ᠢᠨᠢᠶᠡᠮᠰᠦᠭ ᠴᠢᠷᠠᠢ᠂ ᠥᠭᠡᠳᠡᠷᠬᠡᠭ ᠪᠤᠳᠤᠯ ᠪᠣᠯ ᠦᠢᠯᠡᠰ ᠪᠦᠲᠦᠭᠡᠬᠦ ᠶᠢᠨ ᠡᠬᠢᠯᠡᠯᠳᠡ ᠮᠥᠨ
ᠨᠡᠶᠢᠲᠡᠯᠡᠭᠰᠡᠨ ᠴᠠᠭ᠄
2024/8/20

    ᠬᠥᠮᠥᠰ ᠠᠯᠤᠰ ᠬᠡᠳᠤ ᠶᠢᠨ ᠬᠠᠷᠠᠯᠲᠠ ᠲᠠᠢ ᠪᠠᠶᠢᠳᠠᠭ᠃ ᠭᠡᠬᠦ ᠳᠤ ᠲᠡᠷᠡ ᠬᠠᠷᠠᠯᠲᠠ ᠳᠤ ᠪᠠᠨ ᠬᠦᠷᠦᠭᠰᠡᠳ

ᠴᠥᠭᠡᠩᠬᠢ ᠲᠤᠭ᠎ᠠ ᠶᠢ ᠡᠵᠡᠯᠡᠳᠡᠭ᠃ ᠣᠯᠠᠩᠬᠢ ᠬᠥᠮᠥᠰ ᠠᠯᠤᠰ ᠤᠨ ᠬᠠᠷᠠᠯᠲᠠ ᠪᠠᠨ ᠪᠡᠶᠡᠯᠡᠭᠦᠯᠬᠦ ᠪᠠᠷ ᠲᠡᠮᠡᠴᠡᠵᠦ

ᠪᠠᠶᠢᠭ᠎ᠠ ᠶᠠᠪᠤᠴᠠ ᠳᠤᠮᠳᠠ ᠪᠠᠨ ᠲᠠᠰᠤᠷᠠᠯᠳᠠ ᠦᠭᠡᠢ ᠬᠠᠷᠠᠯᠲᠠ ᠪᠠᠨ ᠰᠢᠯᠵᠢᠭᠦᠯᠦᠭᠰᠡᠨ ᠪᠤᠶᠤ ᠪᠠᠷᠢᠮᠲᠠᠯᠠᠭᠰᠠᠨ

ᠦᠭᠡᠢ ᠶᠢᠨ ᠤᠴᠢᠷ ᠠᠴᠠ ᠪᠣᠯᠵᠤ ᠬᠦᠰᠡᠯ ᠢᠶᠠᠨ ᠪᠡᠶᠡᠯᠡᠭᠦᠯᠵᠦ ᠳᠡᠶᠢᠯᠦᠭᠰᠡᠨ ᠦᠭᠡᠢ ᠪᠠᠶᠢᠳᠠᠭ᠃ ᠡᠨᠡ ᠪᠣᠯ ᠦᠢᠯᠡᠰ

