ᠨᠢᠭᠡ ᠰᠠᠷ᠎ᠠ ᠶᠢᠨ ᠬᠤᠭᠤᠴᠠᠭᠠᠨ ᠳᠤ ᠲᠦᠮᠡᠨ ᠲᠦᠭᠦᠷᠡᠭ ᠤᠨ ᠴᠡᠭᠡ ᠪᠣᠷᠣᠯᠠᠭᠤᠯᠪᠠ
ᠨᠡᠶᠢᠲᠡᠯᠡᠭᠰᠡᠨ ᠴᠠᠭ᠄
2024/7/10

    ᠪᠠᠷᠠᠭᠤᠨ ᠦᠵᠦᠮᠦᠴᠢᠨ ᠬᠤᠰᠢᠭᠤᠨ ᠤ ᠭᠤᠷᠣᠬᠠᠨ ᠪᠠᠯᠭᠠᠰᠤᠨ ᠤ ᠤᠩᠭᠤᠨ ᠭᠠᠴᠠᠭᠠᠨ ᠤ ᠮᠠᠯᠴᠢᠨ

ᠴᠣᠭᠲᠤ ᠶᠢᠨ ᠬᠢ ᠢᠨᠵᠠᠭᠠᠨ ᠭᠤᠣᠯ ‍ᠦᠯ ᠪᠠᠷᠠᠭᠤᠨ ᠳᠡᠨᠵᠢ ᠪᠠᠷ ᠰᠠᠭᠤᠷᠢᠰᠢᠵᠤ᠂  ᠨᠤᠲᠤᠭ  ᠪᠡᠯᠴᠢᠭᠡᠷ ᠲᠡᠭᠡᠨ

ᠵᠣᠬᠢᠴᠠᠭᠤᠯᠤᠨ 50  ᠭᠠᠷᠤᠢ ᠠᠳᠤᠭᠤ  ᠮᠠᠯᠵᠢᠵᠤ ᠪᠠᠶᠢᠳᠠᠭ᠃ ︽99 ᠨᠣᠮᠧᠷᠲᠤ ᠵᠠᠰᠠᠮᠠᠯ ᠵᠠᠮ︾ ᠠᠴᠠ ᠣᠶᠢᠷᠠᠬᠠᠨ

ᠪᠠᠶᠢᠳᠠᠭ ᠳᠠᠪᠠᠭᠤᠯᠢᠭ ᠲᠠᠯ᠎ᠠ ᠪᠠᠨ ᠠᠰᠢᠭᠯᠠᠨ᠂ ᠴᠣᠭᠲᠤ ᠭᠡᠷᠭᠡᠢ ᠬᠠᠰᠲᠤᠶᠠᠭ᠎ᠠ ᠲᠠᠢ ᠪᠠᠨ ᠬᠤᠶᠠᠭᠤᠯᠠ ᠠᠳᠤᠭᠤ

ᠮᠠᠯ ᠤᠨ ᠢᠶᠠᠨ ᠠᠰᠢᠭ  ᠰᠢᠮ᠎ᠡ  ᠪᠠᠷ  ᠪᠠᠭ᠎ᠠ  ᠴᠤ  ᠭᠡᠰᠡᠨ  ᠣᠷᠣᠯᠭ᠎ᠠ ᠡᠭᠦᠳᠬᠦ ᠰᠠᠨᠠᠭ᠎ᠠ ᠲᠥᠷᠥᠭᠳᠡᠵᠦ᠂

2024 ᠣᠨ ᠤ 6 ᠰᠠᠷ᠎ᠠ ᠶᠢᠨ ᠰᠢᠨᠡᠳ ᠠᠴᠠ ᠡᠬᠢᠯᠡᠨ ᠠᠷᠪᠠᠭᠠᠳ ᠭᠡᠭᠦᠦ  ᠰᠠᠭᠠᠵᠤ᠂ ᠤᠯᠠᠮᠵᠢᠯᠠᠯᠲᠤ ᠠᠷᠭ᠎ᠠ ᠪᠠᠷ

ᠪᠣᠯᠪᠠᠰᠤᠷᠠᠭᠤᠯᠤᠭᠰᠠᠨ ᠴᠣᠯ ᠪᠠᠶᠢᠭᠠᠯᠢᠯᠠᠭ ᠴᠡᠭᠡ ᠪᠠᠨ ᠲᠤᠷᠰᠢᠨ ᠪᠣᠷᠣᠯᠠᠭᠤᠯᠵᠤ ᠡᠬᠢᠯᠡᠭᠰᠡᠨ ᠪᠠᠶᠢᠨ᠎ᠠ᠃

    ᠴᠡᠭᠡ ᠨᠢ ᠵᠣᠴᠢᠨ ᠳᠠᠶᠢᠯᠠᠬᠤ ᠰᠠᠶᠢᠬᠠᠨ ᠤᠮᠳᠠᠭᠠᠨ ᠮᠥᠷᠲᠡᠭᠡᠨ ᠬᠥᠮᠥᠨ ᠤ ᠪᠡᠶ᠎ᠡ ᠶᠢᠨ ᠡᠷᠡᠭᠦᠯ ᠮᠡᠨᠳᠤ ᠳᠤ

