ᠨᠠᠮ ᠨᠢᠰᠦᠯᠭᠡ ᠶᠢᠨ ᠵᠢᠭᠤᠯᠴᠢᠯᠠᠯ ᠤᠨ ᠰᠢᠨ᠎ᠡ ᠤᠷᠤᠯᠳᠤᠭᠠᠨ ᠤ ᠵᠠᠮ ᠡᠬᠢᠯᠡᠭᠦᠯᠪᠡ
ᠨᠡᠶᠢᠲᠡᠯᠡᠭᠰᠡᠨ ᠴᠠᠭ᠄
2024/7/15

    ᠰᠡᠯᠢᠭᠦᠷ ᠤᠨ ᠥᠨᠳᠥᠷ ᠬᠤᠷᠳᠤᠴᠠᠲᠤ ᠡᠷᠭᠢᠯᠳᠦᠭᠡ ᠬᠦᠩᠭᠢᠨ ᠡᠭᠦᠷ ᠤᠨ ᠳᠠᠭᠤᠨ ᠢ ᠳᠠᠭᠠᠯᠳᠤᠨ᠂ ᠡᠷᠭᠢᠯᠳᠦᠭᠡ

ᠵᠢᠭᠦᠷ ᠲᠤ ᠨᠢᠰᠬᠡᠯ ᠠᠴᠠ ᠨᠢᠭᠡᠨ ᠵᠢᠭᠤᠯᠴᠢᠨ ᠰᠠᠭᠤᠷᠢᠨ ᠭᠠᠵᠠᠷ ᠠᠴᠠ ᠲᠣᠭᠲᠠᠭᠤᠨ ᠢᠶᠠᠷ ᠨᠢᠰᠴᠦ ᠡᠬᠢᠯᠡᠪᠡ᠃

ᠥᠨᠳᠥᠷ ᠣᠭᠲᠠᠷᠭᠤᠢ ᠠᠴᠠ ᠪᠦᠬᠦ᠋ᠢᠯᠡ ᠪᠦᠯᠢᠶᠡᠨ ᠪᠤᠯᠠᠭ ᠤᠨ ᠦᠵᠡᠮᠵᠢ ᠶᠢᠨ ᠣᠷᠣᠨ ᠢ ᠠᠵᠢᠵᠤ᠂ ᠨᠢᠭᠡᠨ ᠰᠦᠷᠯᠢᠭ

ᠰᠠᠶᠢᠬᠠᠨ ᠪᠠᠶᠢᠭᠠᠯᠢ ᠶᠢᠨ ᠵᠢᠷᠤᠭ ᠨᠢᠳᠦᠨ ᠡᠮᠦᠨ᠎ᠡ ᠠᠭᠠᠵᠢᠮ ᠢᠶᠠᠷ ᠳᠡᠯᠭᠡᠭᠳᠡᠵᠦ᠂ ᠵᠢᠭᠤᠯᠴᠢᠯᠠᠭᠴᠢᠳ ᠲᠤ ᠨᠢᠭᠡᠨ

ᠵᠦᠢᠯ ᠤᠨ ᠬᠠᠷᠠᠭᠠᠨ ᠤ ᠦᠪᠡᠳᠡᠭᠰᠢ ᠨᠠᠶᠢᠷ ᠢ ᠠᠪᠴᠢᠷᠠᠪᠠ᠃

    ᠵᠤᠨ ᠤ ᠠᠮᠠᠷᠠᠯᠲᠠ ᠪᠣᠯᠬᠤ ᠳᠤ ᠤᠯᠠᠭᠠᠢ ᠶᠢᠨ ᠡᠯ᠎ᠡ ᠦᠵᠡᠮᠵᠢ ᠶᠢᠨ ᠣᠷᠣᠨ ᠵᠤᠭᠠᠴᠠᠭᠰᠠᠳ ᠤᠨ ᠬᠠᠯᠠᠭᠤᠨ

ᠥᠷᠨᠢᠯᠲᠡ ᠶᠢ ᠤᠭᠲᠤᠨ ᠠᠪᠴᠢᠷᠠᠵᠤ᠂ ᠨᠠᠮ ᠨᠢᠰᠦᠯᠲᠡ ᠶᠢᠨ ᠵᠢᠭᠤᠯᠴᠢᠯᠠᠯ ᠴᠦ ᠲᠠᠰᠤᠷᠠᠯᠲᠠ ᠦᠭᠡᠢ ᠬᠥᠮᠥᠰ ᠤᠨ

ᠠᠩᠬᠠᠷᠤᠯ ᠢ ᠲᠠᠲᠠᠵᠤ ᠪᠠᠶᠢᠨ᠎ᠠ᠃ᠨᠠᠮ ᠨᠢᠰᠦᠯᠲᠡ ᠶᠢᠨ ᠵᠢᠭᠤᠯᠴᠢᠯᠠᠯ ᠨᠢ ᠵᠢᠭᠤᠯᠴᠢᠯᠠᠭᠴᠢᠳ ᠤᠨ ᠰᠢᠨ᠎ᠡ

ᠬᠠᠷᠠᠭᠠᠰᠤ ᠠᠴᠠ ᠪᠠᠶᠢᠭᠠᠯᠢ ᠶᠢᠨ ᠭᠤᠶᠣ ᠰᠠᠶᠢᠬᠠᠨ ᠢ ᠣᠶᠢᠯᠭᠠᠭᠤᠯᠵᠠᠢ᠂ ᠡᠷᠭᠢᠯᠳᠦᠭᠡ ᠵᠢᠭᠦᠷ ᠢᠶᠠᠷ ᠲᠠᠯ᠎ᠠ ᠨᠤᠲᠤᠭ ᠢ

ᠦᠵᠡᠬᠦ ᠵᠢᠭᠤᠯᠴᠢᠯᠠᠯ ᠤᠨ ᠲᠥᠷᠥᠯ ᠵᠦᠢᠯ ᠤᠨ ᠨᠢᠭᠡ ᠨᠢ ᠪᠣᠯᠭᠠᠵᠤ᠂ ᠨᠢᠭᠡᠨᠲᠡ ᠣᠯᠠᠨ ᠵᠤᠭᠠᠴᠠᠭᠰᠠᠳ ᠤᠨ

ᠰᠣᠩᠭᠤᠯᠲᠠ ᠪᠣᠯᠤᠭᠰᠠᠨ ᠪᠠᠶᠢᠨ᠎ᠠ᠃

    ᠴᠧᠨ ᠰᠢᠤᠸᠠᠢ ᠯᠢᠶᠠᠩ ᠲᠠᠢ ᠠᠩᠬ᠎ᠠ ᠠᠭᠤᠯᠵᠠᠬᠤ ᠳᠠᠭᠠᠨ᠂ ᠲᠡᠷᠡ ᠶᠠᠭ ᠵᠢᠭᠤᠯᠴᠢᠯᠠᠭᠰᠠᠳ ᠲᠠᠢ ᠶᠠᠷᠢᠯᠴᠠᠵᠤ᠂

ᠡᠷᠭᠢᠯᠳᠦᠭᠡ ᠵᠢᠭᠦᠷᠲᠦ ᠨᠢᠰᠬᠡᠯ ᠳᠤ ᠰᠠᠭᠤᠵᠤ ᠠᠩᠬᠠᠷᠬᠤ ᠵᠦᠢᠯᠡᠰ ᠢ ᠲᠠᠶᠢᠯᠪᠤᠷᠢᠯᠠᠨ ᠶᠠᠷᠢᠵᠤ ᠪᠠᠶᠢᠪᠠ᠃ ᠡᠷᠭᠢᠯᠳᠦᠭᠡ

ᠵᠢᠭᠦᠷ ᠲᠤ ᠨᠢᠰᠬᠡᠯ ᠤᠨ ᠨᠢᠰᠦᠯᠲᠡ ᠶᠢᠨ ᠠᠵᠢᠯ ᠬᠢᠭᠡᠳ ᠨᠢᠭᠡᠨᠲᠡ ᠶᠢᠰᠦᠨ ᠵᠢᠯ ᠪᠣᠯᠤᠭᠰᠠᠨ ᠲᠡᠷᠡ᠂ᠥᠪᠡᠷ ᠤᠨ

ᠲᠤᠰᠬᠠᠢ ᠮᠡᠷᠭᠡᠵᠢᠯ ᠢᠶᠠᠨ ᠠᠰᠢᠭᠯᠠᠨ᠂ ᠦᠵᠡᠮᠵᠢ ᠶᠢᠨ ᠣᠷᠣᠨ ᠤ ᠵᠢᠭᠤᠯᠴᠢᠯᠠᠭᠴᠢᠳ ᠲᠤ ᠠᠳᠠᠯᠢ ᠪᠤᠰᠤ ᠲᠣᠭᠯᠠᠭᠠᠮ

ᠬᠠᠩᠭᠠᠭᠰᠠᠨ ᠪᠠᠶᠢᠨ᠎ᠠ᠃ ᠡᠷᠭᠢᠯᠳᠦᠭᠡ ᠵᠢᠭᠦᠷᠲᠦ ᠨᠢᠰᠬᠡᠯ ᠠᠭᠠᠷ ᠲᠤ ᠨᠠᠮᠤᠭᠳᠠᠬᠤ ᠦᠶ᠎ᠡ ᠳᠤ᠂ ᠵᠢᠭᠤᠯᠴᠢᠯᠠᠭᠴᠢᠳ