ᠪᠦᠲᠦᠭᠡᠬᠦ ᠶᠠᠪᠤᠴᠠ ᠳᠤᠮᠳᠠᠬᠢ ᠲᠡᠰᠪᠦᠷᠢ ᠬᠠᠲᠠᠭᠤᠵᠢᠯ ᠤᠨ ᠤᠴᠢᠷ ᠪᠢᠯᠡ᠃ ᠭᠡᠬᠦ ᠳᠤ ᠢᠨᠢᠶᠡᠮᠰᠦᠭ ᠴᠢᠷᠠᠢ᠂

ᠥᠭᠡᠳᠡᠷᠬᠡᠭ ᠪᠤᠳᠤᠯ ᠪᠣᠯ ᠮᠥᠨ ᠴᠤ ᠦᠢᠯᠡᠰ ᠪᠦᠲᠦᠭᠡᠬᠦ ᠶᠢᠨ ᠡᠬᠢᠯᠡᠯᠳᠡ ᠮᠥᠨ ᠪᠢᠯᠡ᠃ ᠬᠦᠰᠡᠯᠡᠩᠲᠦ

ᠦᠢᠯᠡᠰ ᠢᠶᠠᠨ ᠪᠦᠲᠦᠭᠡᠶ᠎ᠡ ᠭᠡᠬᠦ ᠳᠤ ᠶᠡᠷᠦᠳᠡᠭᠡᠨ ᠣᠷᠴᠢᠨ ᠲᠣᠭᠤᠷᠢᠨ ᠪᠠ ᠬᠤᠪᠢ ᠬᠥᠮᠥᠨ ᠤ ᠬᠤᠭᠤᠷᠤᠨᠳᠤᠬᠢ

ᠬᠠᠷᠢᠴᠠᠭ᠎ᠠ ᠠᠴᠠ ᠪᠤᠯᠳᠠᠭ᠃ ᠨᠢᠭᠡ ᠬᠥᠮᠥᠨ ᠣᠷᠴᠢᠨ ᠲᠣᠭᠤᠷᠢᠨ ᠳᠤ ᠪᠠᠨ ᠬᠡᠷᠬᠢᠨ ᠬᠠᠨᠳᠤᠬᠤ ᠬᠡᠳᠡᠭ ᠨᠢ ᠦᠢᠯᠡᠰ

ᠪᠦᠲᠦᠭᠡᠬᠦ ᠶᠢᠨ ᠬᠢᠨᠢ ᠬᠠᠭᠠᠰ ᠢ ᠡᠵᠡᠯᠡᠵᠦ ᠪᠠᠶᠢᠳᠠᠭ᠃ ᠶᠠᠮᠠᠷ ᠰᠠᠶᠢᠨ ᠣᠷᠴᠢᠨ ᠳᠤ ᠣᠴᠢᠯ᠎ᠠ ᠴᠤ ᠭᠡᠰᠡᠨ ᠣᠪᠣᠷ

ᠰᠤᠷᠲᠠᠯ ᠴᠢᠨᠢ ᠠᠨᠠᠢ ᠪᠠᠶᠢᠵᠤ ᠰᠠᠶᠢᠨ ᠣᠷᠴᠢᠨ ᠪᠢᠰᠢ ᠭᠡᠵᠦ ᠪᠤᠳᠤᠨ ᠣᠷᠴᠢᠨ ᠲᠣᠭᠤᠷᠢᠨ ᠳᠤ ᠪᠠᠨ ᠬᠠᠨᠳᠤᠪᠠᠯ

ᠣᠷᠴᠢᠨ ᠲᠣᠭᠤᠷᠢᠨ ᠨᠢ ᠴᠤ ᠴᠢᠮ᠎ᠠ ᠳᠤ ᠠᠨᠠᠢ ᠬᠠᠨᠳᠤᠳᠠᠭ᠃ ᠲᠡᠬᠡᠬᠦᠯᠡᠷ ᠦᠢᠯᠡᠰ ᠬᠦᠰᠡᠯ ᠴᠢᠨᠢ ᠪᠡᠶᠡᠯᠡᠭᠳᠡᠵᠦ

ᠴᠢᠳᠠᠬᠤ ᠦᠭᠡᠢ ᠬᠠᠭᠠᠴᠠ ᠳᠤ ᠤᠴᠠᠷᠠᠭᠠᠳ ᠯᠠ ᠪᠠᠶᠢᠳᠠᠭ᠃ ᠲᠤᠮᠳᠠᠳᠤ ᠤᠯᠤᠰ ᠤᠨ ᠨᠢᠭᠡ ᠡᠯᠴᠢᠨ ᠡᠸᠦ᠋ᠷᠦᠫᠡ ᠳᠤ

ᠠᠶᠢᠯᠴᠢᠯᠠᠭᠰᠠᠨ ᠦᠯᠢᠬᠡᠷ ᠪᠠᠶᠢᠳᠠᠭ᠃ ᠠᠩᠬ᠎ᠠ ᠠᠶᠢᠯᠴᠢᠯᠠᠬᠤ ᠳᠤ ᠣᠪᠣᠷ ᠰᠤᠷᠲᠠᠯ ᠢᠶᠠᠨ ᠲᠥᠪ ᠬᠢᠨᠠᠮᠠᠭᠠᠢ ᠪᠤᠯᠭᠠᠵᠤ

