ᠴᠥᠭᠡᠨ ᠪᠤᠰᠤ ᠬᠥᠮᠥᠰ ᠬᠤᠳᠠᠯᠳᠤᠨ ᠠᠪᠤᠪᠠᠯ ᠥᠰᠦᠨ᠎ᠡ ᠬᠤᠳᠠᠯᠳᠤᠨ ᠠᠪᠬᠤ ᠦᠭᠡᠢ ᠪᠣᠯ ᠪᠠᠭᠤᠷᠠᠨ᠎ᠠ ᠭᠡᠬᠦ | ᠪᠣᠳᠣᠯ ᠢᠶᠠᠷ ᠠᠯᠳᠠ ᠬᠤᠳᠠᠯᠳᠤᠨ ᠠᠪᠴᠤ ᠪᠠᠶᠢᠨ᠎ᠠ᠃ ᠲᠦᠷᠦᠭᠦᠦ ᠭᠠᠷᠠᠭ ᠤᠨ ᠰᠡᠭᠦᠯᠴᠢ ᠪᠠᠷ ᠬᠠᠩᠵᠧᠦ ᠶᠢᠨ | ᠯᠢᠨᠫᠢᠩ ᠤᠨ ᠨᠢᠭᠡᠨ ᠨᠡᠷᠡᠲᠦ ᠲᠡᠮᠳᠡᠭᠲᠦ ᠶᠢᠨ ᠠᠯᠲᠠᠨ ᠤ ᠳᠡᠯᠭᠡᠭᠦᠷ ᠠᠴᠠ ᠨᠢᠭᠡᠨ ᠵᠣᠴᠢᠨ ᠨᠢᠭᠡ ᠯᠡ ᠳᠡᠭᠡᠷ᠎ᠡ 3 | ᠰᠠᠪᠠᠭ᠎ᠠ ᠠᠯᠲᠠ ᠬᠤᠳᠠᠯᠳᠤᠨ ᠠᠪᠴᠠᠢ᠂ ᠡᠨᠡ ᠨᠢ ᠨᠡᠶᠢᠲᠡ 300 ᠭᠷᠡᠮ ᠪᠠᠶᠢᠪᠠ᠂ ᠲᠤᠬᠠᠢ ᠶᠢᠨ ᠡᠳᠦᠷ ᠤᠨ | ᠠᠯᠲᠠᠨ ᠤ ᠦᠨ᠎ᠡ ᠨᠢ ᠭᠷᠡᠮ ᠪᠦᠷᠢ ᠳᠡᠭᠡᠨ 735 ᠲᠥᠭᠦᠷᠢᠭ ᠪᠠᠶᠢᠵᠤ᠂ ᠰᠠᠪᠠᠭ᠎ᠠ ᠠᠯᠲᠠᠨ ᠤ ᠦᠨ᠎ᠡ ᠨᠢ ᠭᠷᠡᠮ | ᠪᠦᠷᠢ ᠳᠡᠭᠡᠨ 646 ᠲᠥᠭᠦᠷᠢᠭ ᠪᠠᠶᠢᠵᠤ᠂ 3 ᠰᠠᠪᠠᠭ᠎ᠠ ᠠᠯᠲᠠ ᠶᠢ ᠬᠤᠳᠠᠯᠳᠤᠨ ᠠᠪᠬᠤ ᠳᠤ193800 ᠲᠥᠭᠦᠷᠢᠭ | ᠵᠠᠷᠤᠵᠠᠢ᠃ | 7 ᠰᠠᠷ᠎ᠠ ᠶᠢᠨ 15 ᠤ ᠡᠳᠦᠷ ᠡᠯ᠎ᠡ ᠨᠡᠷᠡᠲᠦ ᠲᠡᠮᠳᠡᠭ ᠤᠨ ᠠᠯᠲᠠᠨ ᠤ ᠵᠢᠵᠢᠭᠯᠡᠨ ᠬᠤᠳᠠᠯᠳᠤᠬᠤ ᠦᠨ᠎ᠡ ᠨᠢ | ᠥᠨᠳᠥᠷ ᠦᠨ᠎ᠡ ᠪᠠᠨ ᠪᠠᠲᠤᠯᠠᠵᠤ ᠪᠠᠶᠢᠪᠠ᠃ ᠬᠤᠯᠪᠣᠭᠳᠠᠯ ᠪᠦᠬᠦᠢ ᠰᠦᠯᠵᠢᠶᠡᠨ ᠤ ᠪᠦᠷᠢᠳᠬᠡᠯ ᠢ ᠦᠨᠳᠦᠰᠦᠯᠡᠪᠡᠯ᠂ | ᠣᠳᠣᠬᠠᠨ ᠳᠤ ᠠᠯᠲᠠᠨ ᠤ ᠵᠠᠰᠠᠯ ᠵᠢᠮᠰᠡᠭ ᠤᠨ ᠦᠨ᠎ᠡ ᠭᠷᠡᠮ ᠪᠦᠷᠢ ᠳᠡᠭᠡᠨ 590 ᠲᠥᠭᠦᠷᠢᠭ ᠠᠴᠠ 735 | ᠲᠥᠭᠦᠷᠢᠭ ᠤᠨ ᠬᠤᠭᠤᠷᠣᠨᠳᠤ ︵ᠬᠥᠯᠥᠰᠦ ᠥᠷᠲᠡᠭ ᠤᠨ ᠵᠠᠷᠤᠳᠠᠯ ᠪᠠᠭᠲᠠᠬᠤ ᠦᠭᠡᠢ︶ ᠪᠠᠶᠢᠵᠤ᠂ ᠪᠡᠯᠡ | ᠣᠷᠣᠭᠤᠯᠤᠯᠲᠠ ᠶᠢᠨ ᠰᠠᠪᠠᠭ᠎ᠠ ᠠᠯᠲᠠᠨ ᠤ ᠦᠨ᠎ᠡ ᠭᠷᠡᠮ ᠪᠦᠷᠢ ᠳᠡᠭᠡᠨ 580 ᠲᠥᠭᠦᠷᠢᠭ ᠣᠷᠴᠢᠮ ᠪᠠᠶᠢᠵᠤ᠂ | ᠮᠥᠩᠭᠦᠨ ᠤ ᠦᠨ᠎ᠡ ᠨᠢ ᠭᠷᠡᠮ ᠪᠦᠷᠢ ᠳᠡᠭᠡᠨ 7.5 ᠲᠥᠭᠦᠷᠢᠭ ᠪᠣᠯᠣᠨ᠎ᠠ᠃ | ᠰᠤᠷᠪᠤᠯᠵᠢᠯᠠᠭᠴᠢ ᠯᠢᠨ ᠫᠢᠩ ᠤᠨ ᠰᠦᠯᠵᠢᠶᠡᠨ ᠤ ᠭᠠᠳᠠᠨᠠᠬᠢ ᠠᠯᠲᠠᠨ ᠤ ᠳᠡᠯᠭᠡᠭᠦᠷ ᠢᠶᠠᠷ ᠶᠠᠪᠤᠵᠤ | ᠰᠤᠷᠪᠤᠯᠵᠢᠯᠠᠬᠤ ᠳᠤ᠂ ᠨᠢᠭᠡᠨ ᠠᠯᠲᠠᠨ ᠤ ᠳᠡᠯᠭᠡᠭᠦᠷ ᠤᠨ ᠪᠣᠷᠣᠯᠠᠭᠤᠯᠤᠭᠴᠢ᠄ ᠡᠨᠡ ᠵᠢᠯ ᠡᠬᠢᠯᠡᠭᠰᠡᠨ ᠠᠴᠠ ᠨᠠᠭᠠᠰᠢ | ᠠᠯᠲᠠᠨ ᠤ ᠦᠨ᠎ᠡ ᠨᠢ ᠭᠷᠡᠮ ᠪᠦᠷᠢ ᠳᠡᠭᠡᠨ 700 ᠲᠥᠭᠦᠷᠢᠭ ᠭᠠᠷᠤᠢ ᠪᠣᠯᠣᠭᠠᠳ ᠨᠡᠯᠢᠶᠡᠳ ᠤᠳᠠᠵᠤ ᠪᠠᠶᠢᠨ᠎ᠠ᠂ | ᠥᠴᠥᠭᠡᠳᠦᠷ ᠠᠯᠲᠠᠨ ᠤ ᠵᠠᠰᠠᠯ ᠵᠢᠮᠰᠡᠭ ᠤᠨ ᠦᠨ᠎ᠡ ᠭᠷᠡᠮ ᠪᠦᠷᠢ ᠳᠡᠭᠡᠨ 735 ᠲᠥᠭᠦᠷᠢᠭ ︵ᠬᠥᠯᠥᠰᠦ | ᠥᠷᠲᠡᠭ ᠤᠨ ᠵᠠᠷᠤᠳᠠᠯ ᠪᠠᠭᠲᠠᠬᠤ ᠦᠭᠡᠢ︶᠂ ᠪᠡᠯᠡ ᠣᠷᠣᠭᠤᠯᠤᠯᠲᠠ ᠶᠢᠨ ᠰᠠᠪᠠᠭ᠎ᠠ ᠠᠯᠲᠠᠨ ᠤ ᠦᠨ᠎ᠡ ᠭᠷᠡᠮ | ᠪᠦᠷᠢ ᠳᠡᠭᠡᠨ 646 ᠲᠥᠭᠦᠷᠢᠭ ᠪᠣᠯᠣᠨ᠎ᠠ ᠭᠡᠵᠦ ᠬᠡᠯᠡᠪᠡ᠃ | ᠶᠢᠨ ᠲᠠᠢ ᠬᠤᠭᠤᠴᠠᠭᠠᠲᠤ ᠪᠠᠷᠠᠭᠠᠨ ᠤ ᠰᠤᠳᠤᠯᠭᠠᠨ ᠤ ᠮᠡᠳᠡᠭᠦᠯᠦᠯᠲᠡ ᠠᠴᠠ ᠦᠵᠡᠪᠡᠯ᠂ ᠠᠮᠧᠷᠢᠺᠠ ᠶᠢᠨ 6 | ᠰᠠᠷ᠎ᠠ ᠶᠢᠨ CPI ᠨᠢ ᠵᠠᠬ᠎ᠠ ᠳᠡᠯᠭᠡᠭᠦᠷ ᠤᠨ ᠵᠢᠱᠢᠯᠲᠡ ᠠᠴᠠ ᠳᠣᠣᠷ᠎ᠠ ᠪᠠᠶᠢᠵᠤ᠂ ᠰᠢᠵᠢᠷ ᠠᠯᠲᠠᠨ ᠤ ᠦᠨ᠎ᠡ | ᠶᠡᠭᠡ ᠪᠠᠷ ᠥᠰᠴᠡᠢ᠃ | | | |