ᠪᠣᠭᠳᠠ ᠶᠢᠨ ᠭᠤᠣᠯ ᠰᠤᠮᠤᠨ ᠤ ᠴᠠᠭᠠᠨ ᠳᠡᠷᠡᠰᠦ ᠭᠠᠴᠠᠭᠠᠨ ᠤ ᠮᠠᠯᠴᠢᠨ ᠠᠯᠢᠮ᠎ᠠ᠂ ᠳᠠᠪᠰᠢᠯᠲᠤ ᠶᠢᠨ ᠭᠡᠷ | ᠪᠦᠯᠢ ᠨᠢ ᠨᠠᠰᠤᠲᠠᠨ ᠢᠶᠠᠨ ᠬᠦᠨᠳᠦᠯᠡᠵᠦ᠂ ᠨᠢᠯᠬᠠᠰ ᠢᠶᠠᠨ ᠬᠠᠶᠢᠷᠠᠯᠠᠵᠤ᠂ ᠡᠭᠡᠯ ᠪᠣᠷᠣᠭᠵᠢᠭᠤᠨ ᠠᠮᠢᠳᠤᠷᠠᠯ | ᠳᠤᠮᠳᠠ ᠪᠠᠨ ᠪᠤᠰᠤᠳ ᠢ ᠲᠤᠰᠠᠯᠠᠬᠤ ᠪᠠᠷ ᠵᠢᠷᠭᠠᠯ ᠢᠶᠠᠨ ᠪᠣᠯᠭᠠᠳᠠᠭ ᠭᠡᠷ ᠤᠨ ᠰᠤᠷᠲᠠᠯ ᠢᠶᠠᠷ ᠣᠯᠠᠨ ᠤ ᠬᠠᠯᠠᠭᠤᠨ | ᠬᠦᠷᠢᠶᠡᠯᠡᠯ ᠢ ᠣᠯᠵᠤ᠂ ᠣᠷᠴᠢᠮᠬᠠᠨ ᠠᠶᠢᠮᠠᠭ ᠤᠨ ᠲᠡᠰ ᠤᠨ ︽ᠬᠠᠮᠤᠭ ᠭᠤᠶᠣ ᠭᠡᠷ ᠪᠦᠯᠢ︾ ᠶᠢᠨ ᠢᠷᠠᠭᠤ | ᠠᠯᠳᠠᠷ ᠢᠶᠠᠷ ᠡᠩᠭᠡᠷ ᠢᠶᠠᠨ ᠮᠢᠯᠢᠶᠠᠯᠭᠠᠯ᠎ᠠ᠃ | ᠡᠨᠡ ᠬᠦ ᠪᠠᠶᠠᠷ ᠤᠨ ᠴᠢᠮᠡᠭᠡ ᠶᠢ ᠲᠣᠭᠤᠯᠣᠬᠰᠠᠨ ᠰᠣᠷᠪᠣᠯᠵᠢᠯᠠᠬᠴᠢ᠂ ᠠᠯᠢᠮ᠎ᠠ ᠳᠠᠪᠰᠢᠯᠲᠤ ᠶᠢᠨ ᠭᠡᠷ ᠲᠤ | ᠬᠦᠷᠬᠦ ᠳᠤ ᠲᠡᠷᠡ ᠬᠤᠶᠠᠷ ᠶᠠᠭ ᠦᠬᠡᠷ ᠢᠶᠠᠨ ᠲᠡᠵᠢᠭᠡᠭᠡᠳ ᠶᠠᠭᠠᠷᠠᠵᠤ ᠪᠠᠶᠢᠯ᠎ᠠ᠃ ᠡᠳᠡᠨᠡᠶᠢᠬᠢᠨ 400 ᠭᠠᠷᠤᠢ ᠲᠡᠭᠰᠢ | ᠳᠥᠷᠪᠡᠯᠵᠢᠨ ᠮᠧᠲᠷ ᠪᠦᠬᠦᠢ ᠫᠧᠩ ᠬᠤᠷᠤᠭ᠎ᠠ ᠲᠠᠢ᠂ 60 ᠭᠠᠷᠤᠢ ᠰᠠᠭᠠᠯᠢ ᠶᠢᠨ ᠦᠨᠢᠶ᠎ᠡ ᠮᠠᠯᠵᠢᠨ᠂ ᠵᠢᠯ ᠤᠨ 10 | ᠭᠠᠷᠤᠢ ᠲᠦᠮᠡᠨ ᠲᠥᠭᠦᠷᠢᠭ ᠤᠨ ᠴᠡᠪᠡᠷ ᠣᠷᠣᠯᠭ᠎ᠠ ᠡᠭᠦᠳᠴᠦ᠂ ᠰᠢᠨ᠎ᠡ ᠴᠠᠭ ᠦᠶ᠎ᠡ ᠶᠢᠨ ᠰᠢᠯᠢᠳᠡᠭ ᠮᠠᠯᠴᠢᠨ ᠤ | ᠡᠩᠨᠡᠭᠡᠨ ᠳᠤ ᠬᠤᠰᠢᠭᠤᠷᠠᠵᠤ ᠶᠠᠪᠤᠨ᠎ᠠ᠃ | ᠠᠯᠢᠮ᠎ᠠ᠂ ᠳᠠᠪᠰᠢᠯᠲᠤ ᠬᠤᠶᠠᠭᠤᠯᠠ ᠨᠠᠮ ᠤᠨ ᠭᠡᠰᠢᠭᠦᠨ ᠪᠣᠯᠤᠭᠰᠠᠨ ᠤ ᠬᠤᠪᠢ ᠳᠤ 2015 ᠣᠨ ᠳᠤ | ᠬᠥᠪᠡᠭᠡᠲᠦ ᠰᠢᠷ᠎ᠠ ᠬᠤᠰᠢᠭᠤᠨ ᠤ ᠲᠤᠯᠭ᠎ᠠ ᠬᠠᠶᠢᠷ᠎ᠠ ᠬᠠᠯᠠᠮᠵᠢ ᠶᠢᠨ ᠬᠤᠯᠪᠣᠭᠠᠨ ᠳᠤ ᠣᠷᠣᠵᠤ᠂ ᠨᠠᠮ ᠤᠨ ᠭᠡᠰᠢᠭᠦᠨ ᠤ | ᠳᠠᠭᠠᠭᠤᠯᠤᠭᠴᠢ ᠦᠢᠯᠡᠳᠦᠯ ᠢᠶᠠᠨ ᠪᠠᠳᠠᠷᠠᠭᠤᠯᠤᠨ᠂ ᠤᠷᠢᠳ ᠬᠤᠵᠢᠳ 200 ᠭᠠᠷᠤᠢ ᠤᠳᠠᠭ᠎ᠠ ᠨᠡᠶᠢᠲᠡ ᠶᠢᠨ | ᠠᠰᠠᠷᠠᠮᠵᠢ ᠶᠢᠨ ᠠᠵᠢᠯᠯᠠᠭ᠎ᠠ ᠳᠤ ᠣᠷᠣᠯᠴᠠᠵᠤ᠂ ᠭᠡᠷ ᠲᠡᠭᠡᠨ ᠬᠤᠴᠣᠷᠤᠭᠰᠠᠨ ᠨᠠᠰᠤᠲᠠᠶᠢᠴᠤᠳ ᠪᠠ ᠬᠡᠦᠬᠡᠳ᠂ ᠵᠡᠮᠳᠡᠭ | ᠬᠥᠮᠥᠰ ᠵᠡᠷᠭᠡ 500 ᠭᠠᠷᠤᠢ ᠬᠥᠮᠥᠨ ᠢ ᠬᠠᠪᠰᠤᠷᠴᠤ᠂ ᠭᠤᠶᠠᠴᠢ ᠦᠭᠡᠢ ᠬᠠᠶᠢᠷ᠎ᠠ ᠪᠠᠷ ᠢᠶᠠᠨ ᠬᠦᠴᠢᠷᠳᠡᠯᠲᠡᠢ | ᠬᠥᠮᠥᠰ ᠢ ᠲᠡᠳᠬᠦᠨ ᠳᠡᠮᠵᠢᠵᠦ᠂ ᠭᠤᠷᠪᠠᠨ ᠵᠢᠯ ᠳᠠᠷᠠᠭᠠᠯᠠᠨ ᠬᠥᠪᠡᠭᠡᠲᠦ ᠰᠢᠷ᠎ᠠ ᠬᠤᠰᠢᠭᠤᠨ ᠤ ᠲᠤᠯᠭ᠎ᠠ ᠬᠠᠶᠢᠷ᠎ᠠ | ᠬᠠᠯᠠᠮᠵᠢ ᠶᠢᠨ ᠬᠤᠯᠪᠣᠭᠠᠨ ᠤ ︽ᠣᠨ ᠤ ᠰᠢᠯᠢᠳᠡᠭ ᠭᠡᠰᠢᠭᠦᠨ︾ ᠵᠡᠷᠭᠡ ᠢᠷᠠᠭᠤ ᠠᠯᠳᠠᠷ ᠢ ᠭᠥᠷᠳᠡᠭᠰᠡᠭᠡᠷ ᠢᠷᠠᠵᠠᠢ᠃ | ᠠᠯᠢᠮ᠎ᠠ ᠶᠢᠨ ᠨᠥᠬᠦᠷ ᠳᠠᠪᠰᠢᠯᠲᠤ 2012 ᠣᠨ ᠠᠴᠠ 2021 ᠣᠨ ᠪᠣᠯᠲᠠᠯ᠎ᠠ ᠪᠣᠭᠳᠠ ᠶᠢᠨ ᠭᠤᠣᠯ | ᠰᠤᠮᠤᠨ ᠤ ᠴᠠᠭᠠᠨ ᠳᠡᠷᠡᠰᠦ ᠭᠠᠴᠠᠭᠠᠨ ᠤ ᠳᠡᠳ᠋ ᠭᠠᠴᠠᠭᠠᠨ ᠳᠠᠷᠤᠭ᠎ᠠ᠂ ᠨᠠᠮ ᠤᠨ ᠡᠭᠦᠷ ᠤᠨ ᠳᠡᠳ᠋ ᠱᠦᠵᠢ ᠶᠢᠨ | ᠲᠤᠰᠢᠶᠠᠯ ᠢ ᠡᠭᠦᠷᠭᠡᠯᠡᠵᠦ᠂ 2021 ᠣᠨ ᠠᠴᠠ ᠡᠬᠢᠯᠡᠨ ᠭᠠᠴᠠᠭᠠᠨ ᠤ ᠨᠠᠮ ᠤᠨ ᠡᠭᠦᠷ ᠤᠨ ᠱᠦᠵᠢ ᠪᠠ ᠭᠠᠴᠠᠭᠠᠨ | ᠳᠠᠷᠤᠭ᠎ᠠ ᠶᠢᠨ ᠲᠤᠰᠢᠶᠠᠯ ᠢ ᠡᠭᠦᠷᠭᠡᠯᠡᠭᠰᠡᠭᠡᠷ ᠢᠷᠠᠵᠠᠢ᠃ ᠳᠠᠪᠰᠢᠯᠲᠤ ᠶᠢᠨ ᠠᠵᠢᠯ ᠨᠢ ᠲᠤᠩ ᠶᠠᠭᠠᠷᠠᠤ᠂ ᠵᠠᠷᠢᠮ ᠳᠤ ᠪᠠᠨ | ᠭᠡᠷ ᠲᠤ ᠪᠠᠨ ᠴᠦ ᠬᠠᠷᠢᠬᠤ ᠵᠠᠪ ᠦᠭᠡᠢ ᠪᠠᠶᠢᠳᠠᠭ ᠠᠴᠠ᠂ ᠠᠯᠢᠮ᠎ᠠ ᠠᠷᠤ ᠭᠡᠷ ᠤᠨ ᠶᠢᠨ ᠠᠵᠢᠯ ᠢᠶᠠᠨ ᠭᠢᠯᠠᠯᠵᠠᠲᠠᠯ᠎ᠠ | ᠪᠡᠶᠡᠯᠡᠭᠦᠯᠬᠦ ᠶᠢᠨ ᠬᠠᠮᠲᠤ ᠨᠥᠬᠦᠷ ᠤᠨ ᠢᠶᠠᠨ ᠠᠵᠢᠯ ᠢ ᠬᠠᠯᠠᠮᠵᠢᠯᠠᠨ ᠳᠡᠮᠵᠢᠭᠰᠡᠭᠡᠷ ᠢᠷᠡᠭᠰᠡᠨ ᠢᠶᠠᠷ ᠳᠠᠪᠰᠢᠯᠲᠤ ᠪᠥᠬᠦ | ᠭᠠᠴᠠᠭᠠᠨ ᠤ ᠮᠠᠯᠴᠢᠨ ᠲᠦᠮᠡᠨ ᠢᠶᠠᠨ ᠳᠠᠭᠠᠭᠤᠯᠤᠨ ᠪᠠᠶᠠᠵᠢᠯ ᠤᠨ ᠵᠠᠮ ᠢᠶᠠᠷ ᠵᠠᠮᠨᠠᠵᠤ᠂ ᠴᠠᠭᠠᠨ ᠳᠡᠷᠡᠰᠦ ᠭᠠᠴᠠᠭ᠎ᠠ | ᠨᠢ 2021 ᠣᠨ ᠳᠤ ᠠᠶᠢᠮᠠᠭ ᠤᠨ ᠲᠠᠰ ᠤᠨ ︽ᠲᠠᠪᠤᠨ ᠬᠦᠴᠦᠷᠬᠡᠭ ᠨᠠᠮ ᠤᠨ ᠡᠭᠦᠷ︾ ᠪᠣᠯᠣᠨ ᠬᠤᠰᠢᠭᠤ | ᠲᠠᠰ ᠤᠨ ︽ᠲᠠᠪᠤᠨ ᠬᠦᠴᠦᠷᠬᠡᠭ ᠨᠠᠮ ᠤᠨ ᠡᠭᠦᠷ︾᠂ ᠠᠶᠢᠮᠠᠭ ᠤᠨ ᠲᠠᠰ ᠤᠨ ᠬᠥᠳᠡᠭᠡ ᠲᠣᠰᠬᠤᠨ ᠢ ᠬᠥᠭᠵᠢᠭᠦᠯᠦᠨ | ᠮᠠᠨᠳᠤᠭᠤᠯᠬᠤ ᠵᠢᠱᠢᠶ᠎ᠡ ᠦᠵᠡᠬᠦᠯᠬᠦ ᠭᠠᠴᠠᠭ᠎ᠠ ᠪᠠᠷ ᠦᠨᠡᠯᠡᠭᠳᠡᠵᠦ᠂ 2022 ᠣᠨ ᠳᠤ ︽ᠪᠦᠬᠦ ᠠᠶᠢᠮᠠᠭ ᠤᠨ | ᠪᠣᠯᠪᠠᠰᠤᠨ ᠭᠠᠴᠠᠭ᠎ᠠ ᠲᠣᠰᠬᠤᠨ︾ ᠪᠠ ᠪᠦᠬᠦ ᠬᠤᠰᠢᠭᠤᠨ ᠤ ᠦᠨᠳᠦᠰᠦᠲᠡᠨ ᠤ ᠪᠦᠯᠬᠦᠮᠳᠡᠯ ᠲᠠᠪᠰᠢᠯᠳᠠ ᠶᠢᠨ | ᠵᠢᠱᠢᠶ᠎ᠡ ᠦᠵᠡᠬᠦᠯᠬᠦ ᠨᠢᠭᠡᠴᠡ ᠪᠠᠷ ᠦᠨᠡᠯᠡᠭᠳᠡᠭᠰᠡᠨ ᠪᠠᠶᠢᠨ᠎ᠠ᠃ ︽ᠮᠠᠨ ᠤ ᠭᠡᠷ ᠤᠨ ᠬᠢ ᠮᠢᠨᠤ ᠠᠵᠢᠯ ᠢ ᠶᠡᠭᠡ | ᠣᠶᠢᠯᠠᠭᠠᠵᠤ ᠳᠡᠮᠵᠢᠳᠡᠭ︔ ᠠᠴᠢᠷ ᠦᠷ᠎ᠡ ᠪᠠᠨ ᠬᠥᠮᠥᠵᠢᠭᠦᠯᠬᠦ᠂ ᠠᠷᠤ ᠭᠡᠷ ᠢᠶᠠᠨ ᠳᠣᠳᠣᠮᠳᠠᠬᠤ᠂ ᠠᠶᠢᠯ ᠭᠡᠷ ᠤᠨ | ᠠᠵᠢᠯ ᠢ ᠭᠤᠣᠯᠯᠠᠨ ᠬᠢᠵᠦ᠂ ᠲᠡᠭᠦᠨ ᠤ ᠨᠥᠯᠥᠭᠡ ᠪᠠᠷ ᠮᠠᠨ ᠤ ᠬᠤᠶᠠᠷ ᠥᠬᠢᠨ ᠰᠤᠷᠤᠯᠭ᠎ᠠ᠂ ᠶᠣᠰᠣ ᠮᠣᠷᠠᠯ ᠡᠯ᠎ᠡ | ᠲᠠᠯ᠎ᠠ ᠪᠠᠷ ᠠᠩᠭᠢ ᠳᠤ ᠪᠠᠨ ᠳᠡᠭᠡᠭᠦᠷ ᠣᠷᠣᠳᠠᠭ︾ ᠭᠡᠵᠦ ᠳᠠᠪᠰᠢᠯᠲᠤ ᠶᠠᠷᠢᠯ᠎ᠠ᠃ | ᠠᠯᠢᠮ᠎ᠠ ᠳᠠᠪᠰᠢᠯᠲᠤ ᠶᠢᠨ ᠭᠡᠷ ᠪᠦᠯᠢ ᠶᠢ ᠶᠠᠷᠢᠬᠤ ᠳᠤ ᠬᠥᠮᠥᠨ ᠪᠣᠯᠭᠠᠨ ᠪᠠᠭ᠋ᠠᠷᠬᠠᠵᠤ᠂ ᠲᠡᠳᠡ ᠬᠤᠶᠠᠭᠤᠯᠠ | ᠠᠵᠢᠯ ᠠᠮᠢᠳᠤᠷᠠᠯ ᠳᠤᠮᠳᠠ ᠪᠠᠨ ᠬᠠᠷᠢᠯᠴᠠᠨ ᠬᠠᠪᠰᠣᠷᠣᠯᠴᠠᠨ ᠡᠶ᠎ᠡ ᠨᠠᠶᠢᠷᠲᠠᠢ ᠭᠡᠷ ᠪᠦᠯᠢ ᠶᠢ ᠴᠣᠭᠴᠠᠯᠠᠵᠤ᠂ ᠦᠷ᠎ᠡ | ᠬᠡᠦᠬᠡᠳ ᠲᠤ ᠪᠠᠨ ᠳᠠᠭᠤᠷᠢᠶᠠᠯ ᠪᠣᠯᠤᠭᠰᠠᠨ ᠠᠴᠠ ᠲᠡᠭᠦᠨ ᠤ ᠬᠤᠶᠠᠷ ᠬᠡᠦᠬᠡᠨ ᠨᠢ ᠰᠤᠷᠤᠯᠭ᠎ᠠ ᠬᠢᠴᠢᠶᠡᠯ ᠳᠡᠭᠡᠨ | ᠰᠢᠮᠳᠠᠨ ᠴᠢᠷᠮᠠᠶᠢᠵᠤ᠂ ᠪᠤᠰᠤᠳ ᠲᠤ ᠲᠤᠰᠠᠷᠬᠠᠭ ᠰᠠᠶᠢᠬᠠᠨ ᠮᠣᠷᠠᠯ ᠲᠠᠢ ᠪᠣᠯᠣᠨ ᠬᠥᠮᠥᠵᠢᠭᠳᠡᠵᠦ᠂ ᠨᠤᠲᠤᠭ ᠣᠰᠣᠨ ᠤ | ᠣᠯᠠᠨ ᠲᠦᠮᠡᠨ ᠤ ᠰᠠᠶᠢᠨ ᠦᠨᠡᠯᠡᠯᠲᠡ ᠶᠢ ᠣᠯᠣᠭᠰᠠᠨ ᠪᠠᠶᠢᠨ᠎ᠠ᠃ ︽ᠠᠯᠢᠮ᠎ᠠ ᠳᠠᠪᠰᠢᠯᠲᠤ ᠬᠤᠶᠠᠭᠤᠯᠠ ᠮᠠᠨ ᠤ | ᠲᠤᠯᠭ᠎ᠠ ᠬᠠᠶᠢᠷ᠎ᠠ ᠬᠠᠯᠠᠮᠵᠢ ᠶᠢᠨ ᠬᠤᠯᠪᠣᠭᠠᠨ ᠠᠴᠠ ᠵᠣᠬᠢᠶᠠᠨ ᠪᠠᠶᠢᠭᠤᠯᠤᠭᠰᠠᠨ ᠡᠯ᠎ᠡ ᠲᠦᠷᠣᠯ ᠤᠨ | ᠠᠵᠢᠯᠯᠠᠭ᠎ᠠ ᠳᠤ ᠮᠠᠰᠢ ᠢᠳᠡᠪᠬᠢᠲᠡᠢ ᠣᠷᠣᠯᠴᠠᠳᠠᠭ︔ ᠣᠨᠴᠠᠭᠠᠶᠢᠯᠠᠨ ᠬᠢᠵᠢᠭ ᠤᠨ ᠬᠤᠭᠤᠴᠠᠭᠠᠨ ᠳᠤ ᠬᠤᠯᠪᠣᠭᠠᠨ ᠤ | ᠵᠣᠬᠢᠶᠠᠨ ᠪᠠᠶᠢᠭᠤᠯᠤᠭᠰᠠᠨ ᠠᠵᠢᠯᠯᠠᠭᠠᠨ ᠳᠤ ᠢᠳᠡᠪᠬᠢᠲᠡᠢ ᠣᠷᠣᠯᠴᠠᠵᠣ᠂ ᠡᠪᠡᠰᠦ ᠪᠣᠷᠳᠤᠭ᠎ᠠ ᠲᠤᠲᠠᠭᠳᠠᠵᠤ ᠪᠠᠶᠢᠭ᠎ᠠ | ᠠᠶᠢᠯ ᠡᠷᠣᠬᠡ ᠳᠤ ᠦᠨ᠎ᠡ ᠲᠥᠯᠥᠪᠦᠷᠢ ᠦᠭᠡᠢ ᠡᠪᠡᠰᠦ ᠪᠣᠷᠳᠤᠭ᠎ᠠ ᠬᠦᠷᠭᠡᠬᠦ ᠠᠵᠢᠯᠯᠠᠭ᠎ᠠ ᠳᠤ ᠰᠠᠶᠢᠨ ᠣᠷᠣᠯᠴᠠᠬᠰᠠᠨ︔ | ᠮᠥᠨ ᠴᠦ ᠬᠤᠯᠪᠣᠭᠠᠨ ᠤ ᠨᠠᠶᠠ ᠭᠠᠷᠤᠢ ᠭᠡᠰᠢᠭᠦᠨ ᠲᠠᠢ ᠪᠠᠨ ᠡᠪ ᠡᠶ᠎ᠡ ᠲᠠᠢ᠂ ᠬᠤᠳᠠ ᠣᠰᠣᠨ ᠳᠤ ᠪᠠᠨ ᠡᠶ᠎ᠡ | ᠡᠪᠲᠡᠢ᠂ ᠪᠦᠯᠬᠦᠮᠳᠡᠯ ᠲᠠᠢ᠂ ᠣᠯᠠᠨ ᠢ ᠲᠠᠶᠢᠴᠢᠯᠠᠨ ᠳᠠᠭᠠᠭᠤᠯᠬᠤ ᠲᠠᠯ᠎ᠠ ᠪᠠᠷ ᠮᠠᠰᠢ ᠰᠠᠶᠢᠨ ᠪᠠᠶᠢᠳᠠᠭ︾ ᠭᠡᠵᠦ | ᠬᠥᠪᠡᠭᠡᠲᠦ ᠰᠢᠷ᠎ᠠ ᠬᠤᠰᠢᠭᠤᠨ ᠤ ᠲᠤᠯᠭ᠎ᠠ ᠬᠠᠶᠢᠷ᠎ᠠ ᠬᠠᠯᠠᠮᠵᠢ ᠶᠢᠨ ᠬᠤᠯᠪᠣᠭᠠᠨ ᠤ ᠨᠠᠮ ᠤᠨ ᠡᠭᠦᠷ ᠤᠨ ᠱᠦᠵᠢ | ᠪᠠᠶᠠᠷᠲᠤ ᠶᠠᠷᠢᠯ᠎ᠠ᠃ | | |