ᠭᠠᠵᠠᠷ ᠤᠨ ᠭᠠᠳᠠᠷᠭᠤ ᠠᠴᠠ ᠪᠠᠷᠤᠭ 100 - 300 ᠮᠧᠲᠷ ᠵᠠᠢ ᠲᠠᠢ ᠪᠠᠶᠢᠵᠤ᠂ ᠲᠠᠯ᠎ᠠ ᠨᠤᠲᠤᠭ ᠤᠨ ᠥᠪᠡᠷᠮᠢᠴᠡ

ᠲᠠᠲᠠᠬᠤ ᠬᠦᠴᠦᠨ ᠪᠠ ᠰᠦᠷᠯᠢᠭ ᠰᠠᠶᠢᠬᠠᠨ ᠪᠠᠶᠢᠭᠠᠯᠢ ᠶᠢᠨ ᠦᠵᠡᠮᠵᠢ ᠶᠢ ᠣᠯᠵᠤ ᠬᠠᠷᠠᠪᠠ᠃

    ᠶᠡᠷᠦ ᠠᠴᠠ ᠦᠵᠡᠵᠦ ᠥᠩᠭᠡᠷᠡᠭᠰᠡᠨ ᠦᠭᠡᠢ ᠦᠵᠡᠮᠵᠢ ᠪᠠᠶᠢᠳᠠᠯ ᠢ ᠦᠵᠡᠵᠦ ᠣᠶᠢᠯᠠᠭᠠᠭᠰᠠᠨ ᠠᠴᠠ

ᠵᠤᠭᠠᠴᠠᠭᠰᠠᠳ ᠤᠨ ᠤᠷᠮ᠎ᠠ ᠶᠢ ᠲᠠᠲᠠᠵᠠᠢ᠃ ᠣᠳᠣᠬᠠᠨ ᠳᠤ᠂ ᠨᠢᠰᠦᠯᠲᠡ ᠶᠢᠨ ᠥᠩᠭᠡᠷᠡᠯᠲᠡ ᠨᠢ ᠨᠢᠭᠡᠨᠲᠡ ᠣᠯᠠᠨ

ᠵᠦᠢᠯ ᠤᠨ ᠰᠣᠳᠣᠨ ᠠᠶᠠᠯᠠᠯ ᠤᠨ ᠱᠤᠭᠤᠮ ᠢ ᠨᠡᠭᠡᠭᠡᠪᠡ᠂ ᠵᠠᠮ ᠳᠠᠭᠠᠤ ᠴᠢᠨ᠋ᠸ᠎ᠠ ᠲᠣᠲ᠋ᠧᠮ ᠺᠢᠨᠣ᠋ ᠰᠡᠭᠦᠳᠡᠷᠯᠡᠭᠰᠡᠨ

ᠭᠠᠵᠠᠷ᠂ ᠪᠦᠯᠢᠨᠪᠤᠯᠠᠭ᠂ ᠪᠦᠷᠢᠨ ᠰᠦᠮ᠎ᠡ ᠵᠡᠷᠭᠡ ᠶᠢ ᠪᠠᠭᠲᠠᠭᠠᠨ᠎ᠠ᠃ ᠠᠭᠠᠷ ᠤᠨ ᠵᠠᠮ ᠨᠢᠭᠡ ᠪᠦᠷᠢ ᠨᠢ ᠴᠥᠮ

ᠵᠢᠭᠤᠯᠴᠢᠯᠠᠭᠴᠢᠳ ᠲᠤ ᠨᠢᠰᠦᠯᠲᠡ  ᠶᠢᠨ ᠣᠶᠢᠯᠠᠭᠠᠯᠲᠠ ᠶᠢ ᠬᠠᠩᠭᠠᠭᠰᠠᠨ ᠪᠠᠶᠢᠨ᠎ᠠ᠃

    ᠨᠠᠮ ᠨᠢᠰᠦᠯᠲᠡ ᠶᠢᠨ ᠵᠢᠭᠤᠯᠴᠢᠯᠠᠯ ᠨᠢ ᠵᠤᠭᠠᠴᠠᠭᠰᠠᠳ ᠲᠤ ᠴᠣ ᠰᠢᠨ᠎ᠡ ᠰᠣᠨᠢᠷᠬᠠᠯ ᠢ ᠠᠪᠴᠢᠷᠠᠭᠰᠠᠨ

ᠮᠥᠷᠲᠡᠭᠡᠨ ᠪᠠᠰᠠ ᠤᠯᠠᠭᠠᠢ ᠵᠢᠭᠤᠯᠴᠢᠯᠠᠯ ᠤᠨ ᠦᠢᠯᠡᠰ ᠤᠨ ᠬᠥᠭᠵᠢᠯᠲᠡ ᠳᠤ ᠰᠢᠨ᠎ᠡ ᠬᠥᠳᠡᠯᠭᠡᠭᠦᠷ ᠬᠠᠩᠭᠠᠭᠰᠠᠨ

