᠭᠠᠨ ᠨᠠᠰᠤᠲᠠᠢ ᠮᠥᠩᠬᠡ ᠶᠢ ᠰᠤᠮᠤᠨ ᠤ ᠨᠠᠶᠢᠷ ᠲᠤ ᠣᠷᠣᠯᠴᠠᠭᠤᠯᠬᠤ ᠳᠤ ᠮᠥᠩᠬᠡ ᠶᠢᠨ ᠣᠨᠣᠭᠰᠠᠨ ᠵᠢᠭᠠᠬᠠᠨ

ᠬᠡᠭᠡᠷ ᠲᠡᠷᠢᠭᠦᠯᠡᠨ᠂ ᠲᠦᠩᠫᠧᠩ ᠵᠡᠷᠭᠡ ᠶᠢᠨ ᠱᠠᠩᠨᠠᠯ ᠲᠤᠰᠴᠦ ᠪᠠᠶᠢᠭᠰᠠᠨ ᠬᠡᠳᠡᠭ᠃

    ᠮᠣᠩᠭᠤᠯ ᠨᠤᠲᠤᠭ ᠤᠨ ᠡᠷ᠎ᠡ ᠪᠦᠬᠡ ᠳᠤ ᠳᠤᠷᠠᠲᠠᠢ ᠮᠣᠷᠢᠨ ᠳᠤ ᠬᠤᠷᠣᠬᠠᠶᠢᠲᠠᠢ ᠪᠠᠶᠢᠳᠠᠭ ᠪᠣᠯᠬᠤᠷ ᠮᠥᠩᠬᠡ

ᠠᠷᠪᠠᠨ ᠨᠡᠶᠢᠮᠡᠨ ᠨᠠᠰᠤ ᠬᠦᠷᠦᠩᠬᠦᠳᠡ ᠪᠠᠨ ᠠᠪᠤᠷᠭᠤ ᠨᠠᠶᠢᠳᠠᠨ ᠤ ᠱᠠᠪᠢ ᠪᠣᠯᠵᠤ ᠪᠦᠬᠡ ᠶᠢᠨ ᠰᠣᠷᠢᠭᠠᠨ ᠳᠤ ᠬᠡᠳᠦᠨ

ᠰᠠᠷ᠎ᠠ ᠪᠣᠯᠪᠠᠰᠤᠷᠠᠵᠤ᠂ ᠣᠪᠣᠭ᠎ᠠ ᠨᠠᠶᠢᠷ ᠢᠶᠠᠷ ᠪᠠᠷᠢᠯᠳᠤᠬᠤ ᠳᠤ ᠪᠠᠨ ᠰᠢᠯᠭᠠᠬᠤ ᠨᠡᠶᠢᠮᠠ ᠱᠠᠩ ᠤᠨ ᠳᠥᠷᠪᠡ ᠪᠠᠷ

ᠳᠡᠪᠢᠳᠡᠭ ᠪᠠᠶᠢᠭᠰᠠᠨ᠃ ᠭᠡᠪᠡᠴᠦ ᠤᠳᠤᠮ ᠠᠴᠠ ᠵᠠᠯᠭᠠᠭᠰᠠᠨ ᠤᠷᠭ᠎ᠠ ᠲᠡᠭᠦᠨ ᠢ ᠳᠡᠯᠯᠡᠵᠦ ᠪᠠᠷᠢᠭᠠᠳᠠ ᠶᠢᠨ ᠢᠶᠠᠨ

ᠲᠤᠰᠬᠠᠢ ᠠᠳᠤᠭᠤᠴᠢᠨ ᠪᠣᠯᠤᠭᠰᠠᠨ ᠪᠥᠭᠡᠳ 1985 ᠣᠨ ᠳᠤ ᠠᠩᠬ᠎ᠠ ᠪᠡᠶ᠎ᠡ ᠪᠠᠨ ᠳᠠᠭᠠᠭᠠᠵᠤ ᠮᠣᠷᠢ ᠤᠶᠠᠨ᠂

ᠨᠠᠷᠠᠨᠪᠤᠯᠠᠭ ᠰᠤᠮᠤᠨ ᠤ ᠪᠠᠶᠠᠨᠰᠢᠯᠢ ᠪᠠᠷᠢᠭᠠᠳᠠ ᠶᠢᠨ ᠠᠷᠠᠳ ᠤᠨ ᠶᠡᠭᠡ ᠨᠠᠶᠢᠷ ᠤᠨ ᠭᠤᠴᠢᠨ ᠭᠠᠵᠠᠷ ᠤᠨ ᠬᠢᠵᠠᠭᠠᠯᠠᠩ

ᠦᠷᠢᠶᠡᠨ ᠤ ᠣᠷᠣᠯᠳᠣᠭᠠᠨ ᠳᠤ ᠭᠠᠵᠠᠷ ᠭᠠᠵᠠᠷ ᠤᠨ ᠰᠢᠯᠢᠳᠡᠭ ᠰᠠᠶᠢᠨ ᠤᠶᠠᠭᠠᠴᠢᠳ ᠤᠨ ᠲᠠᠯᠠᠭᠠᠳ ᠦᠷᠢᠶ᠎ᠡ

ᠳᠠᠪᠬᠢᠭᠤᠯᠤᠭᠰᠠᠨ ᠳᠤ ᠲᠡᠭᠦᠨ ᠤ ᠤᠶᠠᠭᠰᠠᠨ ᠰᠡᠷᠡᠯ ᠦᠷᠢᠶ᠎ᠡ ᠨᠢ ᠲᠡᠷᠢᠭᠦᠯᠡᠵᠦ᠂ ᠬᠡᠭᠡᠷ ᠦᠷᠢᠶ᠎ᠡ ᠨᠢ ᠳᠡᠳ᠋ᠯᠡᠨ᠂

ᠬᠠᠯᠲᠠᠷ ᠦᠷᠢᠶ᠎ᠡ ᠨᠢ ᠲᠣᠯᠤᠭ᠎ᠠ ᠳᠤ᠂ ᠨᠦᠬᠦᠬᠡ ᠬᠡᠭᠡᠷ ᠦᠷᠢᠶ᠎ᠡ ᠨᠢ 13 ᠳᠤ ᠢᠷᠡᠭᠰᠡᠨ ᠪᠠᠶᠠᠷᠯᠠᠭᠤᠰᠢᠲᠠᠢ ᠠᠮᠵᠢᠯᠲᠠ

