ᠲᠦᠷᠦᠭᠦᠬᠡᠨ᠂ ︽ᠤᠯᠤᠰ ᠲᠠᠭᠠᠨ ᠦᠢᠯᠡᠳᠪᠦᠷᠢᠯᠡᠭᠰᠡᠨ HPV ᠸᠠᠺᠼᠢᠨ ᠤ ᠦᠨ᠎ᠡ ᠨᠢ ᠬᠢᠮᠳᠠᠷᠠᠭᠠᠳ ᠨᠢᠭᠡ | ᠴᠣᠮᠣ ᠰᠦ ᠲᠠᠢ ᠴᠠᠢ ᠶᠢᠨ ᠦᠨ᠎ᠡ ᠲᠠᠢ ᠲᠡᠩᠴᠡᠪᠡ︾ ᠭᠡᠬᠦ ᠶᠠᠷᠢᠶ᠎ᠠ ᠨᠢ ᠪᠢᠴᠢᠯ ᠪᠯᠤᠭ ᠤᠨ ᠬᠠᠯᠠᠮᠰᠢᠯ ᠬᠠᠶᠢᠯᠲᠠ | ᠪᠣᠯᠤᠭᠰᠠᠨ ᠶᠠᠪᠤᠳᠠᠯ ᠨᠢ ᠣᠯᠠᠨ ᠤ ᠠᠩᠬᠠᠷᠤᠯ ᠢ ᠶᠡᠬᠡᠳᠡ ᠲᠠᠲᠠᠵᠤ ᠬᠠᠯᠠᠭᠤᠨ ᠶᠠᠷᠢᠯᠴᠠᠭ᠎ᠠ ᠪᠣᠯᠪᠠ᠃ | ᠣᠶᠢᠯᠠᠭᠠᠭᠰᠠᠨ ᠢᠶᠠᠷ᠂ ᠤᠯᠤᠰ ᠲᠠᠭᠠᠨ ᠦᠢᠯᠡᠳᠪᠦᠷᠢᠯᠡᠭᠰᠡᠨ ᠬᠤᠶᠠᠷ ᠸᠠᠯᠤᠨ᠋ᠲ ᠤᠨ ᠬᠥᠮᠥᠨ ᠤ ᠬᠥᠬᠦᠨᠴᠢᠷ | ᠬᠠᠪᠤᠳᠠᠷ ᠤᠨ ᠸᠢᠷᠦ᠋ᠰ ᠤᠨ ᠸᠠᠺᠼᠢᠨ ︵ᠬᠤᠶᠠᠷ ᠸᠠᠯᠤᠨ᠋ᠲ ᠤᠨ HPV︶ ᠤ ᠲᠠᠩ ᠰᠢᠷᠬᠡᠭ ᠤᠨ | ᠳᠠᠭᠠᠭᠠᠴᠢᠯᠠᠯᠲᠠ ᠶᠢᠨ ᠦᠨ᠎ᠡ ᠨᠢ ᠬᠢᠮᠳᠠᠷᠠᠭᠠᠳ 20 ᠭᠠᠷᠤᠢ ᠲᠥᠭᠦᠷᠢᠭ ᠪᠣᠯᠪᠠ᠃ ᠬᠢᠮᠳᠠᠷᠠᠯᠳᠠ ᠶᠢᠨ ᠬᠡᠮᠵᠢᠶ᠎ᠡ ᠨᠢ | ᠶᠢᠰᠦᠨ ᠬᠤᠪᠢ ᠰᠢᠬᠠᠮ ᠪᠣᠯᠵᠤ ᠦᠨ᠎ᠡ ᠬᠠᠩᠰᠢ ᠨᠢ 27.5 ᠲᠥᠭᠦᠷᠢᠭ ᠪᠣᠯᠵᠤ ᠬᠢᠮᠳᠠᠷᠠᠵᠠᠢ᠃ | ᠲᠦᠷᠦᠭᠦᠬᠡᠨ᠂ ᠱᠠᠨᠳᠦ᠋ᠩ ᠮᠤᠵᠢ ᠶᠢᠨ ᠣᠯᠠᠨ ᠨᠡᠶᠢᠲᠡ ᠶᠢᠨ ᠡᠬᠢ ᠪᠠᠶᠠᠯᠢᠭ ᠤᠨ ᠡᠯᠧᠺᠲᠷᠣᠨ ᠠᠷᠠᠯᠵᠢᠶᠠᠨ ᠤ | ᠲᠠᠪᠴᠠᠩ ᠠᠴᠠ ᠱᠠᠨᠳᠦ᠋ᠩ ᠮᠤᠵᠢ ᠶᠢᠨ 2024 ᠣᠨ ᠤ ᠰᠤᠷᠭᠠᠭᠤᠯᠢ ᠳᠤ ᠣᠷᠣᠬᠤ ᠨᠠᠰᠤᠨ ᠳᠤ ᠭᠦᠷᠦᠭᠰᠡᠨ | ᠥᠬᠢᠳ ᠤᠨ ᠬᠤᠶᠠᠷ ᠸᠠᠯᠤᠨ᠋ᠲ ᠤᠨ HPV ᠸᠠᠺᠼᠢᠨ ᠢ ᠬᠤᠳᠠᠯᠳᠤᠨ ᠠᠪᠬᠤ ᠠᠷᠠᠯᠵᠢᠶ᠎ᠠ ᠪᠦᠲᠦᠭᠰᠡᠨ ᠠᠯᠪᠠᠨ | ᠵᠠᠷ ᠢ ᠨᠡᠶᠢᠲᠡᠯᠡᠪᠡ᠃ ᠡᠭᠦᠨ ᠳᠤ᠂ ᠸᠤᠷᠰᠤᠨ ᠠᠮᠢᠳᠤ ᠪᠣᠳᠠᠰ ᠤᠨ ᠬᠤᠪᠢᠶᠠᠷᠢ ᠺᠣᠮᠫᠠᠨᠢ ᠶᠢᠨ ᠽᠧ ᠷᠦᠨ ᠠᠮᠢᠳᠤ | ᠪᠣᠳᠠᠰ ᠤᠨ ᠺᠣᠮᠫᠠᠨᠢ ᠨᠢ ᠪᠠᠷᠤᠭ 2794. 65 ᠲᠦᠮᠡᠨ ᠲᠥᠭᠦᠷᠢᠭ ᠢᠶᠠᠷ 101.62 ᠲᠦᠮᠡᠨ ᠰᠢᠷᠬᠡᠭ ᠤᠨ | ᠳᠠᠭᠠᠭᠠᠴᠢᠯᠠᠯᠲᠠ ᠶᠢ ᠣᠯᠪᠠ᠃ ᠡᠭᠦᠨ ᠢᠶᠠᠷ ᠪᠤᠳᠤᠪᠠᠯ᠂ ᠬᠤᠶᠠᠷ ᠸᠠᠯᠤᠨ᠋ᠲ ᠤᠨ HPV ᠸᠠᠺᠼᠢᠨ ᠤ ᠲᠠᠩ | ᠰᠢᠷᠬᠡᠭ ᠤᠨ ᠳᠠᠭᠠᠭᠠᠴᠢᠯᠠᠯᠲᠠ ᠶᠢᠨ ᠦᠨ᠎ᠡ ᠨᠢ ᠨᠢᠭᠡᠨᠲᠡ 27.5 ᠲᠥᠭᠦᠷᠢᠭ ᠪᠣᠯᠵᠤ ᠬᠢᠮᠳᠠᠷᠠᠭᠰᠠᠨ ᠪᠠᠶᠢᠨ᠎ᠠ | | |