ᠪᠠᠶᠢᠨ᠎ᠠ᠃ ᠪᠦᠯᠢᠨᠪᠤᠯᠠᠭ ᠦᠵᠡᠮᠵᠢ ᠶᠢᠨ ᠣᠷᠣᠨ ᠤ ᠨᠢᠰᠦᠯᠲᠡ ᠶᠢᠨ ᠣᠶᠢᠯᠠᠭᠠᠯᠲᠠ ᠨᠢ ᠠᠭᠠᠷ ᠤᠨ ᠱᠤᠭᠤᠮ ᠤᠨ

ᠵᠢᠷᠤᠭ ᠲᠥᠯᠥᠪᠯᠡᠭᠡ ᠶᠢ ᠤᠯᠠᠮ ᠨᠢᠭᠡ ᠠᠯᠬᠤᠮ ᠰᠢᠯᠢᠳᠡᠭᠵᠢᠭᠦᠯᠵᠦ᠂ ᠬᠠᠷᠢᠯᠴᠠᠨ ᠬᠥᠳᠡᠯᠦᠯᠴᠡᠬᠦ ᠴᠢᠨᠠᠷ ᠪᠠ

ᠣᠷᠣᠯᠴᠠᠬᠤ ᠲᠥᠷᠥᠭᠳᠡᠯ ᠢ ᠨᠡᠮᠡᠭᠳᠡᠭᠦᠯᠦᠨ᠂ ᠡᠭᠦᠨ ᠤ ᠤᠯᠠᠮ ᠠᠴᠠ ᠵᠤᠭᠠᠴᠠᠭᠰᠠᠳ ᠤᠨ ᠬᠠᠨᠤᠮᠵᠢ ᠶᠢᠨ ᠬᠡᠮᠵᠢᠶ᠎ᠡ ᠪᠠ

ᠬᠠᠷᠢᠭᠤ ᠰᠤᠷᠪᠤᠯᠵᠢᠯᠠᠬᠤ ᠨᠣᠷᠮ᠎ᠠ ᠶᠢ ᠳᠡᠭᠡᠭᠰᠢᠯᠡᠭᠦᠯᠵᠦ᠂ ᠳᠣᠣᠷ᠎ᠠ ᠠᠭᠠᠷ ᠤᠨ ᠵᠢᠭᠤᠯᠴᠢᠯᠠᠯ ᠬᠢᠭᠡᠳ ᠳᠡᠭᠡᠳᠦ

ᠲᠠᠰ ᠤᠨ ᠵᠢᠭᠤᠯᠴᠢᠯᠠᠯ ᠤᠨ ᠦᠢᠯᠡᠴᠢᠯᠡᠭᠡᠨ ᠤ ᠭᠦᠨᠵᠡᠭᠡᠢ ᠠᠭᠤᠰᠤᠯᠴᠠᠯ ᠢ ᠠᠬᠢᠭᠤᠯᠵᠤ᠂ ᠰᠣᠶᠣᠯ ᠵᠢᠭᠤᠯᠴᠢᠯᠠᠯ ᠤᠨ

ᠠᠵᠤ ᠦᠢᠯᠡᠰ ᠤᠨ ᠬᠥᠭᠵᠢᠯᠲᠡ ᠳᠤ ᠲᠤᠰᠬᠠᠢ ᠬᠠᠷᠢᠶᠠᠯᠠᠭᠳᠠᠬᠤ ᠰᠢᠨ᠎ᠡ ᠤᠷᠤᠯᠳᠤᠭᠠᠨ ᠤ ᠵᠠᠮ ᠢ ᠨᠡᠭᠡᠭᠡᠬᠦ ᠪᠣᠯᠣᠨ᠎ᠠ᠃

 
ᠢᠷᠡᠯᠲᠡ᠄ ᠤᠯᠠᠭᠠᠶ ᠬᠠᠮᠢᠶᠠᠷᠤᠯᠲᠠ ᠶᠢᠨ ᠣᠷᠣᠨ ᠤ ᠵᠠᠰᠠᠭ ᠤᠨ ᠶᠠᠪᠤᠳᠠᠯ ᠤᠨ ᠬᠢᠲᠠᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号