ᠣᠯᠣᠭᠰᠠᠨ ᠨᠢ ᠲᠡᠭᠦᠨ ᠤ ᠬᠤᠵᠢᠮ ᠤᠨ ᠠᠯᠳᠠᠷᠲᠤ ᠤᠶᠠᠭᠠᠴᠢ ᠪᠣᠯᠬᠤ ᠳᠤ ᠤᠷᠮ᠎ᠠ ᠬᠠᠶᠢᠷᠠᠯᠠᠭᠰᠠᠨ ᠶᠠᠪᠤᠳᠠᠯ

ᠪᠣᠯᠵᠠᠢ᠃ 1986 ᠣᠨ ᠳᠤ ᠠᠪᠠᠭ᠎ᠠ ᠰᠥᠨᠢᠳ ᠤᠨ ᠵᠠᠭᠠᠭ ᠢᠶᠠᠷ  ᠨᠡᠯᠢᠶᠡᠳ ᠭᠠᠩ ᠲᠠᠢ ᠪᠠᠶᠢᠭᠰᠠᠨ ᠪᠣᠯᠬᠤᠷ

ᠮᠥᠩᠬᠡ ᠲᠤᠰᠬᠠᠢ ᠮᠣᠷᠢ ᠤᠶᠠᠭᠰᠠᠨ ᠦᠭᠡᠢ᠂ ᠠᠳᠤᠭᠤᠨ ᠳᠤ ᠣᠨᠣᠳᠠᠭ ᠬᠠᠯᠲᠠᠷ ᠮᠣᠷᠢ ᠪᠠᠨ ᠬᠦᠩᠬᠡᠷᠡᠬᠡᠵᠥ᠂

ᠰᠥᠨᠢᠳ ᠵᠡᠭᠦᠨ ᠬᠤᠰᠢᠭᠤᠨ ᠤ ᠦᠨᠢᠶᠡᠴᠢ ᠶᠢᠨ ᠣᠪᠣᠭᠠᠨ ᠲᠠᠬᠢᠯᠭ᠎ᠠ ᠶᠢᠨ ᠤᠷᠢᠳᠤ ᠰᠥᠨᠢ ᠨᠢ ᠮᠣᠷᠢ ᠪᠠᠨ

ᠬᠥᠲᠥᠯᠥᠭᠡᠳ ᠲᠡᠷᠡᠰᠣᠨ ᠥᠯᠥᠩ ᠢᠳᠡᠭᠦᠯᠵᠦ ᠪᠠᠶᠢᠭᠰᠠᠨ ᠢᠶᠠᠨ ᠲᠠᠷᠠᠭ᠎ᠠ ᠥᠷᠯᠥᠭᠡ ᠨᠢ ᠳᠠᠪᠬᠢᠭᠤᠯᠬᠤ  ᠳᠤ

ᠪᠠᠷᠢᠶᠠᠨ ᠤ ᠭᠠᠵᠠᠷ ᠣᠶᠢᠷᠠᠲᠤᠬᠤ ᠳᠤ ᠲᠠᠰᠣᠷᠠᠨ ᠢᠷᠡᠵᠥ᠂ ᠲᠡᠷᠢᠭᠦᠨ ᠮᠠᠩᠨᠠᠢ ᠳᠤ ᠲᠣᠳᠣᠷᠠᠨ ᠠᠯᠠᠭ ᠲᠠᠭ᠎ᠠ  ᠪᠠᠷ

ᠱᠠᠩᠨᠠᠭᠤᠯᠵᠤ ᠪᠠᠶᠢᠭᠰᠠᠨ ᠪᠢᠯᠡ᠃

    1991 ᠣᠨ ᠳᠤ ᠰᠥᠨᠢᠳ ᠵᠡᠭᠦᠨ ᠬᠤᠰᠢᠭᠤ ᠪᠠᠶᠢᠭᠤᠯᠤᠭᠳᠠᠭᠰᠠᠨ ᠲᠠᠪᠢᠨ ᠵᠢᠯ ᠤᠨ ᠶᠡᠭᠡ ᠪᠠᠶᠠᠷ

ᠨᠠᠭᠠᠳᠤᠮ ᠢᠶᠠᠷ ᠣᠯᠠᠨ ᠬᠤᠰᠢᠭᠤ ᠠᠶᠢᠮᠠᠭ ᠤᠨ ᠠᠯᠳᠠᠷᠲᠤ ᠤᠶᠠᠭᠠᠴᠢ ᠨᠠᠷ ᠤᠨ ᠰᠢᠯᠢᠳᠡᠭ ᠰᠠᠶᠢᠨ 200 ᠭᠠᠷᠤᠢ

ᠬᠤᠷᠳᠤᠨ ᠬᠦᠯᠦᠭ ᠴᠤᠭᠯᠠᠷᠠᠭᠰᠠᠨ ᠪᠥᠭᠡᠳ ᠠᠭᠤᠳᠠᠮ ᠲᠠᠮᠠᠴᠢ ᠶᠢᠨ ᠡᠯᠢᠭᠡᠨ ᠳᠡᠭᠡᠷ᠎ᠡ ᠣᠭᠰᠢᠯ ᠰᠠᠶᠢᠲᠠᠢ ᠬᠤᠷᠳᠤᠨ

ᠬᠦᠯᠦᠭ ᠤᠳ ᠬᠠᠵᠠᠭᠠᠷ ᠳᠠᠷᠤᠨ ᠲᠦᠬᠦᠯᠵᠡᠵᠦ᠂ ᠣᠷᠣᠯᠳᠣᠭᠠᠨ ᠤ 60 ᠭᠠᠵᠠᠷ ᠢ ᠲᠦᠳᠡᠬᠡᠨ ᠵᠠᠭᠤᠷ᠎ᠠ ᠡᠪᠬᠡᠮᠡᠷ

ᠡᠪᠬᠡᠮᠡᠷ ᠪᠠᠶᠢᠭᠰᠠᠨ ᠪᠢᠯᠡ᠃ ᠮᠥᠩᠬᠡ ᠴᠣ᠋ ᠲᠡᠳᠡᠭᠡᠷ ᠣᠯᠠᠨ ᠰᠢᠨᠳᠠᠰᠣᠳᠣ ᠬᠦᠯᠦᠭ ᠤᠨ ᠳᠤᠮᠳᠠ ᠠᠴᠠ ᠥᠪᠡᠷ ᠤᠨ