ᠶᠠᠪᠤᠭᠰᠠᠨ ᠠᠴᠠ ᠪᠤᠴᠠᠭᠠᠳ ᠢᠷᠡᠬᠦ ᠳᠤ ᠪᠠᠨ ᠶᠡᠬᠡᠳᠡ ᠭᠠᠶᠢᠬᠠᠵᠤ ᠡᠨᠡ ᠡᠸᠦ᠋ᠷᠦᠫᠡ ᠶᠢᠨ ᠬᠥᠮᠥᠰ ᠶᠠᠭᠠᠬᠢᠭᠠᠳ

ᠢᠨᠢᠶᠡᠳᠡᠭ ᠦᠭᠡᠢ ᠪᠤᠢ ᠭᠡᠰᠡᠨ ᠪᠤᠳᠤᠯ ᠣᠷᠣᠭᠠᠳ ᠲᠠᠭᠠᠭᠰᠠᠳ ᠠᠴᠠ ᠪᠠᠨ ᠠᠰᠠᠭᠤᠬᠤᠯᠠᠷ ᠲᠠᠭᠠᠭᠰᠠᠳ ᠨᠢ᠄ ᠲᠠ

ᠴᠤ ᠨᠢᠭᠡ ᠴᠤ ᠢᠨᠢᠶᠡᠭᠰᠡᠨ ᠦᠭᠡᠢ ᠰᠢᠤ ᠭᠡᠵᠦ ᠬᠠᠷᠢᠭᠤᠯᠵᠠᠢ᠃ ᠡᠭᠦᠨ ᠳᠤ ᠨᠦᠬᠦᠬᠡ ᠡᠯᠴᠢᠨ ᠲᠠᠬᠢᠨ ᠤᠳᠠᠭ᠎ᠠ

ᠠᠶᠢᠯᠴᠢᠯᠠᠬᠤ ᠳᠤ ᠪᠠᠨ ᠢᠨᠢᠶᠡᠮᠰᠦᠭ ᠴᠢᠷᠠᠢ ᠲᠠᠢ ᠶᠠᠪᠤᠵᠤ ᠶᠦᠮᠦᠷᠯᠢᠭ ᠬᠠᠨᠳᠤᠭᠰᠠᠨ ᠠᠴᠠ ᠡᠸᠦ᠋ᠷᠦᠫᠡ  ᠶᠢᠨ

ᠬᠥᠮᠥᠰ ᠲᠡᠭᠦᠨ ᠠᠴᠠ ᠨᠡᠩ ᠢᠯᠡᠭᠦᠦ ᠢᠨᠢᠶᠡᠮᠰᠦᠭ ᠤᠭᠲᠤᠯ᠎ᠠ ᠭᠡᠰᠡᠨ ᠪᠠᠶᠢᠳᠠᠭ᠃ ᠴᠢ ᠬᠥᠮᠥᠨ ᠳᠤ ᠬᠡᠷᠬᠢᠨ

ᠬᠠᠨᠳᠤᠪᠠᠯ ᠬᠥᠮᠥᠨ ᠴᠢᠮ᠎ᠠ ᠳᠤ ᠬᠡᠷᠬᠢᠨ ᠬᠠᠨᠳᠤᠨ᠎ᠠ ᠭᠡᠰᠡᠨ ᠦᠭᠡ ᠨᠢ ᠶᠠᠭ ᠡᠭᠦᠨ ᠢ ᠣᠨᠣᠭᠠᠭᠰᠠᠨ ᠳ᠋ᠠ᠃

ᠲᠡᠬᠡᠬᠦᠯᠡᠷ ᠬᠥᠮᠥᠰ ᠲᠤ ᠬᠠᠨᠳᠤᠬᠤ ᠳᠤ ᠪᠠᠨ ᠬᠡᠵᠢᠶᠡᠳᠡ ᠢᠨᠢᠶᠡᠮᠰᠦᠭ ᠴᠢᠷᠠᠢ ᠲᠠᠢ ᠪᠠᠶᠢᠵᠤ ᠠᠵᠢᠯ ᠦᠢᠯᠡᠰ ᠢᠶᠠᠨ

ᠯᠠᠪᠲᠠᠢ ᠪᠦᠲᠦᠵᠦ ᠤᠷᠤᠭᠰᠢᠲᠠᠢ ᠪᠣᠯᠣᠨ᠎ᠠ ᠭᠡᠵᠦ ᠥᠭᠡᠳᠡᠷᠬᠡᠭ ᠪᠤᠳᠤᠯ ᠢᠶᠠᠷ ᠬᠠᠨᠳᠤᠪᠠᠯ ᠬᠦᠰᠡᠯᠡᠩᠲᠦ

ᠦᠢᠯᠡᠰ ᠢᠶᠠᠨ ᠪᠡᠶᠡᠯᠡᠭᠦᠯᠬᠦ ᠳᠠᠪᠠᠭᠤᠯᠢᠭ  ᠲᠠᠯ᠎ᠠ  ᠶᠢ  ᠠᠳᠬᠤᠴᠢᠬᠠᠭᠰᠠᠨ  ᠤᠴᠢᠷ ᠲᠠᠢ᠃ ᠡᠶᠢᠮᠦ ᠠᠴᠠ

ᠢᠨᠢᠶᠡᠮᠰᠦᠭ ᠴᠢᠷᠠᠢ᠂ ᠥᠭᠡᠳᠡᠷᠬᠡᠭ ᠪᠤᠳᠤᠯ ᠪᠣᠯ ᠬᠥᠮᠥᠰ ᠤᠨ ᠨᠢᠭᠡ ᠵᠦᠢᠯ ᠤᠨ ᠰᠡᠳᠬᠢᠴᠡ ᠶᠢᠨ ᠬᠡᠯᠪᠡᠷᠢ ᠮᠥᠷᠲᠡᠭᠡᠨ

ᠤᠬᠠᠮᠰᠠᠷ ᠤᠨ ᠠᠰᠠᠭᠤᠳᠠᠯ ᠮᠥᠨ᠃ ᠬᠥᠮᠥᠰ ᠤᠨ ᠬᠦᠰᠡᠯ ᠬᠢᠰᠠᠯ ᠪᠣᠯ ᠬᠡᠵᠢᠶᠡᠳᠡ ᠲᠦᠬᠦᠷᠡᠰᠢ ᠦᠭᠡᠢ ᠭᠦᠨ ᠠᠩ

ᠮᠥᠨ᠃ ᠲᠡᠭᠦᠨ ᠢᠶᠠᠨ ᠳᠦᠭᠦᠷᠭᠡᠵᠦ ᠶᠠᠪᠤᠶ᠎ᠠ ᠭᠡᠪᠡᠯ ᠴᠢᠨᠦ ᠣᠷᠴᠢᠨ ᠪᠠᠶᠢᠳᠠᠯ ᠬᠡᠳᠦᠢ ᠮᠠᠭᠤ᠂ ᠬᠡᠳᠦᠢ ᠬᠦᠴᠢᠷ

ᠪᠡᠷᠬᠡᠰᠢᠶᠡᠯ ᠲᠠᠢ ᠪᠠᠶᠢᠯ᠎ᠠ ᠴᠤ ᠭᠡᠰᠡᠨ ᠣᠪᠣᠷ ᠰᠤᠷᠲᠠᠯ ᠢᠶᠠᠨ ᠲᠥᠪ ᠪᠤᠯᠭᠠᠵᠤ ᠢᠨᠢᠶᠡᠮᠰᠦᠭ ᠴᠢᠷᠠᠢ ᠥᠭᠡᠳᠡᠷᠬᠡᠭ

ᠪᠤᠳᠤᠯ ᠢᠶᠠᠷ ᠬᠠᠨᠳᠤᠨ ᠨᠢᠭᠡ ᠰᠡᠳᠬᠢᠯ ᠢᠶᠠᠷ ᠬᠦᠴᠦᠯᠡᠨ ᠴᠢᠷᠮᠠᠶᠢᠳᠠᠭ ᠯᠠ ᠶᠤᠮ ᠪᠣᠯ ᠪᠠᠷᠲᠠᠭᠠᠲᠤ ᠵᠠᠮ ᠢ ᠲᠤᠭᠤᠯᠤᠨ

ᠬᠦᠷᠤᠶ᠎ᠠ ᠭᠡᠰᠡᠨ ᠨᠣᠶᠠᠨ ᠤᠷᠬᠢᠯ ᠳᠤ ᠪᠠᠨ ᠯᠠᠪᠲᠠᠢ ᠬᠦᠷᠴᠦ ᠴᠢᠳᠠᠬᠤ ᠶᠤᠮ᠃

 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号