ᠣᠨᠴᠠ ᠲᠤᠰᠠᠲᠠᠢ ᠪᠠᠶᠢᠳᠠᠭ᠃ ᠵᠤᠨ ᠤ ᠳᠡᠯᠭᠡᠷ ᠴᠠᠭ ᠢᠶᠠᠷ ᠣᠪᠣᠭᠠᠨ ᠲᠠᠬᠢᠯᠭ᠎ᠠ ᠵᠡᠷᠭᠡ ᠡᠯ᠎ᠡ ᠲᠦᠷᠦᠯ ᠤᠨ ᠨᠠᠶᠢᠷ

ᠣᠯᠠᠨ ᠪᠠᠶᠢᠳᠠᠭ ᠮᠥᠷᠲᠡᠭᠡᠨ ᠬᠥᠳᠡᠭᠡ ᠶᠢᠨ ᠨᠠᠶᠢᠷ ᠨᠠᠭᠠᠳᠤᠮ ᠨᠢ ᠮᠠᠯᠴᠢᠳ ᠤᠨ ᠪᠦᠲᠦᠭᠡᠭᠳᠡᠬᠦᠨ ᠢᠶᠠᠨ

ᠪᠣᠷᠣᠯᠠᠭᠤᠯᠬᠤ ᠰᠠᠶᠢᠬᠠᠨ ᠲᠣᠬᠢᠶᠠᠯ ᠪᠣᠯᠳᠠᠭ᠃ ᠡᠨᠡᠬᠦ ᠳᠣᠬᠢᠶᠠᠯ ᠢᠶᠠᠷ ᠴᠣᠭᠲᠤ᠂ ᠬᠠᠰᠲᠤᠶᠠᠭ᠎ᠠ ᠬᠤᠶᠠᠷ ︽ᠶᠠᠭᠤ

ᠨᠢᠭᠡ ᠶᠢ ᠬᠢᠬᠦ︾ ᠭᠡᠰᠡᠨ ᠵᠣᠷᠢᠯᠭ᠎ᠠ ᠳᠠᠭᠠᠨ ᠤᠷᠮᠠᠰᠢᠨ᠂ ᠣᠶᠢᠷ᠎ᠠ ᠣᠷᠴᠢᠮ ᠤᠨ ᠣᠪᠣᠭᠠᠨ ᠨᠠᠶᠢᠷ ᠪᠣᠯᠣᠨ ᠸᠢᠴᠡᠲ

ᠬᠤᠯᠪᠤᠭ᠎ᠠ ᠪᠠᠷ ᠴᠡᠭᠡ ᠬᠤᠳᠠᠯᠳᠤᠬᠤ ᠪᠣᠯᠵᠤ᠂ ᠨᠢᠭᠡ ᠰᠠᠷ᠎ᠠ ᠶᠢᠨ ᠳᠣᠲᠣᠷ᠎ᠠ ᠲᠦᠮᠡᠨ  ᠲᠥᠭᠦᠷᠢᠭ ᠤᠨ ᠴᠡᠭᠡ

ᠪᠣᠷᠣᠯᠠᠭᠤᠯᠵᠠᠢ᠃ ᠬᠤᠯᠠ ᠣᠶᠢᠷ᠎ᠠ ᠶᠢᠨ ᠮᠠᠯᠴᠢᠳ ᠨᠢ ᠴᠤ ᠬᠢᠮᠳᠠ ᠮᠥᠷᠲᠡᠭᠡᠨ ᠴᠡᠪᠡᠷ ᠰᠠᠶᠢᠨ ᠴᠡᠭᠡ ᠵᠠᠬᠢᠶᠠᠯᠠᠵᠤ

ᠤᠤᠭᠤᠬᠤ ᠪᠣᠯᠤᠭᠰᠠᠨ ᠢᠶᠠᠷ ᠲᠡᠳᠡᠨ ᠤ ᠬᠢᠵᠦ ᠪᠦᠲᠦᠭᠡᠶ᠎ᠡ ᠭᠡᠰᠡᠨ   ᠢᠳᠡᠪᠬᠢᠲᠡᠢ ᠠᠵᠢᠯᠯᠠᠭ᠎ᠠ ᠶᠢ ᠨᠢ

ᠵᠣᠷᠢᠭᠵᠢᠭᠤᠯᠵᠤ᠂ ᠤᠷᠮ᠎ᠠ ᠵᠣᠷᠢᠭ ᠢ ᠨᠢ  ᠬᠥᠪᠴᠢᠯᠡᠪᠡ᠃

 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号