ᠬᠢᠨᠢ ᠬᠤᠷᠳᠤᠨ ᠬᠦᠯᠦᠭ ᠮᠠᠩᠨᠠᠢ ᠳᠤ ᠪᠠᠨ ᠲᠣᠭᠤᠰᠣ ᠦᠭᠡᠢ ᠬᠤᠷᠳᠤᠯᠠᠨ᠎ᠠ ᠬᠡᠳᠡᠭ ᠲᠤ ᠢᠲᠡᠭᠡᠯ ᠲᠡᠭᠦᠯᠳᠡᠷ

ᠪᠠᠶᠢᠭᠰᠠᠨ ᠴᠣ᠋ ᠬᠤᠷᠸ᠎ᠠ ᠳᠤ ᠬᠤᠷᠳᠤᠨ ᠬᠦᠯᠦᠭ ᠢᠶᠠᠷ ᠢᠶᠠᠨ ᠠᠯᠳᠠᠷᠰᠢᠭᠰᠠᠨ ᠬᠤᠶᠠᠷ ᠰᠥᠨᠢᠳ ᠤᠨ ᠨᠤᠲᠤᠭ ᠲᠤ

ᠬᠥᠭᠰᠢᠨ ᠬᠤᠤᠬᠠᠩ ᠤᠨ ᠦᠷ᠎ᠡ ᠲᠥᠯ ᠦᠵᠦᠭᠦᠷ ᠲᠡᠷᠢᠭᠦᠨ ᠢ ᠪᠤᠯᠢᠶᠠᠯᠳᠤᠬᠤ ᠶᠢ ᠬᠡᠨ ᠪᠠᠶᠢᠭ ᠭᠡᠬᠦᠪ᠃ ᠭᠡᠪᠡᠴᠦ

ᠦᠶ᠎ᠡ ᠦᠶ᠎ᠡ ᠮᠣᠩᠭᠤᠯ ᠠᠳᠤᠭᠤ ᠪᠠᠨ ᠮᠠᠯᠵᠢᠵᠤ᠂ ᠬᠠᠶ᠋ᠢᠩᠭᠢᠷᠸ᠎ᠠ ᠪᠤᠷᠬᠠᠨ ᠢᠶᠠᠨ ᠣᠷᠣᠢ ᠶᠢᠨ ᠰᠢᠲᠦᠭᠡᠨ ᠪᠣᠯᠭᠠᠨ

ᠰᠢᠲᠦᠵᠦ ᠢᠷᠡᠭᠰᠡᠨ᠂ ᠮᠣᠩᠭᠤᠯ ᠮᠣᠷᠢᠨ ᠤ ᠪᠠᠨ ᠬᠤᠯᠠ ᠶᠢᠨ ᠤᠶᠠᠭ᠎ᠠ ᠰᠣᠶᠢᠯᠭ᠎ᠠ ᠶᠢ ᠨᠠᠶᠢᠳᠠᠪᠤᠷᠢᠲᠠᠢ ᠰᠠᠶᠢᠨ ᠬᠢᠭᠰᠡᠨ

ᠮᠥᠩᠬᠡ ᠥᠪᠡᠷ ᠤᠨ ᠰᠠᠶᠢᠮᠣ ᠬᠠᠷ᠎ᠠ ᠮᠣᠷᠢ ᠪᠠᠨ ᠦᠵᠦᠭᠦᠷ ᠲᠡᠷᠢᠭᠦᠨ ᠢᠷᠡᠨ᠎ᠠ ᠬᠡᠳᠡᠭ ᠲᠤ ᠪᠠᠲᠤ ᠢᠲᠡᠭᠡᠵᠦ ᠪᠠᠶᠢᠯ᠎ᠠ᠃

ᠠᠪᠠᠭ᠎ᠠ ᠨᠤᠲᠤᠭ ᠤᠨ ᠠᠯᠳᠠᠷᠲᠠᠢ ᠰᠠᠶᠢᠨ ᠠᠵᠢᠨᠠᠢ ᠤᠶᠠᠭᠠᠴᠢ ᠮᠥᠩᠬᠡ ᠶᠢᠨ ᠰᠠᠶᠢᠮᠣ ᠬᠠᠷ᠎ᠠ ᠤᠨᠠᠭᠠᠨ ᠨᠤᠲᠤᠭ᠂

ᠤᠶᠠᠭᠰᠠᠨ ᠡᠵᠡᠨ ᠤ ᠪᠠᠨ ᠢᠲᠡᠭᠡᠯ ᠬᠦᠰᠡᠯ ᠢ ᠬᠥᠰᠡᠷᠳᠡᠭᠦᠯᠦᠯ ᠦᠭᠡᠢ ᠭᠠᠵᠠᠷ ᠭᠠᠵᠠᠷ ᠤᠨ ᠬᠤᠶᠠᠷ ᠵᠠᠭᠤ ᠭᠠᠷᠤᠢ

ᠰᠢᠯᠢᠳᠡᠭ ᠰᠠᠶᠢᠨ ᠬᠤᠷᠳᠤᠨ ᠬᠦᠯᠦᠭ ᠤᠨ ᠳᠤᠮᠳᠠ ᠠᠴᠠ ᠣᠳᠣᠲᠠᠢ ᠴᠣᠶᠢᠯᠠᠨ ᠲᠡᠷᠢᠭᠦᠯᠡᠵᠦ᠂ ᠠᠪᠠᠭ᠎ᠠ ᠨᠤᠲᠤᠭ ᠤᠨ

ᠠᠳᠤᠭᠤᠨ ᠤ ᠬᠤᠷᠳᠤᠨ ᠰᠢᠨᠳᠠᠰᠤ ᠶᠢ ᠲᠠᠨᠢᠭᠤᠯᠤᠭᠰᠠᠨ ᠪᠣᠯ ᠲᠡᠭᠦᠨ ᠤ ᠤᠶᠠᠭᠰᠠᠨ ᠪᠠᠰᠠ ᠨᠢᠭᠡᠨ ᠬᠤᠷᠳᠤᠨ

ᠬᠦᠯᠦᠭ ᠳᠡᠭᠦᠦ ᠬᠠᠯᠵᠠᠨ ᠮᠣᠷᠢ ᠨᠢ 6 ᠳᠤ ᠢᠷᠡᠵᠥ᠂ ᠨᠠᠭᠠᠳᠤᠮᠴᠢᠨ ᠣᠯᠠᠨ ᠤ ᠪᠠᠭ᠋ᠠᠷᠬᠠᠯ ᠳᠤ ᠤᠮᠪᠠᠵᠤ ᠪᠠᠶᠢᠬᠤ ᠳᠤ

ᠱᠠᠩᠨᠠᠯ ᠳᠤ ᠢᠷᠡᠭᠰᠡᠨ ᠬᠦᠷᠡᠩ ᠮᠣᠷᠢ ᠶᠢ ᠣᠨᠣᠭᠠᠴᠢ ᠬᠡᠦᠬᠡᠳ ᠲᠤ ᠨᠢ ᠥᠭᠴᠦ ᠣᠨᠣᠭᠰᠠᠨ ᠬᠡᠦᠬᠡᠳ ᠢᠶᠠᠨ

ᠪᠠᠶᠠᠷᠯᠠᠭᠤᠯᠤᠭᠰᠠᠨ ᠬᠡᠳᠡᠭ᠃ ᠮᠥᠩᠬᠡ ᠶᠢᠨ ᠦᠷᠢᠶᠡᠨ ᠳᠤ ᠨᠢ ᠤᠶᠠᠵᠤ ᠳᠠᠪᠬᠢᠭᠤᠯᠤᠭᠰᠠᠨ ᠰᠡᠷᠡᠯ ᠮᠣᠷᠢ ᠨᠢ

ᠦᠷᠬᠡᠨᠳᠠᠯ᠎ᠠ ᠭᠠᠴᠠᠭᠠᠨ ᠤ ᠲᠦᠪᠰᠢᠨ ᠣᠪᠣᠭᠠᠨ ᠲᠠᠬᠢᠯᠭ᠎ᠠ ᠶᠢᠨ ᠨᠠᠶᠢᠷ ᠲᠤ᠂ ᠭᠠᠴᠠᠭᠠᠨ ᠤ ᠵᠠᠯᠠᠭᠤᠴᠤᠳ  ᠤᠨ

ᠨᠠᠶᠢᠷ ᠲᠤ ᠪᠠᠰᠠ ᠬᠤᠶᠠᠷ ᠵᠢᠯ ᠳᠠᠷᠠᠭᠠᠯᠠᠨ ᠮᠠᠩᠨᠠᠢ ᠳᠤ ᠪᠠᠨ ᠲᠣᠭᠤᠰᠣ ᠦᠭᠡᠢ ᠬᠤᠷᠳᠤᠯᠠᠵᠤ ᠪᠠᠶᠢᠭᠰᠠᠨ ᠪᠥᠭᠡᠳ

ᠲᠣᠰ ᠰᠡᠷᠡᠯ ᠮᠣᠷᠢ ᠨᠢ 1988 ᠣᠨ ᠤ ᠰᠥᠨᠢᠳ ᠵᠡᠭᠦᠨ ᠬᠤᠰᠢᠭᠤᠨ ᠤ ᠪᠠᠶ᠋ᠬᠠᠭᠤᠯᠠ ᠰᠤᠮᠤᠨ ᠤ

ᠰᠠᠷᠠᠭᠤᠯᠲᠤᠶᠠᠭ᠎ᠠ ᠭᠠᠴᠠᠭᠠᠨ ᠤ ᠨᠠᠰᠤᠨᠮᠥ᠋ᠩᠬᠡ ᠶᠢᠨ ᠬᠡᠦᠬᠡᠳ ᠤᠨ ᠲᠠᠬᠢ ᠶᠢᠨ ᠨᠠᠶᠢᠷ ᠲᠤ ᠲᠡᠷᠢᠭᠦᠯᠡᠨ᠂ ᠲᠡᠭᠦᠨ ᠤ

ᠤᠶᠠᠭᠰᠠᠨ ᠪᠥᠭᠡᠨ ᠬᠡᠭᠡᠷ ᠬᠡᠳᠡᠭ ᠮᠣᠷᠢ ᠨᠢ ᠳᠡᠳ᠋ᠯᠡᠵᠦ ᠪᠠᠶᠢᠭᠰᠠᠨ ᠪᠥᠭᠡᠳ 1991 ᠣᠨ ᠳᠤ ᠰᠥᠨᠢᠳ ᠵᠡᠭᠦᠨ

ᠬᠤᠰᠢᠭᠤᠨ ᠤ ᠴᠡᠩᠳᠦᠰᠢᠯᠢ ᠰᠤᠮᠤᠨ ᠤ ᠪᠠᠶᠠᠨᠰᠢᠯᠢ ᠭᠠᠴᠠᠭᠠᠨ ᠤ ᠠᠮᠤᠭᠤᠯᠠᠩ ᠤᠨ ᠬᠡᠦᠬᠡᠳ ᠤᠨ ᠲᠠᠬᠢ ᠶᠢᠨ ᠨᠠᠶᠢᠷ

 ᠲᠤ ᠲᠡᠭᠦᠨ ᠤ ᠤᠶᠠᠭᠰᠠᠨ ᠦᠨᠢᠶᠡᠴᠢ ᠶᠢᠨ ᠬᠠᠯᠲᠠᠷ ᠬᠡᠳᠡᠭ ᠬᠤᠷᠳᠤᠨ ᠮᠣᠷᠢ ᠨᠢ ᠲᠡᠷᠢᠭᠦᠯᠡᠭᠰᠡᠨ ᠢᠶᠠᠷ ᠤᠶᠠᠭᠠᠴᠢ

ᠮᠥᠩᠬᠡ ᠶᠢᠨ ᠠᠯᠳᠠᠷ ᠨᠡᠷ᠎ᠡ ᠠᠷᠭᠤᠮᠠᠭ ᠬᠦᠯᠥᠭ ᠲᠠᠢ ᠪᠠᠨ ᠴᠤᠭ ᠰᠠᠶᠢᠬᠠᠨ ᠨᠠᠶᠢᠷ ᠤᠨ ᠬᠠᠯᠠᠭᠤᠨ ᠵᠣᠭᠤᠭ ᠪᠣᠯᠣᠨ

