ᠭᠠᠷᠠᠭ ᠪᠦᠷᠢ ᠬᠡᠳᠦᠢ ᠵᠢᠭᠠᠰᠤ ᠢᠳᠡᠪᠡᠯ ᠲᠣᠬᠢᠷᠠᠮᠵᠢᠲᠠᠢ ᠪᠤᠢ︖ | ︽ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ ᠵᠦᠭᠯᠡᠭᠦᠷ ︵2022︶︾ ᠲᠤ | ᠰᠠᠨᠠᠭᠤᠯᠤᠭᠰᠠᠨ ᠨᠢ᠂ ᠭᠠᠷᠠᠭ ᠪᠦᠷᠢ ᠬᠤᠶᠠᠷ ᠤᠳᠠᠭ᠎ᠠ ᠵᠢᠭᠠᠰᠤ ᠢᠳᠡᠬᠦ ᠪᠤᠶᠤ 300 ~ 500 ᠭᠷᠡᠮ ᠵᠢᠭᠠᠰᠤ | ᠢᠳᠡᠪᠡᠯ ᠬᠠᠮᠤᠭ ᠰᠠᠶᠢᠨ᠂ ᠬᠡᠷᠪᠡ ᠡᠳᠦᠷ ᠪᠦᠷᠢ 40 ~75 ᠭᠷᠡᠮ ᠤᠰᠤᠨ ᠭᠠᠷᠤᠯᠲᠠ ᠶᠢᠨ ᠲᠥᠷᠥᠯ ᠤᠨ ᠢᠳᠡᠭᠡᠨ | ᠢᠳᠡᠪᠡᠯ ᠨᠠᠩ ᠰᠠᠶᠢᠨ ᠶᠤᠮ᠃ | ᠵᠢᠭᠠᠰᠤᠨ ᠤ ᠭᠤᠷᠪᠠᠨ ᠶᠡᠭᠡ ᠰᠢᠮ᠎ᠡ ᠲᠡᠵᠢᠭᠡᠯ᠄ 1.ᠤᠭᠤᠷᠠᠭ ᠶᠡᠬᠡᠲᠡᠢ᠂ ᠥᠭᠡᠬᠦ ᠪᠠᠭ᠎ᠠ ᠪᠠᠶᠢᠳᠠᠭ᠂ 2. ᠬᠠᠨᠤᠮᠠᠯ | ᠪᠤᠰᠤ ᠥᠭᠡᠬᠦᠨ ᠬᠦᠴᠢᠯ ᠡᠯᠪᠡᠭ ᠠᠭᠤᠯᠤᠭᠳᠠᠵᠤ ᠪᠠᠶᠢᠳᠠᠭ᠂3. ᠸᠢᠲ᠋ᠠᠮᠢᠨ ᠪᠠ ᠡᠷᠦᠳᠡᠰᠦ ᠪᠣᠳᠠᠰ ᠤᠨ | ᠠᠭᠤᠯᠤᠭᠳᠠᠴᠠ ᠡᠯᠪᠡᠭ ᠪᠠᠶᠢᠳᠠᠭ᠃ | ᠡᠨᠡ ᠭᠤᠷᠪᠠᠨ ᠵᠦᠢᠯ ᠤᠨ ᠵᠢᠭᠠᠰᠤ ᠶᠢ ᠪᠢᠲᠡᠭᠡᠢ ᠢᠳᠡ | 1. ᠰᠠᠶᠢᠲᠤᠷ ᠴᠢᠨᠠᠵᠤ ᠪᠣᠯᠭᠤᠭᠰᠠᠨ ᠦᠭᠡᠢ ᠵᠢᠭᠠᠰᠤ | ᠰᠠᠶᠢᠲᠤᠷ ᠴᠢᠨᠠᠵᠤ ᠪᠣᠯᠭᠤᠭᠰᠠᠨ ᠦᠭᠡᠢ ᠵᠢᠭᠠᠰᠤ ᠶᠢ ᠢᠳᠡᠪᠡᠯ ᠬᠥᠮᠥᠨ ᠤ ᠪᠡᠶ᠎ᠡ ᠳᠤ ᠰᠢᠮᠡᠭᠦᠷ ᠬᠤᠷᠣᠬᠠᠢ | ᠬᠠᠯᠳᠠᠪᠤᠷᠢᠯᠠᠭᠳᠠᠳᠠᠭ᠃ | 2. ᠲᠣᠰᠣᠨ ᠳᠤ ᠬᠡᠲᠦᠷᠡᠲᠡᠯ᠎ᠡ ᠪᠤᠴᠠᠯᠭᠠᠭᠰᠠᠨ ᠵᠢᠭᠠᠰᠤ | ᠵᠢᠭᠠᠰᠤᠨ ᠤ ᠮᠢᠬ᠎ᠠ ᠶᠢ ᠥᠨᠳᠥᠷ ᠬᠠᠯᠠᠭᠤᠨ ᠢᠶᠠᠷ ᠬᠠᠭᠠᠷᠢᠪᠠᠯ ᠴᠢᠯᠦᠭᠡᠲᠦ ᠪᠦᠯᠦᠭ᠂ ᠪᠧᠨ᠋ᠽᠧᠨ ᠵᠡᠷᠭᠡ ᠬᠤᠣᠷᠲᠤ | ᠪᠣᠳᠠᠰ ᠬᠢᠭᠡᠳ ᠥᠮᠡᠨ ᠡᠭᠦᠰᠬᠡᠬᠦ ᠠᠮᠢᠨ ᠤ ᠬᠤᠯᠢᠮᠠᠭ ᠨᠢᠭᠡᠳᠪᠦᠷᠢ ᠶᠢ ᠪᠤᠢ ᠪᠣᠯᠭᠠᠳᠠᠭ᠃ | ᠳᠠᠷᠠᠭ᠎ᠠ ᠨᠢ ᠵᠢᠭᠠᠰᠤᠨ ᠤ ᠮᠢᠬᠠᠨ ᠳᠠᠬᠢ ᠤᠭᠤᠷᠠᠭ᠂ ᠸᠢᠲ᠋ᠠᠮᠢᠨ᠂ ᠡᠷᠦᠳᠡᠰᠦ ᠵᠡᠷᠭᠡ ᠨᠢ ᠥᠨᠳᠥᠷ ᠬᠠᠯᠠᠭᠤᠨ ᠢᠶᠠᠷ | ᠬᠠᠭᠠᠷᠢᠬᠤ ᠳᠤ ᠵᠣᠬᠢᠬᠤ ᠬᠡᠮᠵᠢᠶ᠎ᠡ ᠪᠠᠷ ᠡᠪᠳᠡᠭᠳᠡᠳᠡᠭ᠃ | 3.ᠳᠠᠪᠤᠰᠤᠯᠠᠭᠰᠠᠨ ᠵᠢᠭᠠᠰᠤ | ᠵᠢᠭᠠᠰᠤ ᠶᠢ ᠳᠠᠪᠤᠰᠤᠯᠠᠬᠤ ᠶᠠᠪᠤᠴᠠ ᠳᠤ ᠳᠤᠲᠠᠭᠤ ᠠᠽᠣᠲ ᠬᠦᠴᠢᠯ ᠤᠨ ᠳᠠᠪᠤᠰᠤ ᠨᠢ ᠳᠠᠪᠤᠰᠤᠯᠠᠭᠰᠠᠨ | ᠪᠦᠲᠦᠭᠡᠭᠳᠡᠬᠦᠨ ᠤ ᠤᠭᠤᠷᠠᠭ ᠤᠨ ᠪᠣᠳᠠᠰ ᠢ ᠵᠠᠳᠠᠷᠠᠭᠤᠯᠬᠤ ᠠᠮᠢᠨ ᠤ ᠲᠦᠷᠦᠯ ᠤᠨ ᠤᠷᠪᠠᠯ ᠢ ᠪᠦᠷᠢᠯᠳᠦᠭᠦᠯᠵᠦ᠂ | ᠳᠤᠲᠠᠭᠤ ᠠᠽᠣᠲ ᠠᠮᠢᠨ ᠢ ᠪᠤᠢ ᠪᠣᠯᠭᠠᠳᠠᠭ᠂ ᠡᠨᠡ ᠬᠦ ᠳᠤᠲᠠᠭᠤ ᠠᠽᠣᠲ ᠠᠮᠢᠨ ᠪᠣᠯ ᠨᠢᠭᠡ ᠵᠦᠢᠯ ᠤᠨ ᠥᠮᠡᠨ | ᠡᠭᠦᠰᠬᠡᠬᠦ ᠬᠦᠴᠦᠲᠡᠢ ᠪᠣᠳᠠᠰ ᠪᠣᠯᠣᠨ᠎ᠠ᠃ |