ᠲᠠᠷᠬᠠᠵᠤ ᠪᠠᠶᠢᠭᠰᠠᠨ ᠪᠢᠯᠡ᠃

    ᠨᠠᠰᠣᠨ ᠲᠤᠷᠰᠢ ᠮᠣᠩᠭᠤᠯ ᠮᠣᠷᠢ ᠪᠠᠷ ᠢᠶᠠᠨ ᠪᠠᠭ᠋ᠠᠷᠬᠠᠵᠤ ᠮᠣᠩᠭᠤᠯ ᠮᠣᠷᠢ ᠪᠠᠨ ᠡᠳ᠋ᠯᠡᠵᠦ ᠢᠷᠡᠭᠰᠡᠨ ᠮᠥᠩᠬᠡ

2015 ᠣᠨ ᠪᠣᠯᠳᠠᠯ᠎ᠠ ᠭᠤᠴᠢᠨ ᠵᠢᠯ ᠳᠤ ᠵᠦᠪᠬᠡᠨ ᠬᠤᠷᠢᠭᠠᠳ ᠮᠣᠷᠢ ᠤᠶᠠᠭᠰᠠᠨ ᠪᠥᠭᠡᠳ ᠲᠡᠭᠦᠨ ᠤ ᠤᠶᠠᠭᠰᠠᠨ

ᠮᠣᠷᠢ ᠨᠢ ᠣᠳᠣᠬᠠᠨ ᠪᠣᠯᠳᠠᠯ᠎ᠠ 28 ᠲᠦᠷᠦᠬᠦᠦ ᠮᠠᠩᠨᠠᠢ ᠳᠤ᠂ 15 ᠠᠮᠠᠨ ᠬᠦᠵᠦᠭᠦᠨ ᠳᠤ᠂ 36 ᠠᠶᠢᠷᠠᠭᠳᠠᠵᠤ

ᠢᠷᠡᠭᠰᠡᠨ ᠨᠢ ᠲᠡᠭᠦᠨ ᠤ ᠤᠶᠠᠭᠰᠠᠨ ᠮᠣᠷᠢᠨ ᠤ ᠴᠢᠨᠠᠷ ᠴᠢᠨᠰᠠᠭ᠎ᠠ ᠥᠨᠳᠥᠷ ᠬᠡᠳᠡᠭ ᠢ ᠭᠦᠢᠴᠡᠳ ᠬᠠᠷᠠᠭᠤᠯᠤᠭᠰᠠᠨ

 ᠨᠢ ᠳᠠᠮᠵᠢᠭ ᠦᠭᠡᠢ᠃ ᠮᠥᠩᠬᠡ ᠥᠩᠭᠡᠷᠡᠭᠰᠡᠨ ᠤ ᠨᠠᠶᠢᠷ ᠨᠠᠭᠠᠳᠤᠮ ᠤᠨ ᠲᠤᠬᠠᠢ ᠬᠠᠭᠤᠴᠢᠯᠠᠬᠤ ᠳᠤ ᠪᠠᠨ᠄ ︽

ᠮᠣᠩᠭᠤᠯ ᠮᠣᠷᠢ ᠬᠤᠯᠠ ᠶᠢᠨ ᠤᠶᠠᠭ᠎ᠠ ᠲᠠᠢ᠂ ᠢᠩᠭᠢᠵᠦ ᠬᠡᠯᠡᠳᠡᠭ ᠤᠨ ᠤᠴᠢᠷ ᠨᠢ ᠣᠷᠣᠯᠳᠣᠭᠠᠨ ᠤ ᠮᠣᠷᠢᠳ ᠢ

ᠬᠠᠮᠤᠭ ᠨᠠᠭᠠᠲᠤ ᠵᠠᠬ᠎ᠠ ᠨᠢ ᠰᠠᠷ᠎ᠠ ᠢᠯᠡᠭᠦᠦ ᠬᠦᠩᠬᠡᠷᠡᠬᠡᠵᠥ ᠵᠢᠷᠠᠭᠠᠳ ᠭᠠᠵᠠᠷ ᠤᠨ ᠣᠷᠣᠯᠳᠣᠭᠠᠨ ᠳᠤ ᠪᠡᠯᠡᠳᠬᠡᠨ᠎ᠡ᠃

ᠮᠣᠩᠭᠤᠯ ᠮᠣᠷᠢ ᠤᠶᠠᠬᠤ ᠳᠤ ᠪᠠᠨ ᠤᠷᠢᠳᠠᠪᠠᠷ ᠭᠠᠷᠠᠭ ᠰᠢᠬᠠᠮ ᠰᠥᠨᠢ ᠨᠢ ᠤᠶᠠᠵᠤ ᠪᠠᠶᠢᠭᠠᠳ ᠨᠡᠯᠢᠶᠡᠳ

ᠬᠤᠭᠤᠯᠠ ᠲᠠᠢ ᠵᠥᠭᠡᠯᠡᠨ ᠲᠡᠷᠬᠢᠬᠦᠯᠵᠥ ᠴᠣᠭᠭᠢᠭᠤᠯᠤᠨ ᠤᠷᠤᠭᠤ ᠬᠠᠨᠳᠤᠭᠤᠯᠤᠨ ᠬᠤᠷᠢᠭᠠᠳ ᠭᠠᠵᠠᠷ ᠳᠠᠪᠬᠢᠭᠤᠯᠵᠤ

ᠪᠠᠶᠢᠭᠠᠳ ᠰᠢᠪᠡᠷ ᠬᠥᠯᠥᠰᠦ ᠶᠢ ᠨᠢ ᠭᠤᠷᠪᠠᠨ ᠤᠳᠠᠭ᠎ᠠ ᠠᠪᠤᠨ᠎ᠠ᠃ ᠰᠢᠪᠡᠷ ᠬᠥᠯᠥᠰᠦ ᠪᠠᠨ ᠰᠠᠶᠢᠲᠤᠷ ᠠᠪᠤᠭᠰᠠᠨ

ᠮᠣᠷᠢᠳ ᠪᠡᠶ᠎ᠡ ᠨᠢ ᠲᠠᠯᠪᠢᠭᠤᠷᠠᠵᠤ᠂ ᠬᠠᠷᠠᠴᠠ ᠵᠣᠭᠰᠣᠴᠠ ᠨᠢ ᠴᠣᠭᠯᠢᠭ ᠪᠣᠯᠵᠤ ᠥᠩᠭᠡ ᠣᠷᠣᠵᠤ ᠭᠢᠯᠲᠠᠭᠠᠨᠠᠨ᠎ᠠ᠃

ᠲᠠᠷᠠᠭ᠎ᠠ ᠨᠢ ᠥᠭᠡᠳᠡ ᠭᠠᠵᠠᠷ ᠠᠷᠪᠠᠭᠠᠳ ᠭᠠᠵᠠᠷ ᠵᠥᠭᠡᠯᠡᠨ ᠶᠠᠪᠤᠭᠤᠯᠵᠤ ᠲᠠᠬᠢᠭᠠᠳ ᠤᠷᠤᠭᠤ ᠪᠠᠨ ᠲᠡᠷᠬᠢᠬᠦᠯᠥᠨ᠎ᠠ᠃

ᠢᠩᠭᠢᠪᠡᠯ ᠬᠥᠭᠡᠰᠦᠨ ᠬᠥᠯᠥᠰᠦ ᠭᠠᠷᠤᠨ᠎ᠠ᠃ ᠡᠨᠡ ᠦᠶ᠎ᠡ ᠳᠤ ᠨᠡᠮᠨᠡᠭᠰᠡᠨ ᠤ ᠲᠠᠷᠠᠭ᠎ᠠ ᠪᠠᠷ ᠬᠥᠭᠡᠰᠦᠨ ᠬᠥᠯᠥᠰᠦ  ᠶᠢ

 ᠨᠢ ᠰᠠᠶᠢᠲᠤᠷ ᠬᠤᠰᠤᠨ᠎ᠠ᠃ ᠢᠩᠭᠢᠵᠦ ᠠᠷᠪᠠᠨ ᠬᠤᠨᠤᠭ ᠲᠤ ᠬᠤᠶᠠᠷ ᠤᠳᠠᠭ᠎ᠠ ᠬᠥᠭᠡᠰᠦᠨ ᠬᠥᠯᠥᠰᠦ ᠶᠢ ᠨᠢ

ᠭᠠᠷᠭᠠᠨ᠎ᠠ᠃ ᠭᠤᠷᠪᠠᠳᠤᠭᠠᠷ ᠠᠯᠬᠤᠮ ᠳᠤ ᠠᠷᠪᠠᠭᠠᠳ ᠭᠠᠵᠠᠷ ᠵᠥᠭᠡᠯᠡᠨ ᠲᠡᠷᠬᠢᠬᠦᠯᠵᠥ ᠠᠶᠠᠷ ᠶᠠᠪᠤᠭᠤᠯᠪᠠᠯ

ᠣᠷᠣᠯᠳᠣᠭᠠᠨ ᠮᠣᠷᠢᠳ ᠠᠴᠠ ᠤᠰᠤ ᠲᠣᠰᠣᠯᠠᠨ᠎ᠠ᠃ ᠡᠭᠦᠨ ᠢ ᠣᠰᠣᠨ ᠬᠥᠯᠥᠰᠦ ᠭᠡᠨ᠎ᠡ᠃ ᠡᠭᠦᠨ ᠢ ᠬᠤᠶᠠᠷ

ᠤᠳᠠᠭ᠎ᠠ ᠠᠴᠠ ᠢᠯᠡᠭᠦᠦ ᠬᠢᠵᠦ ᠪᠣᠯᠬᠤ ᠦᠭᠡᠢ᠂ ᠣᠯᠠᠳᠠᠪᠠᠯ ᠮᠣᠷᠢᠨ ᠤ ᠲᠠᠮᠢᠷ ᠢ ᠮᠠᠭᠤᠳᠠᠭᠠᠨ᠎ᠠ᠃ ᠬᠠᠮᠤᠭ ᠰᠡᠬᠦᠯ

 ᠳᠤ ᠣᠬᠤᠷᠬᠠᠨ ᠠᠷᠪᠠᠭᠠᠳ ᠭᠠᠵᠠᠷ ᠤᠨ ᠲᠡᠳᠦᠢ ᠰᠣᠷᠢᠭ᠎ᠠ ᠬᠢᠨ᠎ᠡ᠃ ᠡᠭᠦᠨ ᠢ ᠰᠣᠪᠣᠳᠣᠨ ᠬᠥᠯᠥᠰᠦ ᠭᠠᠷᠭᠠᠬᠤ

ᠭᠡᠨ᠎ᠡ᠃ ᠡᠨᠡ ᠦᠶ᠎ᠡ ᠳᠤ ᠣᠷᠣᠯᠳᠣᠭᠠᠨ ᠮᠣᠷᠢᠳ ᠵᠢᠵᠢᠭ ᠵᠢᠵᠢᠭ ᠬᠠᠲᠠᠭᠤ ᠲᠠᠯ᠎ᠠ ᠬᠤᠮᠣᠯ ᠭᠠᠷᠭᠠᠨ᠎ᠠ᠂ ᠢᠩᠭᠢᠪᠡᠯ

ᠣᠷᠣᠯᠳᠣᠭᠠᠨ ᠮᠣᠷᠢᠳ ᠦᠨᠳᠦᠰᠦᠨ ᠳᠤ ᠪᠠᠨ ᠤᠶᠠᠭ᠎ᠠ ᠲᠡᠩᠴᠡᠵᠦ ᠪᠠᠶᠢᠭ᠎ᠠ ᠨᠢ ᠮᠡᠳᠡᠭᠳᠡᠨ᠎ᠡ᠃ ᠮᠣᠩᠭᠤᠯ ᠮᠣᠷᠢ ᠶᠢ

ᠭᠤᠣᠯᠳᠠᠭᠤ ᠬᠢᠶᠠᠭ᠂ ᠬᠢᠯᠭᠠᠨ᠎ᠠ ᠵᠡᠷᠭᠡ ᠬᠥᠩᠭᠡᠨ ᠢᠳᠡᠰᠢ ᠪᠠᠷ ᠲᠣᠬᠢᠷᠠᠭᠤᠯᠵᠤ ᠬᠦᠮᠡᠯᠢ᠂ ᠲᠠᠭᠠᠨ᠎ᠠ᠂ ᠠᠬᠢ ᠵᠡᠷᠭᠡ

ᠬᠦᠨᠳᠦ ᠡᠪᠡᠰᠦ ᠢᠳᠡᠭᠦᠯᠳᠡᠭ ᠦᠭᠡᠢ᠃ ᠬᠤᠭᠤᠯᠠ ᠨᠢ ᠬᠡᠲᠦᠷᠡᠭᠰᠡᠨ ᠮᠣᠷᠢ ᠳᠠᠪᠬᠢᠵᠤ ᠢᠷᠡᠪᠡᠯ ᠭᠡᠳᠡᠰᠦ ᠨᠢ

ᠪᠦᠳᠦᠭᠦᠷᠡᠵᠦ᠂ ᠬᠤᠭᠤᠯᠠ ᠨᠢ ᠵᠣᠬᠢᠴᠠᠭᠰᠠᠨ ᠮᠣᠷᠢ ᠪᠣᠯ ᠤᠯᠠᠮ ᠰᠠᠶᠢᠨ ᠵᠢᠭᠳᠡ ᠪᠣᠯᠳᠠᠭ︾ ᠭᠡᠵᠦ ᠬᠠᠭᠤᠴᠢᠯᠠᠬᠤ

 ᠶᠢᠨ ᠳᠠᠭᠠᠤ ︽ᠮᠣᠩᠭᠤᠯ ᠮᠣᠷᠢᠨ ᠤ ᠰᠢᠷᠪᠦᠰᠦ ᠨᠡᠪᠲᠡ᠂ ᠰᠢᠪᠡᠨᠡᠬᠦᠷᠬᠡᠭ ᠪᠣᠰᠤᠭ᠎ᠠ᠂ ᠱᠠᠭᠠᠨᠲᠤ ᠪᠣᠭᠤᠨᠢᠬᠠᠨ ᠪᠣᠰᠤᠭ᠎ᠠ᠂

ᠴᠡᠭᠡᠵᠢ ᠥᠷᠭᠡᠨ ᠨᠢᠳᠦ ᠪᠦᠳᠦᠭᠦᠨ᠂ ᠴᠢᠬᠢᠨ ᠤ ᠤᠭ ᠨᠢ ᠪᠦᠳᠦᠭᠦᠨ ᠳᠡᠭᠡᠭᠰᠢ ᠪᠠᠨ ᠱᠣᠪᠣᠭᠤᠷ ᠪᠣᠯ ᠰᠠᠶᠢᠨ᠂

ᠰᠦᠪᠡᠭᠡᠨ ᠤ ᠬᠠᠪᠢᠷᠭᠠᠨ ᠤ ᠮᠠᠲᠠᠭᠠᠰᠤ ᠨᠢ ᠪᠦᠳᠦᠭᠦᠨ ᠮᠠᠬᠢᠷ ᠪᠣᠯ ᠰᠠᠶᠢᠨ᠂ ᠰᠦᠪᠡᠭᠡᠨ ᠤ ᠬᠠᠪᠢᠷᠭᠠᠨ ᠤ ᠵᠠᠢ ᠨᠢ

ᠣᠶᠢᠷᠠᠬᠠᠨ ᠪᠣᠯ ᠰᠠᠶᠢᠨ᠂ ᠬᠤᠯᠠ ᠰᠦᠪᠡᠷᠡᠭᠡ ᠲᠠᠢ ᠮᠣᠷᠢ ᠪᠣᠯ ᠬᠤᠭᠤᠯᠠ ᠰᠠᠶᠢᠨ ᠥᠭᠬᠦ ᠴᠢᠬᠤᠯᠠᠲᠠᠢ᠂ ᠮᠠᠩᠨᠠᠢ  

ᠥᠷᠭᠡᠨ ᠡᠷᠡᠦ ᠶᠢᠨ ᠬᠤᠩᠬᠤᠷ  ᠭᠦᠨ᠂ ᠬᠤᠰᠬᠢᠨᠠᠭ ᠲᠠᠯᠳᠠ ᠪᠣᠯ ᠰᠠᠶᠢᠨ᠂ ᠴᠡᠭᠡᠵᠢᠨ ᠳᠤ ᠪᠠᠨ ᠭᠡᠳᠡᠰᠦ  ᠲᠠᠢ ᠮᠣᠷᠢ

ᠪᠠᠰᠠ ᠪᠠᠶᠢᠳᠠᠭ᠂ ᠭᠡᠪᠡᠴᠦ ᠮᠣᠩᠭᠤᠯ ᠮᠣᠷᠢᠨ ᠤ ᠶᠠᠩᠵᠤ ᠬᠡᠯᠪᠡᠷᠢ ᠨᠢ ᠣᠯᠠᠨ ᠶᠠᠩᠵᠤ ᠪᠠᠶᠢᠳᠠᠭ ᠪᠣᠯᠬᠤᠷ ᠲᠡᠷᠡ

ᠪᠣᠯᠭᠠᠨ ᠢ ᠬᠡᠯᠡᠭᠡᠳ ᠶᠠᠭᠠᠬᠢᠨ ᠪᠠᠷᠠᠬᠤᠪ︾ ᠭᠡᠵᠦ ᠭᠦᠨ ᠲᠠᠯᠳᠠ ᠤᠴᠢᠷ ᠲᠠᠢ ᠶᠠᠷᠢᠵᠤ ᠪᠠᠶᠢᠯ᠎ᠠ᠃

    ᠮᠥᠩᠬᠡ ᠶᠢᠨ ᠬᠠᠷᠢᠭᠤᠯᠵᠤ ᠪᠠᠶᠢᠭᠰᠠᠨ ᠪᠠᠷᠢᠭᠠᠳᠠ ᠨᠡᠶᠢᠳᠡ ᠶᠢᠨ ᠲᠠᠪᠤᠨ ᠵᠠᠭᠤ ᠭᠠᠷᠤᠢ ᠠᠳᠤᠭᠤ ᠨᠢ ᠥᠨᠢᠷ

ᠥᠰᠴᠦ᠂ ᠰᠦᠷᠦᠭ ᠲᠠᠰᠤᠯᠤᠨ ᠬᠠᠷᠢᠭᠤᠯᠬᠤ ᠬᠡᠮᠵᠢᠶᠡᠨ ᠳᠤ ᠬᠦᠷᠭᠡᠵᠦ ᠪᠠᠶᠢᠵᠠᠢ᠃ 1995 ᠣᠨ ᠳᠤ ᠮᠢᠩᠭᠠᠲᠤ

 ᠶᠢᠨ ᠡᠷᠣᠬᠡ ᠶᠢᠨ ᠠᠯᠳᠠᠷ ᠡᠷᠭᠦᠨ᠂ ᠰᠤᠮᠤᠨ ᠤ ᠲᠡᠰ ᠤᠨ ᠬᠦᠳᠡᠯᠮᠣᠷᠢ ᠶᠢᠨ ᠵᠢᠱᠢᠶᠡᠴᠢ ᠪᠣᠯᠵᠤ ᠪᠠᠶᠢᠭᠰᠠᠨ ᠢᠶᠠᠨ

2023 ᠣᠨ ᠳᠤ ︽ᠠᠳᠤᠭᠤᠨ ᠦᠢᠯᠡᠰ ᠤᠨ ᠵᠢᠳᠬᠦᠯᠲᠡᠨ︾ ᠤ ᠡᠷᠬᠢᠮ ᠴᠣᠯᠠ ᠶᠢ ᠳᠡᠭᠡᠳᠦᠯᠡᠵᠦ ᠶᠠᠪᠤᠭᠰᠠᠨ ᠪᠢᠯᠡ᠃

    ᠠᠳᠤᠭᠤᠨ ᠳᠤ ᠬᠡᠶᠢᠮᠣᠷᠢ ᠲᠠᠢ ᠰᠠᠶᠢᠨ ᠡᠷ᠎ᠡ ᠶᠢ ᠠᠯᠢ ᠴᠣ᠋ ᠨᠤᠲᠤᠭ ᠤᠨ ᠬᠡᠦᠬᠡᠨᠴᠦᠳ ᠪᠠᠭ᠋ᠠᠷᠬᠠᠨ

ᠬᠠᠶᠢᠷᠠᠯᠠᠳᠠᠭ ᠤᠨ ᠵᠢᠮ᠎ᠡ ᠪᠠᠷ ᠮᠥᠩᠬᠡ ᠵᠠᠯᠠᠭᠤ ᠽᠠᠨᠳᠠᠨ ᠨᠠᠰᠣᠨ ᠳᠤ ᠪᠠᠨ ᠰᠥᠨᠢᠳ ᠨᠤᠲᠤᠭ ᠲᠠᠢ ᠤᠷᠠᠨ᠎ᠠ ᠲᠠᠢ

ᠬᠤᠷᠢᠮᠯᠠᠨ ᠠᠶᠢᠯ ᠭᠡᠷ ᠪᠣᠰᠬᠠᠨ ᠠᠳᠤᠭᠤ ᠪᠠᠨ ᠬᠤᠷᠳᠤᠯᠠᠬᠤ ᠬᠦᠦ᠂ ᠠᠶᠢᠷᠠᠭ ᠢᠶᠠᠨ ᠪᠦᠯᠢᠬᠦ ᠬᠡᠦᠬᠡᠨ ᠲᠠᠢ ᠥᠨᠢᠷ

ᠥᠳᠬᠡᠨ ᠠᠶᠢᠯ ᠡᠷᠣᠬᠡ ᠪᠣᠯᠣᠨ ᠠᠵᠤ ᠲᠦᠷᠦᠵᠠᠢ᠃ ᠥᠨᠥᠳᠥᠷ ᠪᠤᠯᠬᠤ ᠳᠤ  ᠲᠡᠭᠦᠨ ᠤ ᠬᠦᠦ ᠴᠢᠩᠵᠣᠷᠢᠭ ᠨᠢ

ᠴᠦ ᠠᠪᠠᠭ᠎ᠠ ᠨᠤᠲᠤᠭ ᠤᠨ ᠨᠡᠷᠡᠳᠦ ᠤᠶᠠᠭᠠᠴᠢ ᠶᠢᠨ ᠨᠢᠭᠡᠨ ᠪᠣᠯᠵᠤ ᠶᠠᠪᠤᠨ᠎ᠠ᠃ ᠣᠳᠣ ᠮᠥᠩᠬᠡ ᠭᠤᠸᠠᠢ ᠲᠠᠯᠠᠨ

ᠨᠠᠰᠣᠨ ᠤ ᠥᠨᠳᠥᠷ ᠳᠠᠪᠠᠭᠠᠨ ᠳᠤ ᠬᠦᠷᠦᠭᠰᠡᠨ ᠴᠣ᠋ ᠴᠢᠯᠦᠭᠡ ᠵᠠᠪ ᠢᠶᠠᠷ ᠢᠶᠠᠨ ᠮᠣᠩᠭᠤᠯ ᠮᠣᠷᠢᠨ ᠳᠤ ᠪᠠᠨ ᠮᠣᠷᠳᠠᠵᠤ

ᠲᠠᠭᠠᠨ᠎ᠠ ᠶᠢᠨ ᠦᠨᠦᠷ ᠦᠨᠦᠰᠦᠨ᠂ ᠲᠠᠯ᠎ᠠ ᠶᠢᠨ ᠰᠠᠯᠬᠢ ᠲᠠᠢ ᠮᠦᠴᠡᠬᠡᠷᠡᠬᠡᠵᠥ ᠶᠠᠪᠤᠳᠠᠭ ᠨᠢ ᠮᠣᠷᠢ ᠣᠨᠣᠬᠤ ᠪᠣᠯ ᠪᠡᠶ᠎ᠡ

ᠪᠣᠯᠪᠠᠰᠤᠷᠠᠬᠤ ᠬᠠᠮᠤᠭ ᠰᠠᠶᠢᠨ ᠳᠠᠰᠬᠠᠯ ᠬᠡᠳᠡᠭ ᠦᠨᠡᠨ ᠦᠭᠡᠨ ᠤ ᠬᠠᠷᠢᠭᠤ ᠪᠢᠯᠡ᠃

 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号